10. ᠵᠠᠮ ᠬᠠᠷᠢᠯᠴᠠᠭᠠᠨ ᠤ ᠡ᠊ᠨᠳᠡᠯ
ᠨᠡᠶᠢᠲᠡᠯᠡᠭᠰᠡᠨ ᠴᠠᠭ᠄
2015/11/17
        ︵1︶ ᠮᠠᠰᠢᠨ ᠲᠡᠷᠭᠡᠨ ᠳᠤ ᠰᠠᠭᠤᠭᠰᠠᠳ ᠤᠨ ᠰᠠᠨᠠᠭᠠᠨ ᠳᠤ ᠥᠭᠡᠢ ᠠᠳᠡᠯ        ᠮᠠᠰᠢᠨ ᠲᠡᠷᠭᠡᠨ ᠳᠤ ᠰᠠᠭᠤᠭᠰᠠᠳ ᠤᠨ ᠰᠠᠨᠠᠭᠠᠨ ᠳᠤ ᠥᠭᠡᠢ ᠡ᠊ᠨᠳᠡᠯ ᠨᠢ ᠪᠥᠭᠡᠮ ᠢᠶᠠᠷ ᠥᠬᠦᠵᠤ ᠪᠥᠭᠡᠮ ᠢᠶᠠᠷ ᠰᠢᠷᠬᠠᠳᠤᠬᠤ ᠬᠥᠨᠳᠤ ᠨᠤᠴᠢᠳᠠᠢ ᠥᠷ᠎ᠡ ᠳ᠋ᠥᠩ ᠢ ᠪᠤᠢ ᠪᠤᠯᠭᠠᠳᠠᠭ᠃ ᠮᠠᠰᠢᠨ ᠲᠡᠷᠭᠡᠨ ᠳᠤ ᠰᠠᠭᠤᠭᠰᠠᠳ ᠤᠨ ᠰᠠᠨᠠᠭᠠᠨ ᠳᠤ ᠥᠭᠡᠢ ᠠᠳᠡᠯ ᠤᠨ ᠪᠠᠴᠢᠮ ᠪᠠᠶᠢᠳᠠᠯ ᠢ ᠠᠷᠭᠠᠴᠠᠬᠤ ᠳᠤ᠄         ① ᠠᠶᠠᠨᠴᠢᠳ ᠮᠠᠰᠢᠨ ᠲᠡᠷᠭᠡᠨ ᠲᠤᠳᠤᠷ᠎ᠠ ᠭᠤᠮ ᠪᠤᠳᠠᠰ ᠰᠢᠳᠠᠵᠤ ᠪᠠᠶᠢᠭ᠎ᠠ ᠥᠨᠥᠷ ᠢ ᠥᠨᠥᠷᠳᠤᠬᠦ ᠪᠤᠶᠤ ᠶᠡᠷᠥ ᠪᠤᠰᠤ ᠶᠢᠨ ᠤᠳᠤᠭ᠎ᠠ ᠭᠠᠷᠴᠤ ᠪᠠᠶᠢᠬᠤ  ᠶᠢ ᠤᠯᠵᠤ ᠬᠠᠷᠠᠪᠠᠯ᠂ ᠵᠢᠯᠤᠭᠤᠴᠢ ᠳᠠᠭᠠᠨ ᠲᠡᠷᠦ᠋ᠢᠬᠠᠨ ᠮᠡᠳᠡᠭᠳᠡᠬᠦ ᠭᠡᠷᠡᠭᠳᠡᠢ᠃ ᠵᠢᠯᠤᠭᠤᠴᠢ ᠪᠠ ᠪᠢᠯᠧᠲ ᠬᠤᠳᠠᠯᠳᠤᠭᠴᠢ ᠨᠢ ᠲᠡᠷᠭᠡ ᠪᠠᠨ ᠵᠤᠭᠰᠤᠭᠠᠵᠤ ᠪᠠᠶᠢᠴᠠᠭᠠᠨ ᠥᠵᠡᠵᠤ᠂ ᠠᠶᠠᠨᠴᠢᠳ ᠢ ᠠᠮᠤᠷ ᠲᠥᠪᠰᠢᠨ ᠭᠠᠵᠠᠷ ᠲᠤ ᠲᠠᠷᠬᠠᠭᠠᠨ ᠰᠢᠯᠵᠢᠬᠦᠯᠵᠤ᠂ ᠡᠮᠬᠢ ᠲᠢᠭᠯᠢᠮ ᠲᠠᠢ ᠵᠠᠶᠢᠯᠠᠭᠤᠯᠬᠤ ᠶᠢᠨ ᠲᠠᠭᠠᠤ ᠨᠠᠰᠤᠳᠠᠳ᠂ ᠡᠮᠡᠭᠳᠡᠶᠢᠴᠤᠳ ᠪᠤᠯᠤᠨ ᠭᠡᠥᠭᠡᠳ ᠢ ᠬᠠᠯᠠᠮᠵᠢᠯᠠᠨ ᠬᠠᠮᠠᠭᠠᠯᠠᠬᠤ ᠬᠠᠷᠢᠭᠤᠴᠠᠯᠭ᠎ᠠ ᠲᠠᠢ᠃        ② ᠵᠢᠯᠤᠭᠤᠴᠢ ᠪᠠ ᠪᠢᠯᠧᠲ ᠬᠤᠳᠠᠯᠳᠤᠬᠴᠢ ᠨᠢ ᠬᠤᠶᠢᠨ᠎ᠠ ᠠᠴᠠ ᠲᠡᠷᠭᠡ ᠢᠷᠡᠬᠦ ᠵᠥᠭ ᠤᠨ 50~100m ᠤᠨ ᠭᠠᠵᠠᠷ ᠲᠤ ᠲᠤᠰᠬᠠᠢ ᠬᠡᠷᠡᠭᠯᠡᠭᠡᠨ ᠤ ᠰᠡᠷᠡᠮᠵᠢ ᠶᠢᠨ ᠲᠡᠮᠳᠡᠭ ᠲᠠᠯᠪᠢᠬᠤ ᠭᠡᠷᠡᠭᠳᠡᠢ᠃         ③ ᠵᠢᠯᠤᠭᠤᠴᠢ ᠪᠠ ᠪᠢᠯᠧᠲ ᠬᠤᠳᠠᠯᠳᠤᠭᠴᠢ ᠠᠶᠠᠨᠴᠢᠳ ᠠᠴᠠ ᠮᠥᠡᠭᠬᠦ ᠬᠤᠷᠢᠶᠠᠬᠤ ᠥᠭᠡᠢ ᠪᠠᠷ ᠠᠳᠠᠯᠢ ᠱᠤᠭᠤᠮ᠂ ᠠᠳᠠᠯᠢ ᠵᠥᠭ ᠤᠨ ᠲᠡᠷᠭᠡᠨ ᠳᠤ ᠰᠤᠯᠢᠵᠤ ᠰᠠᠭᠤᠯᠭᠠᠬᠤ ᠪᠤᠶᠤ ᠠᠰᠳᠠᠭᠠᠨ ᠲᠡᠷᠭᠡ ᠲᠤᠬᠢᠷᠠᠭᠤᠯᠤᠨ ᠰᠠᠭᠤᠯᠭᠠᠨ᠎ᠠ᠃         ④ ᠤᠯᠠᠨ ᠨᠡᠶᠢᠳᠡ ᠶᠢᠨ ᠮᠠᠰᠢᠨ ᠲᠡᠷᠭᠡᠨ ᠳᠤ ᠰᠠᠭᠤᠭᠠᠳ ᠭᠠᠯ ᠤᠨ ᠠᠶᠤᠯ ᠲᠤᠬᠢᠶᠠᠯᠳᠤᠪᠠᠯ᠂ ᠠᠶᠠᠨᠴᠢᠳ ᠲᠡᠷᠦ᠋ᠢᠬᠠᠨ ᠭᠠᠯ ᠭᠠᠷᠤᠭᠰᠠᠨ ᠲᠡᠷᠭᠡ ᠠᠴᠠ ᠵᠠᠶᠢᠯᠠᠵᠤ ᠲᠠᠷᠬᠠᠬᠤ ᠭᠡᠷᠡᠭᠳᠡᠢ᠂ ᠪᠥᠭᠡᠮᠨᠡᠷᠡᠯᠳᠥᠨ ᠥᠵᠡᠵᠤ ᠰᠤᠨᠢᠷᠬᠠᠵᠤ ᠪᠤᠯᠬᠤ ᠥᠭᠡᠢ᠃        ⑤ ᠤᠯᠠᠨ ᠨᠡᠶᠢᠳᠡ ᠶᠢᠨ ᠮᠠᠰᠢᠨ ᠲᠡᠷᠭᠡ ᠠᠶᠠᠯᠠᠵᠤ ᠪᠠᠶᠢᠭ᠎ᠠ ᠶᠠᠪᠤᠴᠠ ᠳᠤ ᠠᠶᠠᠨᠴᠢᠳ ᠭᠡᠷᠪᠡ ᠰᠡᠵᠢᠭᠳᠡᠢ ᠪᠤᠳᠠᠰ ᠢ ᠤᠯᠵᠤ ᠬᠠᠷᠠᠪᠠᠯ᠂ ᠲᠡᠷᠡ ᠲᠤᠤᠷ᠎ᠠ  ᠪᠠᠨ ᠵᠢᠯᠤᠭᠤᠴᠢ ᠪᠠ ᠪᠢᠯᠧᠲ ᠬᠤᠳᠠᠯᠳᠤᠭᠴᠢ ᠳᠤ ᠮᠡᠳᠡᠭᠳᠡᠬᠦ ᠶᠢᠨ ᠲᠠᠭᠠᠤ ᠠᠮᠤᠷ ᠲᠥᠪᠰᠢᠨ ᠪᠠᠶᠢᠷᠢᠨ ᠳᠤ ᠰᠢᠯᠵᠢᠬᠦ ᠭᠡᠷᠡᠭᠳᠡᠢ᠂ ᠲᠤᠷ᠎ᠠ ᠪᠠᠷ ᠢᠶᠠᠨ ᠰᠢᠢᠳᠪᠥᠷᠢᠯᠡᠵᠤ ᠤᠭᠳᠤ ᠪᠤᠯᠬᠤ ᠥᠭᠡᠢ᠃        ⑥ ᠥᠬᠦᠯ ᠰᠢᠷᠬᠠᠳᠤᠯ ᠭᠠᠷᠪᠠᠯ ᠲᠡᠷᠦ᠋ᠢᠬᠠᠨ ᠲᠥᠷᠭᠡᠨ ᠠᠪᠤᠷᠠᠯᠳᠠ ᠶᠢᠨ ᠤᠳᠠᠰᠤ ᠶᠢ ᠤᠳᠠᠰᠤᠳᠠᠬᠤ  ᠬᠡᠷᠡᠭᠳᠠᠢ᠃        ᠰᠠᠨᠠᠭᠤᠯᠬᠤ ᠨᠢ᠄        ① ᠮᠠᠰᠢᠨ ᠲᠡᠷᠭᠡᠨ ᠳᠤ ᠰᠠᠭᠤᠭᠰᠠᠳ ᠤᠨ ᠰᠠᠨᠠᠭᠠᠨ ᠳᠤ ᠥᠭᠡᠢ ᠡ᠊ᠨᠳᠡᠯ ᠡᠬᠦᠰᠪᠡᠯ᠂ ᠠᠶᠤᠨ ᠰᠤᠴᠢᠵᠤ᠂ ᠰᠢᠬᠠᠯᠳᠤᠨ ᠴᠢᠬᠢᠯᠳᠥᠵᠤ ᠪᠤᠯᠬᠤ ᠥᠭᠡᠢ᠃ ᠲᠡᠷᠦ᠋ᠢᠬᠠᠨ ᠴᠠᠭᠳᠠᠭ᠎ᠠ ᠳᠤ ᠮᠡᠳᠡᠬᠦᠯᠬᠦ ᠶᠢᠨ ᠲᠠᠭᠠᠤ ᠵᠢᠯᠤᠭᠤᠴᠢ ᠪᠢᠯᠧᠲ ᠬᠤᠳᠠᠯᠳᠤᠭᠴᠢ ᠶᠢᠨ ᠵᠢᠯᠤᠭᠤᠳᠤᠯᠭ᠎ᠠ ᠶᠢ ᠲᠠᠭᠠᠵᠤ᠂ ᠥᠪᠡᠷ ᠢ ᠪᠠᠨ ᠠᠪᠤᠷᠠᠬᠤ᠂ ᠬᠠᠷᠢᠯᠴᠠᠨ ᠠᠪᠤᠷᠠᠬᠤ ᠠᠵᠢᠯᠯᠠᠭ᠎ᠠ ᠶᠢ ᠢᠳᠡᠪᠬᠢᠳᠡᠢ ᠦᠷᠨᠢᠭᠦᠯᠦᠨ᠎ᠡ᠃        ② ᠠᠶᠠᠯᠠᠵᠤ ᠪᠠᠶᠢᠭ᠎ᠠ ᠮᠠᠰᠢᠨ ᠲᠡᠷᠭᠡᠨ ᠤ ᠲᠤᠳᠤᠷ᠎ᠠ ᠭᠡᠥᠭᠡᠳ ᠢ ᠬᠥᠶᠥᠵᠤ ᠲᠤᠭᠯᠠᠭᠤᠯᠬᠤ ᠪᠠ ᠨᠠᠭᠠᠳᠤᠭᠤᠯᠵᠤ ᠪᠤᠯᠬᠤ ᠥᠭᠡᠢ᠃        ︵2︶ ᠶᠠᠪᠠᠭᠠᠨ ᠬᠥᠮᠥᠨ ᠤ ᠵᠠᠮ ᠬᠠᠷᠢᠯᠴᠠᠭᠠᠨ ᠤ ᠡ᠊ᠨᠳᠡᠯ ᠶᠠᠪᠠᠭᠠᠨ ᠬᠥᠮᠥᠨ ᠪᠤᠯ ᠵᠠᠮ ᠬᠠᠷᠢᠯᠴᠠᠭᠠᠨ ᠤ ᠡ᠊ᠨᠳᠡᠯ ᠤᠨ ᠲᠤᠳᠤᠷᠠᠭᠢ ᠪᠠᠭᠤᠷᠠᠶᠢᠴᠤᠳ ᠪᠤᠯᠬᠤ ᠪᠥᠭᠡᠳ ᠲᠤᠩ ᠠᠮᠠᠷᠬᠠᠨ ᠬᠥᠨᠥᠭᠡᠯ ᠠᠮᠰᠠᠳᠠᠭ᠃ ᠶᠠᠪᠠᠭᠠᠨ ᠬᠥᠮᠥᠨ  ᠤ ᠵᠠᠮ ᠬᠠᠷᠢᠯᠴᠠᠭᠠᠨ ᠤ ᠡ᠊ᠨᠳᠡᠯ ᠤᠨ ᠪᠠᠴᠢᠮ ᠪᠠᠶᠢᠳᠠᠯ ᠢ ᠠᠷᠭᠠᠴᠠᠬᠤ ᠳᠤ᠄        ① ᠶᠠᠪᠠᠭᠠᠨ ᠬᠥᠮᠥᠨ ᠮᠠᠰᠢᠨ ᠲᠡᠷᠭᠡ ᠯᠦᠭᠡ ᠡ᠊ᠨᠳᠡᠯ ᠡᠬᠦᠰᠥᠭᠰᠡᠨ ᠤ ᠰᠡᠬᠦᠯᠡᠷ ᠵᠥᠪᠳᠡᠯᠴᠡᠨ ᠰᠢᠢᠳᠪᠥᠷᠢᠯᠡᠵᠤ ᠴᠢᠳᠠᠬᠤ ᠥᠭᠡᠢ ᠥᠶᠡᠰ ᠲᠡᠷᠦ᠋ᠢᠬᠠᠨ ᠴᠠᠭᠳᠠᠭ᠎ᠠ ᠳᠤ ᠮᠡᠳᠡᠬᠦᠯᠬᠦ ᠶᠢᠨ ᠲᠠᠭᠠᠤ ᠭᠡᠷᠡᠭ ᠭᠠᠷᠭᠠᠭᠰᠠᠨ ᠮᠡᠰᠢᠨ ᠲᠡᠷᠭᠡᠨ ᠤ ᠲᠡᠮᠳᠡᠭ ᠳ᠋ᠤᠭᠠᠷ ᠢ ᠲᠡᠮᠳᠡᠭᠯᠡᠨ ᠠᠪᠴᠤ᠂ ᠵᠠᠮ ᠬᠠᠷᠢᠯᠴᠠᠭᠠᠨ ᠤ ᠴᠠᠭᠳᠠᠭ᠎ᠠ ᠬᠥᠷᠥᠯᠴᠡᠨ ᠢᠷᠡᠵᠤ ᠰᠢᠢᠳᠪᠥᠷᠢᠯᠡᠬᠦ ᠶᠢ ᠬᠥᠯᠢᠶᠡᠬᠦ ᠭᠡᠷᠡᠭᠳᠡᠢ᠃        ② ᠶᠠᠪᠠᠭᠠᠨ ᠬᠥᠮᠥᠨ ᠮᠠᠰᠢᠨ ᠲᠡᠷᠭᠡᠨ ᠳᠤ ᠬᠥᠨᠳᠤ ᠨᠤᠴᠢᠳᠠᠢ ᠮᠥᠷᠬᠦᠨ ᠰᠢᠷᠬᠠᠳᠤᠭᠰᠠᠨ ᠪᠤᠯ ᠵᠢᠯᠤᠭᠤᠴᠢ ᠨᠢ ᠲᠡᠷᠦ᠋ᠢᠬᠠᠨ 122 ᠳᠤ ᠤᠳᠠᠰᠤᠳᠠᠨ ᠴᠠᠭᠳᠠᠭ᠎ᠠ ᠳᠤ ᠮᠡᠳᠡᠬᠦᠯᠵᠤ᠂ 120 ᠳᠤ ᠤᠳᠠᠰᠤᠳᠠᠨ ᠠᠪᠤᠷᠠᠨ ᠲᠤᠰᠠᠯᠠᠭᠤᠯᠬᠤ ᠶᠢᠨ ᠬᠠᠮᠳᠤ ᠴᠢᠰᠤ ᠲᠤᠭᠳᠠᠭᠠᠬᠤ᠂ ᠪᠤᠭᠤᠬᠤ ᠪᠤᠶᠤ ᠲᠤᠭᠳᠠᠪᠤᠷᠢᠵᠢᠭᠤᠯᠬᠤ ᠵᠡᠷᠭᠡ ᠠᠩᠬ᠎ᠠ ᠠᠯᠬᠤᠮ ᠤᠨ ᠠᠪᠤᠷᠠᠯᠳᠠ ᠶᠢᠨ ᠠᠷᠭ᠎ᠠ ᠭᠡᠮᠵᠢᠶ᠎ᠡ ᠶᠢ ᠠᠪᠴᠤ᠂ ᠰᠢᠷᠬᠠᠳᠤᠭᠰᠠᠳ ᠤᠨ ᠠᠮᠢᠰᠬᠤᠯ ᠤᠨ ᠵᠠᠮ ᠢ ᠰᠢᠯᠤᠭᠤᠬᠠᠨ ᠪᠠᠶᠢᠯᠭᠠᠬᠤ ᠶᠢ ᠠᠩᠬᠠᠷᠬᠤ  ᠭᠡᠷᠡᠭᠳᠡᠢ᠃ ᠭᠡᠷᠪᠡ ᠠᠮᠢᠰᠬᠤᠯ ᠪᠠ ᠵᠢᠷᠥᠭᠡᠨ ᠴᠤᠬᠢᠯᠭ᠎ᠠ ᠨᠢ ᠵᠤᠭᠰᠤᠭᠰᠠᠨ ᠪᠤᠯ ᠲᠡᠷᠦ᠋ᠢᠬᠠᠨ ᠠᠭᠤᠰᠬᠢ ᠵᠢᠷᠥᠭᠡ ᠶᠢ ᠨᠢ ᠰᠡᠷᠬᠦᠭᠡᠬᠦ ᠠᠷᠭ᠎ᠠ ᠪᠠᠷ ᠲᠥᠷᠭᠡᠨ ᠠᠪᠤᠷᠠᠯᠳᠠ ᠬᠢᠨ᠎ᠠ᠃         ③ ᠶᠠᠪᠠᠭᠠᠨ ᠬᠥᠮᠥᠨ ᠮᠠᠰᠢᠨᠳᠤ ᠪᠤᠰᠤ ᠲᠡᠷᠭᠡ ᠯᠦᠭᠡ ᠵᠠᠮ ᠬᠠᠷᠢᠯᠴᠠᠭᠠᠨ ᠤ ᠡ᠊ᠨᠳᠡᠯ ᠡᠬᠦᠰᠥᠭᠰᠡᠨ ᠤ ᠰᠡᠬᠦᠯᠡᠷ ᠥᠪᠡᠷᠳᠡᠭᠡᠨ ᠵᠥᠪᠳᠡᠯᠴᠡᠨ ᠰᠢᠢᠳᠪᠥᠷᠢᠯᠡᠵᠤ ᠴᠢᠳᠠᠬᠤ ᠥᠭᠡᠢ ᠪᠠᠶᠢᠳᠠᠯ ᠲᠤᠤᠷ᠎ᠠ ᠲᠡᠷᠦ᠋ᠢᠬᠠᠨ ᠴᠠᠭᠳᠠᠭ᠎ᠠ ᠳᠤ ᠮᠡᠳᠡᠭᠦᠯᠦᠨ᠎ᠡ᠃        ④ ᠬᠥᠮᠥᠨ ᠲᠠᠭᠠᠷᠢᠴᠢᠬᠠᠭᠠᠳ ᠲᠡᠷᠭᠡ ᠵᠢᠯᠤᠭᠤᠳᠤᠨ ᠲᠤᠳᠠᠭᠠᠭᠰᠠᠨ ᠪᠠᠶᠢᠳᠠᠯ ᠳᠤ  ᠲᠤᠬᠢᠶᠠᠯᠳᠤᠪᠠᠯ ᠠᠯᠢ ᠴᠢᠳᠠᠬᠤ ᠪᠠᠷ ᠭᠡᠷᠡᠭ ᠭᠠᠷᠭᠠᠭᠰᠠᠳ ᠢ ᠨᠡᠭᠡᠮᠵᠢᠯᠡᠬᠦ ᠭᠡᠷᠡᠭᠳᠡᠢ᠃ ᠰᠢᠷᠬᠠᠳᠤᠭᠰᠠᠨ ᠪᠠᠶᠢᠳᠠᠯ ᠲᠤᠤᠷ᠎ᠠ  ᠬᠠᠵᠠᠭᠤ ᠬᠠᠪᠢ ᠶᠢᠨ ᠬᠥᠮᠥᠰ ᠢ ᠭᠤᠶᠤᠨ ᠭᠡᠷᠡᠭ ᠭᠠᠷᠭᠠᠭᠰᠠᠳ ᠢ ᠲᠤᠰᠤᠨ ᠵᠤᠭᠰᠤᠭᠠᠬᠤ ᠪᠤᠶᠤ ᠬᠠᠮᠢᠶ᠎ᠠ ᠪᠥᠬᠦᠢ ᠤᠨᠴᠠᠯᠢᠬ ᠢ ᠨᠢ ᠴᠡᠭᠡᠵᠢᠯᠡᠬᠦᠯᠥᠨ ᠠᠪᠤᠭᠤᠯᠬᠤ ᠭᠡᠷᠡᠭᠳᠡᠢ᠃        ⑤ ᠵᠠᠮ ᠬᠠᠷᠢᠯᠴᠠᠭᠠᠨ ᠤ ᠬᠥᠨᠳᠤ ᠨᠤᠴᠢᠳᠠᠢ ᠡ᠊ᠨᠳᠡᠯ ᠡᠬᠦᠰᠥᠭᠰᠡᠨ ᠥᠶᠡᠰ ᠰᠢᠷᠬᠠᠳᠤᠭᠰᠠᠳ ᠤᠨ ᠨᠢᠷᠤᠭᠤ ᠰᠡᠭᠡᠷ ᠤᠨ ᠶᠠᠰᠤ ᠨᠢ ᠬᠤᠭᠤᠷᠠᠭᠰᠠᠨ ᠪᠠᠶᠢᠵᠤ ᠮᠡᠳᠡᠬᠦ ᠲᠤᠯᠠ᠂ ᠡᠨᠡ ᠥᠶᠡᠰ ᠲᠡᠬᠦᠨ ᠢ ᠶᠠᠭᠠᠬᠢᠭᠰᠠᠨ ᠴᠤ ᠤᠷᠪᠠᠭᠤᠯᠵᠤ ᠬᠥᠷᠪᠡᠬᠦᠯᠵᠤ ᠪᠤᠯᠬᠤ ᠥᠭᠡᠢ᠃ ᠨᠢᠷᠤᠭᠤ ᠰᠡᠭᠡᠷ ᠤᠨ ᠶᠠᠰᠤ ᠨᠢ ᠬᠤᠭᠤᠷᠠᠭᠰᠠᠨ ᠡᠰᠡᠬᠦ ᠶᠢ ᠮᠠᠭᠠᠳᠯᠠᠨ ᠲᠤᠳᠤᠯᠠᠵᠤ ᠴᠢᠳᠠᠬᠤ ᠥᠭᠡᠢ ᠪᠤᠯ ᠮᠥᠨ ᠬᠦ ᠨᠢᠷᠤᠭᠤ ᠰᠡᠭᠡᠷ ᠤᠨ ᠶᠠᠰᠤ ᠬᠤᠭᠤᠷᠠᠭᠰᠠᠨ ᠢᠶᠠᠷ ᠰᠢᠢᠳᠪᠥᠷᠢᠯᠡᠬᠦ ᠭᠡᠷᠡᠭᠳᠡᠢ᠃        ᠰᠠᠨᠠᠭᠤᠯᠬᠤ ᠨᠢ᠄        ① ᠶᠠᠪᠠᠭᠠᠨ ᠬᠥᠮᠥᠨ ᠵᠠᠰᠠᠮᠠᠯ ᠵᠠᠮ ᠢ ᠤᠭᠳᠤᠯᠤᠨ ᠭᠠᠷᠬᠤ ᠳᠠᠭᠠᠨ ᠶᠠᠪᠠᠭᠠᠨ ᠬᠥᠮᠥᠨ ᠤ ᠵᠠᠮ᠂ ᠱᠠᠳᠤᠳᠤ ᠬᠥᠬᠦᠷᠭᠡ᠂ ᠨᠥᠭᠡᠨ ᠵᠠᠮ ᠢᠶᠠᠷ ᠶᠠᠪᠤᠬᠤ ᠭᠡᠷᠡᠭᠳᠡᠢ᠃ ᠶᠠᠪᠠᠭᠠᠨ ᠬᠥᠮᠥᠨ ᠤ ᠵᠠᠮ ᠢᠶᠠᠷ ᠶᠠᠪᠤᠬᠤ ᠳᠠᠭᠠᠨ ᠴᠤ ᠵᠡᠬᠦᠨᠰᠢ ᠪᠠᠷᠠᠭᠤᠨᠰᠢ ᠪᠠᠨ ᠰᠠᠶᠢᠳᠤᠷ ᠯᠠᠪᠯᠠᠨ ᠬᠠᠷᠠᠵᠤ᠂ ᠠᠶᠤᠯ ᠥᠭᠡᠢ ᠪᠠᠶᠢᠳᠠᠯ ᠲᠤᠤᠷ᠎ᠠ ᠰᠠᠶ᠋ᠢ ᠲᠥᠷᠭᠡᠭᠡᠨ ᠥᠡᠭᠭᠡᠷᠡᠨ ᠭᠠᠷᠬᠤ ᠭᠡᠷᠡᠭᠳᠡᠢ᠃        ② ᠶᠠᠪᠠᠭᠠᠨ ᠬᠥᠮᠥᠨ ᠵᠠᠮ ᠲᠡᠭᠡᠷᠡᠬᠢ ᠲᠤᠰᠠᠭᠠᠷᠯᠠᠬᠤ ᠬᠠᠰᠢᠯᠭ᠎ᠠ ᠶᠢ ᠲᠠᠪᠠᠨ ᠭᠠᠷᠬᠤ ᠪᠠ ᠵᠠᠶᠢᠳᠠᠯᠠᠨ ᠰᠠᠭᠤᠵᠤ ᠪᠤᠯᠬᠤ ᠥᠭᠡᠢ᠃ ᠲᠡᠷᠭᠡᠨ ᠳᠤ ᠠᠪᠠᠷᠢᠬᠤ᠂ ᠲᠡᠷᠭᠡ ᠶᠢ ᠠᠯᠪᠠᠳᠠᠨ ᠬᠤᠷᠢᠭᠯᠠᠬᠤ ᠪᠠ ᠵᠠᠮ ᠱᠤᠭᠤᠮ ᠤᠨ ᠠᠮᠤᠷ ᠲᠥᠪᠰᠢᠨ ᠢ ᠬᠠᠷᠰᠢᠯᠠᠬᠤ ᠪᠤᠰᠤᠳ ᠵᠥᠢᠯ ᠤᠨ ᠠᠵᠢᠯᠯᠠᠭ᠎ᠠ ᠠᠪᠴᠤ ᠪᠤᠯᠬᠤ ᠥᠭᠡᠢ᠃        ③ ᠰᠤᠷᠬᠤ ᠨᠠᠰᠤᠨ ᠠᠴᠠ ᠡᠮᠥᠨᠡᠬᠢ ᠭᠡᠥᠭᠡᠳ᠂ ᠮᠡᠳᠡᠷᠡᠯ ᠤᠨ ᠡᠪᠡᠳᠴᠢᠨ ᠲᠠᠢ ᠬᠥᠮᠥᠨ᠂ ᠤᠬᠠᠭᠠᠨ ᠰᠠᠨᠠᠭ᠎ᠠ ᠲᠤᠳᠠᠮᠠᠭ ᠬᠥᠮᠥᠰ ᠭᠠᠳᠠᠭᠰᠢ ᠭᠠᠷᠬᠤ ᠳᠤ ᠵᠠᠪᠠᠯ ᠬᠥᠮᠥᠨ ᠲᠠᠭᠠᠭᠤᠯᠬᠤ ᠭᠡᠷᠡᠭᠳᠡᠢ᠃        ④ ᠮᠠᠰᠢᠨ ᠲᠡᠷᠭᠡᠨ ᠤ ᠵᠠᠮ ᠲᠡᠭᠡᠷ᠎ᠡ ᠡᠳ᠋ ᠪᠠᠷᠠᠭ᠎ᠠ ᠬᠤᠳᠠᠯᠳᠤᠬᠤ᠂ ᠰᠤᠨᠢᠨ ᠰᠡᠳᠬᠦᠯ ᠬᠤᠳᠠᠯᠳᠤᠬᠤ᠂ ᠵᠠᠷ ᠮᠡᠳᠡᠭᠡ ᠲᠡᠷᠬᠠᠭᠠᠬᠤ ᠶᠢ ᠴᠠᠭᠠᠵᠠᠯᠠᠬᠤ ᠮᠥᠷᠳᠡᠭᠡᠨ ᠭᠡᠥᠭᠡᠳ ᠤᠳ ᠮᠠᠰᠢᠨ ᠲᠡᠷᠭᠡᠨ ᠤ ᠵᠠᠮ ᠲᠡᠭᠡᠷ᠎ᠡ ᠨᠠᠭᠠᠳᠴᠦ ᠲᠤᠭᠯᠠᠬᠤ ᠶᠢ ᠴᠠᠭᠠᠵᠠᠯᠠᠨ᠎ᠠ᠃       ︵3︶ ᠮᠠᠰᠢᠨᠳᠤ ᠪᠤᠰᠤ ᠲᠡᠷᠭᠡᠨ ᠤ ᠵᠠᠮ ᠬᠠᠷᠢᠯᠴᠠᠭᠠᠨ ᠤ ᠡ᠊ᠨᠳᠡᠯ       ᠮᠠᠰᠢᠨᠳᠤ ᠪᠤᠰᠤ ᠲᠡᠷᠭᠡ ᠵᠢᠯᠤᠭᠤᠳᠴᠤ ᠠᠶᠠᠯᠠᠬᠤ ᠳᠠᠭᠠᠨ ᠮᠠᠰᠢᠨᠳᠤ ᠪᠤᠰᠤ ᠲᠡᠷᠭᠡᠨ ᠤ ᠵᠠᠮ ᠢᠶᠠᠷ ᠶᠠᠪᠤᠨ᠎ᠠ᠂ ᠮᠠᠰᠢᠨᠳᠤ ᠪᠤᠰᠤ ᠲᠡᠷᠭᠡᠨ ᠤ ᠵᠠᠮ ᠱᠤᠭᠤᠮ ᠥᠭᠡᠢ ᠵᠠᠮ ᠲᠡᠭᠡᠷ᠎ᠡ ᠪᠤᠯ ᠵᠠᠮ ᠤᠨ ᠪᠠᠷᠠᠭᠤᠨ ᠲᠠᠯ᠎ᠠ ᠶᠢ ᠪᠠᠷᠢᠵᠤ ᠠᠶᠠᠯᠠᠨ᠎ᠠ᠃ ᠮᠠᠰᠢᠨᠳᠤ ᠪᠤᠰᠤ ᠲᠡᠷᠭᠡ ᠨᠢ ᠲᠥᠷᠭᠡᠨ ᠬᠤᠷᠳᠤᠴᠠᠳᠤ ᠵᠠᠮ ᠢᠶᠠᠷ ᠠᠶᠠᠯᠠᠵᠤ ᠪᠤᠯᠬᠤ ᠥᠭᠡᠢ᠃ ᠮᠠᠰᠢᠨᠳᠤ ᠪᠤᠰᠤ ᠲᠡᠷᠭᠡᠨ ᠤ ᠵᠠᠮ ᠬᠠᠷᠢᠯᠴᠠᠭᠠᠨ ᠤ ᠡ᠊ᠨᠳᠡᠯ ᠤᠨ ᠪᠠᠴᠢᠮ ᠪᠠᠶᠢᠳᠠᠯ ᠢ ᠠᠷᠭᠠᠴᠠᠬᠤ ᠳᠤ᠄        ① ᠮᠠᠰᠢᠨᠳᠤ ᠪᠤᠰᠤ ᠲᠡᠷᠭᠡ ᠨᠢ ᠮᠠᠰᠢᠨ ᠲᠡᠷᠭᠡ ᠯᠦᠭᠡ ᠡ᠊ᠨᠳᠡᠯ ᠡᠬᠦᠰᠥᠭᠰᠡᠨ ᠪᠤᠯ ᠮᠠᠰᠢᠨᠳᠤ ᠪᠤᠰᠤ ᠲᠡᠷᠭᠡᠨ ᠤ ᠵᠢᠯᠤᠭᠤᠴᠢ ᠨᠢ ᠭᠡᠷᠡᠭ ᠭᠠᠷᠭᠠᠭᠰᠠᠨ ᠲᠡᠷᠭᠡᠨ  ᠤ ᠲᠡᠷᠭᠡᠨ ᠨᠤᠮᠧᠷ ᠢ ᠴᠡᠬᠡᠵᠢᠯᠡᠨ ᠠᠪᠴᠤ᠂ ᠲᠤᠬᠠᠢ ᠶᠢᠨ ᠲᠠᠯᠠᠪᠠᠢ ᠶᠢ ᠰᠠᠶᠢᠳᠤᠷ ᠬᠠᠮᠠᠭᠠᠯᠠᠵᠤ᠂ ᠲᠡᠷᠦ᠋ᠢᠬᠠᠨ ᠴᠠᠭᠳᠠᠭ᠎ᠠ ᠳᠤ ᠮᠡᠳᠡᠬᠦᠯᠬᠦ ᠭᠡᠷᠡᠭᠳᠡᠢ᠃ ᠭᠡᠷᠪᠡ ᠨᠡᠯᠢᠶᠡᠳ ᠬᠥᠨᠳᠤ ᠰᠢᠷᠬᠠᠳᠤᠭᠰᠠᠨ ᠪᠤᠯ ᠪᠤᠰᠤᠳ ᠢ ᠭᠤᠶᠤᠨ ᠲᠤᠬᠠᠢ ᠶᠢᠨ ᠲᠠᠯᠠᠪᠠᠢ ᠶᠢ ᠬᠠᠷᠠᠭᠤᠯᠵᠤ ᠲᠡᠷᠦ᠋ᠢᠬᠠᠨ ᠡᠮᠨᠡᠯᠭᠡ ᠳᠤ ᠬᠥᠷᠴᠤ ᠡᠮᠨᠡᠭᠦᠯᠦᠨ᠎ᠡ᠃        ② ᠮᠠᠰᠢᠨᠳᠤ ᠪᠤᠰᠤ ᠲᠡᠷᠭᠡ ᠬᠤᠭᠤᠷᠤᠨᠳᠤ ᠪᠠᠨ ᠡ᠊ᠨᠳᠡᠯ ᠭᠠᠷᠤᠭᠰᠠᠨ ᠤ ᠰᠡᠬᠦᠯᠡᠷ ᠥᠪᠡᠷᠰᠡᠳ ᠢᠶᠠᠨ ᠵᠥᠪᠯᠡᠨ ᠰᠢᠢᠳᠪᠥᠷᠢᠯᠡᠵᠤ ᠲᠡᠶᠢᠯᠬᠦ ᠥᠭᠡᠢ ᠪᠠᠶᠢᠳᠠᠯ  ᠤᠨ ᠲᠤᠤᠷ᠎ᠠ᠂ ᠱᠠᠯᠠᠪᠬᠠᠨ ᠴᠠᠭᠳᠠᠭ᠎ᠠ ᠳᠤ ᠮᠡᠳᠡᠬᠦᠯᠬᠦ ᠶᠢᠨ ᠬᠠᠮᠳᠤ ᠡ᠊ᠨᠳᠡᠯ ᠭᠠᠷᠤᠭᠰᠠᠨ ᠲᠤᠬᠠᠢ ᠶᠢᠨ ᠲᠠᠯᠠᠪᠠᠢ ᠶᠢ ᠰᠠᠶᠢᠳᠤᠷ ᠬᠠᠮᠠᠭᠠᠯᠠᠬᠤ ᠭᠡᠷᠡᠭᠳᠡᠢ᠃ ᠭᠡᠷᠪᠡ ᠲᠤᠬᠠᠢ ᠶᠢᠨ ᠬᠥᠮᠥᠨ ᠨᠢ ᠬᠥᠨᠳᠤ ᠰᠢᠷᠬᠠᠳᠤᠭᠰᠠᠨ ᠪᠤᠯ ᠲᠤᠬᠠᠢ ᠶᠢᠨ ᠲᠠᠯᠠᠪᠠᠢ ᠶᠢᠨ ᠬᠥᠮᠥᠰ ᠢ ᠭᠤᠶᠤᠨ ᠬᠠᠪᠰᠤᠷᠤᠭᠤᠯᠬᠤ ᠶᠢᠨ ᠬᠠᠮᠳᠤ ᠲᠡᠷᠦ᠋ᠢᠬᠠᠨ 122 ᠳᠤ ᠤᠳᠠᠰᠤᠳᠠᠨ ᠴᠠᠭᠳᠠᠭ᠎ᠠ ᠳᠤ ᠮᠡᠳᠡᠬᠦᠯᠬᠦ ᠶᠢᠨ ᠲᠠᠭᠠᠤ 120 ᠳᠤ ᠤᠳᠠᠰᠤᠳᠠᠨ ᠲᠤᠰᠠᠯᠠᠭᠤᠯᠬᠤ ᠭᠡᠷᠡᠭᠳᠡᠢ᠃        ③ ᠮᠠᠰᠢᠨᠳᠤ ᠪᠤᠰᠤ ᠲᠡᠷᠭᠡ ᠨᠢ ᠶᠠᠪᠠᠭᠠᠨ ᠬᠥᠮᠥᠨ ᠯᠦᠭᠡ ᠡ᠊ᠨᠳᠡᠯ ᠭᠠᠷᠤᠭᠰᠠᠨ ᠪᠤᠯ ᠰᠢᠷᠬᠠᠳᠠᠨ ᠤ ᠰᠢᠷᠬ᠎ᠠ ᠶᠢᠨ ᠪᠠᠶᠢᠳᠠᠯ ᠢ ᠲᠡᠷᠦ᠋ᠢᠬᠠᠨ ᠤᠢᠢᠯᠠᠭᠠᠵᠤ᠂ ᠲᠤᠬᠠᠢ ᠶᠢᠨ ᠲᠠᠯᠠᠪᠠᠢ ᠶᠢ ᠰᠠᠶᠢᠳᠤᠷ ᠬᠠᠮᠠᠭᠠᠯᠠᠬᠤ ᠶᠢᠨ ᠲᠠᠭᠠᠤ ᠴᠠᠭᠳᠠᠭ᠎ᠠ ᠳᠤ ᠮᠡᠳᠡᠬᠦᠯᠬᠦ ᠭᠡᠷᠡᠭᠳᠡᠢ᠃ ᠭᠡᠷᠪᠡ ᠰᠢᠷᠬᠠᠳᠠᠨ ᠤ ᠰᠢᠷᠬ᠎ᠠ ᠨᠢ ᠬᠥᠨᠳᠤ ᠪᠠᠶᠢᠪᠠᠯ᠂ ᠱᠠᠯᠠᠪᠬᠠᠨ ᠡᠮᠨᠡᠯᠭᠡ ᠳᠤ ᠬᠥᠷᠭᠡᠨ ᠠᠪᠤᠷᠠᠨ ᠲᠤᠰᠠᠯᠠᠭᠤᠯᠤᠨ᠎ᠠ᠃        ᠰᠠᠨᠠᠭᠤᠯᠬᠤ ᠨᠢ᠄        ① ᠲᠤᠭᠤᠢ ᠲᠡᠷᠭᠡ ᠤᠨᠤᠵᠤ ᠶᠠᠪᠤᠬᠤ ᠳᠠᠭᠠᠨ        ᠤᠭᠵᠤᠮ ᠮᠤᠷᠦ᠋ᠢᠬᠤ ᠪᠠ ᠵᠠᠮ ᠪᠤᠯᠢᠶᠠᠯᠳᠤᠵᠤ ᠪᠤᠯᠬᠤ ᠥᠭᠡᠢ᠃ ᠮᠠᠰᠢᠨ ᠲᠡᠷᠭᠡᠨ ᠤ ᠵᠠᠮ ᠢᠶᠠᠷ ᠶᠠᠪᠤᠵᠤ ᠪᠤᠯᠬᠤ ᠥᠭᠡᠢ ᠪᠥᠭᠡᠳ ᠨᠠᠭᠠᠳᠤᠮ ᠲᠤᠭᠯᠠᠭᠠᠮ ᠬᠢᠵᠤ ᠪᠤᠯᠬᠤ ᠥᠭᠡᠢ᠃        ② ᠵᠠᠮ ᠬᠠᠷᠢᠯᠴᠠᠭᠠᠨ ᠤ ᠲᠤᠬᠢᠶᠠᠨ ᠳ᠋ᠧᠩ ᠤᠨ ᠵᠢᠯᠤᠭᠤᠳᠤᠯᠭ᠎ᠠ ᠶᠢ ᠴᠢᠩᠭ᠎ᠠ ᠵᠢᠷᠤᠮᠯᠠᠨ ᠰᠠᠬᠢᠬᠤ ᠭᠡᠷᠡᠭᠳᠡᠢ᠃ ᠶᠠᠪᠠᠭᠠᠨ ᠬᠥᠮᠥᠨ ᠤ ᠵᠠᠮ ᠢ ᠬᠥᠨᠳᠡᠯᠡᠨ ᠬᠡᠳᠥᠯᠬᠦ ᠳᠡᠭᠡᠨ ᠬᠥᠮᠥᠰ ᠲᠤ ᠵᠠᠮ ᠲᠠᠯᠪᠢᠵᠤ ᠥᠭᠬᠦ ᠭᠡᠷᠡᠭᠳᠡᠢ᠃ ᠲᠡᠷᠭᠡ ᠵᠤᠭᠰᠤᠵᠤ ᠲᠤᠬᠢᠶᠠᠨ ᠳ᠋ᠧᠩ ᠢ ᠬᠥᠯᠢᠶᠡᠬᠦ ᠳᠡᠭᠡᠨ ᠲᠡᠷᠭᠡ ᠵᠤᠭᠰᠤᠬᠤ ᠱᠤᠭᠤᠮ ᠠᠴᠠ ᠭᠡᠳᠥᠷᠡᠵᠤ ᠪᠤᠯᠬᠤ ᠥᠭᠡᠢ᠂ ᠮᠤᠷᠦ᠋ᠢᠬᠤ ᠥᠶᠡᠰ ᠭᠠᠷ ᠢᠶᠠᠨ ᠰᠤᠩᠭᠠᠨ ᠲᠤᠬᠢᠶᠠᠯᠠᠬᠤ ᠭᠡᠷᠡᠭᠳᠡᠢ᠃         ③ ᠲᠡᠮᠥᠷ ᠵᠠᠮ ᠤᠨ ᠠᠭᠤᠯᠵᠠᠷ ᠢᠶᠠᠷ ᠥᠡᠭᠭᠡᠷᠡᠬᠦ ᠳᠡᠭᠡᠨ ᠭᠠᠯᠳᠦ ᠲᠡᠷᠭᠡ ᠬᠥᠷᠴᠤ ᠢᠷᠡᠬᠦ ᠠᠴᠠ ᠡᠮᠥᠨ᠎ᠡ᠂ ᠤᠬᠠᠮᠰᠠᠷ ᠠᠴᠠ ᠪᠠᠨ ᠵᠠᠮ ᠤᠨ ᠠᠭᠤᠯᠵᠠᠷ  ᠤᠨ ᠵᠤᠭᠰᠤᠬᠤ ᠭᠠᠵᠠᠷ ᠲᠤ ᠵᠤᠭᠰᠤᠬᠤ ᠪᠤᠶᠤ ᠲᠡᠮᠥᠷ ᠵᠠᠮ ᠠᠴᠠ 5m ᠵᠠᠶᠢᠳᠠᠢ ᠭᠠᠵᠠᠷ ᠲᠤ ᠵᠤᠭᠰᠤᠨ ᠬᠥᠯᠢᠶᠡᠬᠦ ᠭᠡᠷᠡᠭᠳᠡᠢ᠃         ︵4︶ ᠮᠠᠰᠢᠨ ᠲᠡᠷᠭᠡᠨ ᠤ ᠵᠠᠮ ᠬᠠᠷᠢᠯᠴᠠᠭᠠᠨ ᠤ ᠡ᠊ᠨᠳᠡᠯ         ᠶᠡᠷᠦ ᠶᠢᠨ ᠥᠭᠡᠨ ᠳᠤ ︽ᠠᠷᠪᠠᠨ ᠡ᠊ᠨᠳᠡᠯ ᠤᠨ ᠶᠢᠰᠤ ᠨᠢ ᠬᠤᠷᠳᠤᠨ ᠬᠥᠶᠥᠯᠭᠡᠭᠰᠡᠨ ᠠᠴᠠ ᠪᠤᠯᠵᠤ᠂ ᠰᠡᠳᠬᠢᠯ ᠰᠠᠨᠠᠭᠠᠨ ᠤ ᠠᠩᠬᠠᠷᠤᠮᠵᠢ ᠥᠭᠡᠢ ᠨᠢ ᠡ᠊ᠨᠳᠡᠯ ᠤᠨ ᠢᠷᠡᠯᠳᠡ︾ ᠭᠡᠳᠡᠭ᠃ ᠮᠠᠰᠢᠨ ᠲᠡᠷᠭᠡ ᠶᠢ ᠵᠢᠯᠤᠭᠤᠳᠤᠨ ᠠᠶᠠᠯᠠᠬᠤ ᠳᠠᠭᠠᠨ ᠲᠤᠤᠷᠠᠬᠢ ᠭᠡᠳᠥᠨ ᠵᠥᠢᠯ ᠢ ᠡᠷᠭᠡᠪᠰᠢ ᠬᠥᠢᠴᠡᠳᠭᠡᠬᠦ ᠭᠡᠷᠡᠭᠳᠡᠢ᠃ ᠲᠤᠬᠠᠢᠢᠯᠠᠪᠠᠯ ᠬᠠᠤᠯᠢ ᠶᠤᠰᠤᠭᠠᠷ ᠮᠠᠰᠢᠨ ᠲᠡᠷᠭᠡ ᠶᠢᠨ ᠵᠢᠯᠤᠭᠤᠴᠢ ᠶᠢᠨ ᠥᠨᠡᠮᠯᠡᠯ ᠠᠪᠬᠤ ᠭᠡᠷᠡᠭᠳᠡᠢ᠂ ᠵᠠᠰᠠᠮᠠᠯ ᠵᠠᠮ ᠤᠨ ᠪᠠᠷᠠᠭᠤᠨ ᠲᠠᠯ᠎ᠠ ᠪᠠᠷ ᠠᠶᠠᠯᠠᠬᠤ ᠭᠡᠷᠡᠭᠳᠡᠢ᠂ ᠮᠠᠰᠢᠨ ᠲᠡᠷᠭᠡᠨ ᠤ ᠠᠶᠠᠯᠠᠯ ᠤᠨ ᠲᠤᠭᠳᠠᠭᠠᠯ᠂ ᠠᠴᠢᠶᠠᠯᠠᠭ᠎ᠠ ᠶᠢᠨ ᠲᠤᠭᠳᠠᠭᠠᠯ᠂ ᠠᠶᠠᠨᠴᠢᠳ ᠰᠠᠭᠤᠯᠭᠠᠬᠤ ᠲᠤᠭᠳᠠᠭᠠᠯ᠂ ᠬᠥᠶᠥᠯᠭᠡᠬᠦ ᠬᠤᠷᠳᠤᠴᠠ ᠶᠢᠨ ᠲᠤᠭᠳᠠᠭᠠᠯ᠂ ᠲᠡᠷᠭᠡ ᠵᠤᠭᠰᠤᠭᠠᠬᠤ ᠲᠤᠭᠳᠠᠭᠠᠯ ᠢ ᠴᠢᠩᠭ᠎ᠠ ᠵᠢᠷᠤᠮᠯᠠᠬᠤ ᠭᠡᠷᠡᠭᠳᠡᠢ᠂ ᠵᠠᠮ ᠬᠠᠷᠢᠯᠴᠠᠭᠠᠨ ᠤ ᠴᠠᠭᠳᠠᠭ᠎ᠠ ᠶᠢᠨ ᠵᠢᠯᠤᠭᠤᠳᠤᠯᠭ᠎ᠠ ᠶᠢ ᠲᠠᠭᠠᠬᠤ ᠭᠡᠷᠡᠭᠳᠡᠢ᠃ ᠮᠠᠰᠢᠨ ᠲᠡᠷᠭᠡᠨ ᠤ ᠵᠠᠮ ᠬᠠᠷᠢᠯᠴᠠᠭᠠᠨ ᠤ ᠡ᠊ᠨᠳᠡᠯ ᠤᠨ ᠪᠠᠴᠢᠮ ᠪᠠᠶᠢᠳᠠᠯ ᠢ ᠠᠷᠭᠠᠴᠠᠬᠤ ᠳᠤ᠄        ① ᠵᠠᠮ ᠬᠠᠷᠢᠯᠴᠠᠭᠠᠨ ᠤ ᠡ᠊ᠨᠳᠡᠯ ᠡᠬᠦᠰᠥᠭᠰᠡᠨ ᠥᠶ᠎ᠡ ᠳᠤ ᠲᠡᠷᠦ᠋ᠢᠬᠠᠨ ᠲᠡᠷᠭᠡ ᠪᠠᠨ ᠵᠤᠭᠰᠤᠭᠠᠵᠤ᠂ ᠲᠤᠬᠠᠢ ᠶᠢᠨ ᠭᠠᠵᠠᠷ ᠢ ᠬᠠᠮᠠᠭᠠᠯᠠᠨ᠂ ᠠᠶᠤᠯ ᠲᠥᠭᠰᠢᠬᠦᠷᠢ ᠶᠢ ᠮᠡᠳᠡᠭᠡᠯᠡᠬᠦ ᠲᠤᠬᠢᠶᠠᠨ ᠳ᠋ᠧᠩ ᠢ ᠭᠡᠷᠡᠯᠳᠥᠬᠦᠯᠬᠦ ᠶᠢᠨ ᠲᠠᠭᠠᠤ ᠲᠡᠷᠭᠡ ᠢᠷᠡᠬᠦ ᠵᠥᠭ ᠲᠤ 50~100m ᠲᠤ ᠲᠤᠬᠢᠶᠠᠨ ᠤ ᠲᠡᠮᠳᠡᠭ ᠲᠠᠯᠪᠢᠵᠤ ᠰᠡᠷᠡᠮᠵᠢ ᠦᠭᠬᠦᠨ᠎ᠡ᠃        ② ᠬᠥᠮᠥᠨ ᠠᠮᠢᠳᠠᠨ ᠰᠢᠷᠬᠠᠳᠤᠭᠰᠠᠨ ᠪᠤᠯ ᠵᠢᠯᠤᠭᠤᠴᠢ ᠨᠢ ᠲᠡᠷᠦ᠋ᠢᠬᠠᠨ ᠰᠢᠷᠬᠠᠳᠤᠭᠰᠠᠳ ᠢ ᠠᠪᠤᠷᠠᠨ ᠲᠤᠰᠠᠯᠠᠬᠤ ᠶᠢᠨ ᠲᠠᠭᠠᠤ ᠴᠠᠭᠳᠠᠭ᠎ᠠ ᠳᠤ ᠲᠥᠷᠭᠡᠨ ᠮᠡᠳᠡᠭᠦᠯᠦᠨ᠎ᠡ᠃        ③ ᠰᠢᠷᠬᠠᠳᠤᠭᠰᠠᠳ ᠢ ᠠᠪᠤᠷᠠᠬᠤ ᠶᠢᠨ ᠲᠤᠰᠠᠳᠠ ᠲᠤᠬᠠᠢ ᠶᠢᠨ ᠲᠠᠯᠠᠪᠠᠢ ᠶᠢ ᠥᠭᠡᠷᠡᠴᠢᠯᠡᠬᠦ ᠥᠶᠡᠰ ᠡ᠊ᠨᠳᠡᠯ ᠤᠨ ᠲᠡᠷᠭᠡ ᠪᠤᠯᠤᠨ ᠬᠥᠮᠥᠨ ᠤ ᠪᠠᠶᠢᠷᠢᠰᠢᠯ ᠢ ᠲᠤᠳᠤᠷᠬᠠᠶᠢᠯᠠᠨ᠎ᠠ᠃        ④ ᠵᠠᠮ ᠲᠡᠭᠡᠷ᠎ᠠ ᠵᠠᠮ ᠬᠠᠷᠢᠯᠴᠠᠭᠠᠨ ᠤ ᠡ᠊ᠨᠳᠡᠯ ᠭᠠᠷᠴᠤ᠂ ᠬᠥᠮᠥᠨ ᠬᠠᠷ᠎ᠠ ᠥᠬᠦᠵᠤ ᠰᠢᠷᠬᠠᠳᠤᠭᠰᠠᠨ ᠥᠭᠡᠢ ᠪᠤᠶᠤ ᠡᠳ᠋ ᠬᠥᠷᠥᠩᠭᠡ ᠲᠡᠮᠡᠢ ᠬᠤᠬᠢᠷᠠᠵᠤ ᠰᠥᠢᠳᠥᠭᠰᠡᠨ ᠥᠭᠡᠢ ᠪᠤᠯ ᠲᠤᠬᠠᠢ ᠶᠢᠨ ᠬᠥᠮᠥᠨ ᠨᠢ ᠤᠷᠢᠳ ᠢᠶᠠᠷ ᠲᠤᠬᠠᠢ ᠶᠢᠨ ᠲᠠᠯᠠᠪᠤᠷ ᠠᠴᠠ ᠵᠠᠶᠢᠯᠠᠵᠤ᠂ ᠲᠡᠬᠢᠨ ᠵᠥᠪᠳᠡᠯᠴᠡᠨ ᠰᠢᠢᠳᠪᠥᠷᠢᠯᠡᠵᠤ ᠪᠤᠯᠤᠨ᠎ᠠ᠃       ᠰᠠᠨᠠᠭᠤᠯᠬᠤ ᠨᠢ᠄        ① ᠡᠪᠳᠡᠷᠭᠡᠢ ᠲᠡᠷᠭᠡ ᠵᠢᠯᠤᠭᠤᠳᠤᠨ ᠠᠶᠠᠯᠠᠵᠤ ᠪᠤᠯᠬᠤ ᠥᠭᠡᠢ᠃        ② ᠠᠭᠤᠯᠠᠨ ᠤ ᠵᠠᠰᠠᠮᠠᠯ ᠵᠠᠮ ᠢᠶᠠᠷ ᠠᠶᠠᠯᠠᠬᠤ ᠳᠠᠭᠠᠨ ᠬᠠᠰᠢᠷ ᠵᠢᠯᠤᠭᠤᠴᠢ ᠶᠢ ᠰᠤᠩᠭᠤᠨ ᠵᠢᠯᠤᠭᠤᠳᠤᠭᠤᠯᠬᠤ ᠭᠡᠷᠡᠭᠳᠡᠢ᠃        ③ ᠠᠷᠢᠬᠢ ᠤᠤᠭᠤᠭᠠᠳ ᠲᠡᠷᠭᠡ ᠵᠢᠯᠤᠭᠤᠳᠬᠤ᠂ ᠥᠨᠡᠮᠯᠡᠯ ᠥᠭᠡᠢ ᠪᠠᠷ ᠲᠡᠷᠭᠡ ᠵᠢᠯᠤᠭᠤᠳᠬᠤ᠂ ᠶᠡᠳᠠᠷᠠᠯ ᠲᠠᠢ ᠪᠠᠷ ᠲᠡᠷᠭᠡ ᠵᠢᠯᠤᠭᠤᠳᠬᠤ ᠶᠢ ᠴᠠᠭᠠᠵᠠᠯᠠᠬᠤ ᠪᠥᠭᠡᠳ ᠲᠡᠷᠭᠡ ᠵᠢᠯᠤᠭᠤᠳᠴᠤ ᠪᠠᠶᠢᠭᠠᠳ ᠭᠠᠷ ᠤᠳᠠᠰᠤ ᠪᠠᠷ ᠤᠳᠠᠰᠤᠳᠠᠬᠤ ᠶᠢ ᠴᠠᠭᠠᠵᠠᠯᠠᠨ᠎ᠠ᠃        ④ ᠲᠡᠮᠥᠷ ᠵᠠᠮ ᠤᠨ ᠠᠭᠤᠯᠵᠠᠷ ᠢᠶᠠᠷ ᠥᠡᠭᠭᠡᠷᠡᠬᠦ ᠳᠡᠭᠡᠨ ᠭᠠᠯᠳᠦ ᠲᠡᠷᠭᠡᠨ ᠳᠤ ᠰᠠᠨᠠᠭᠠᠴᠢᠯᠠᠭ᠎ᠠ ᠠᠴᠠ ᠪᠠᠨ ᠵᠠᠮ ᠲᠠᠯᠪᠢᠵᠤ ᠥᠭᠬᠦ ᠭᠡᠷᠡᠭᠳᠡᠢ᠃ ᠵᠠᠪᠳᠤᠨ ᠲᠤᠪᠳᠤᠯᠬᠤ᠂ ᠪᠤᠯᠢᠶᠠᠯᠳᠤᠨ ᠲᠤᠪᠳᠤᠯᠬᠤ ᠠᠵᠢᠯᠯᠠᠭ᠎ᠠ ᠶᠢ ᠡᠷᠡᠰ ᠴᠡᠭᠡᠷᠯᠡᠨ᠎ᠡ᠃        ︵5︶ ᠲᠥᠷᠭᠡᠨ ᠬᠤᠷᠳᠤᠴᠠᠳᠤ ᠵᠠᠰᠠᠮᠠᠯ ᠵᠠᠮ ᠤᠨ ᠵᠠᠮ ᠬᠠᠷᠢᠯᠴᠠᠭᠠᠨ ᠤ ᠡ᠊ᠨᠳᠡᠯ        ᠲᠥᠷᠭᠡᠨ ᠬᠤᠷᠳᠤᠴᠠᠳᠤ ᠵᠠᠰᠠᠮᠠᠯ ᠵᠠᠮ ᠢᠶᠠᠷ ᠲᠡᠷᠭᠡ ᠠᠶᠠᠯᠠᠬᠤ ᠳᠠᠭᠠᠨ ᠬᠥᠶᠥᠬᠦ ᠨᠢ ᠲᠥᠷᠭᠡᠨ᠂ ᠵᠢᠯᠤᠭᠤᠴᠢ ᠶᠢᠨ ᠬᠥᠳᠡᠯᠥᠩᠬᠦᠢ ᠬᠠᠷᠠᠴᠠ ᠪᠠᠭᠤᠷᠠᠵᠤ᠂ ᠥᠵᠡᠬᠦ ᠥᠷᠭᠡᠴᠡ ᠨᠢ ᠢᠪᠴᠤᠷᠠᠵᠤ᠂ ᠮᠠᠭᠠᠳᠯᠠᠬᠤ ᠴᠢᠳᠠᠪᠤᠷᠢ ᠨᠢ ᠪᠠᠭᠤᠷᠠᠵᠤ᠂ ᠲᠡᠩᠴᠡᠬᠦᠷᠢᠳᠤ ᠰᠡᠷᠡᠯ ᠨᠢ ᠴᠤ ᠬᠤᠪᠢᠷᠠᠯᠳᠠ ᠲᠠᠢ ᠪᠤᠯᠳᠠᠭ ᠲᠤᠯᠠ ᠵᠠᠮ ᠬᠠᠷᠢᠯᠴᠠᠭᠠᠨ ᠤ ᠡ᠊ᠨᠳᠡᠯ ᠲᠤᠩ ᠠᠮᠠᠷᠬᠠᠨ ᠡᠬᠦᠰᠳᠡᠭ᠃ ᠲᠥᠷᠭᠡᠨ ᠬᠤᠷᠳᠤᠴᠠᠳᠤ ᠵᠠᠰᠠᠮᠠᠯ ᠵᠠᠮ ᠤᠨ ᠵᠠᠮ ᠬᠠᠷᠢᠯᠴᠠᠭᠠᠨ ᠤ ᠡ᠊ᠨᠳᠡᠯ ᠤᠨ ᠪᠠᠴᠢᠮ ᠪᠠᠶᠢᠳᠠᠯ ᠢ ᠠᠷᠭᠠᠴᠠᠬᠤ  ᠳᠤ᠄        ① ᠮᠠᠰᠢᠨ ᠲᠡᠷᠭᠡ ᠨᠢ ᠲᠥᠷᠭᠡᠨ ᠬᠤᠷᠳᠤᠴᠠᠳᠤ ᠵᠠᠰᠠᠮᠠᠯ ᠵᠠᠮ ᠲᠡᠭᠡᠷ᠎ᠡ ᠡ᠊ᠨᠳᠡᠯ ᠭᠠᠷᠬᠤ ᠳᠤ ᠬᠥᠷᠪᠡᠯ᠂ ᠲᠡᠷᠭᠡ ᠪᠠᠨ ᠲᠡᠷᠦ᠋ᠢᠬᠠᠨ ᠵᠤᠭᠰᠤᠭᠠᠵᠤ᠂ ᠲᠤᠬᠠᠢ  ᠶᠢᠨ ᠲᠠᠯᠠᠪᠠᠢ ᠶᠢ ᠬᠠᠮᠠᠭᠠᠯᠠᠬᠤ ᠭᠡᠷᠡᠭᠳᠡᠢ᠃ ᠴᠠᠭᠳᠠᠭ᠎ᠠ ᠳᠤ ᠤᠳᠠᠰᠤᠳᠠᠨ ᠮᠡᠳᠡᠬᠦᠯᠬᠦ ᠳᠡᠭᠡᠨ ᠬᠡᠷᠡᠭ ᠭᠠᠷᠤᠭᠰᠠᠨ ᠴᠠᠭ᠂ ᠤᠷᠤᠨ ᠪᠠᠶᠢᠷᠢ᠂ ᠥᠷ᠎ᠡ ᠳ᠋ᠦᠩ ᠵᠡᠷᠭᠡ ᠶᠢ ᠲᠤᠳᠤᠷᠬᠠᠢ ᠮᠡᠳᠡᠭᠳᠡᠵᠤ᠂ ᠵᠠᠮ ᠬᠠᠷᠢᠯᠴᠠᠭᠠᠨ ᠤ ᠴᠠᠭᠳᠠᠭ᠎ᠠ ᠶᠢᠨ ᠪᠠᠶᠢᠴᠠᠭᠠᠬᠤ ᠳᠤ ᠬᠠᠮᠵᠢᠯᠴᠠᠬᠤ ᠭᠡᠷᠡᠭᠳᠡᠢ᠃        ② ᠬᠥᠮᠥᠨ ᠥᠬᠦᠵᠤ ᠰᠢᠷᠬᠠᠳᠤᠭᠰᠠᠨ ᠡ᠊ᠨᠳᠡᠯ ᠭᠠᠷᠤᠭᠰᠠᠨ ᠪᠤᠯ ᠤᠷᠢᠳ ᠢᠶᠠᠷ ᠬᠥᠮᠥᠨ ᠢ ᠠᠪᠤᠷᠠᠬᠤ ᠶᠢᠨ ᠲᠠᠭᠠᠤ 122᠂ 120 ᠳᠤ ᠲᠡᠷᠦ᠋ᠢᠬᠠᠨ ᠤᠳᠠᠰᠤᠳᠠᠭᠠᠷᠠᠢ᠃        ③ ᠠᠶᠤᠯ ᠲᠥᠭᠰᠢᠬᠦᠷᠢ ᠶᠢ ᠮᠡᠳᠡᠬᠦᠯᠬᠦ ᠳ᠋ᠧᠩ ᠢᠶᠠᠨ ᠨᠡᠭᠡᠭᠡᠵᠤ᠂ ᠲᠡᠷᠭᠡ ᠢᠷᠡᠬᠦ ᠵᠥᠭ ᠲᠤ 150m ᠤᠨ ᠭᠠᠳᠠᠨ᠎ᠠ ᠰᠠᠷᠠᠮᠵᠢ ᠶᠢᠨ ᠲᠡᠮᠳᠡᠭ ᠭᠠᠷᠭᠠᠨ᠎ᠠ᠃        ④ ᠲᠡᠷᠭᠡᠨ ᠲᠡᠭᠡᠷᠡᠬᠢ ᠬᠥᠮᠥᠰ ᠢ ᠵᠠᠮ ᠤᠨ ᠪᠠᠷᠠᠭᠤᠨ ᠲᠠᠯ᠎ᠠ ᠪᠤᠶᠤ ᠪᠠᠴᠢᠮ ᠠᠷᠭᠠᠴᠠᠬᠤ ᠲᠡᠷᠭᠡᠨ ᠲᠡᠭᠡᠷ᠎ᠡ ᠲᠥᠷᠭᠡᠨ ᠰᠢᠯᠵᠢᠬᠦᠯᠬᠦ ᠭᠡᠷᠡᠭᠳᠡᠢ᠃ ᠥᠪᠡᠷᠰᠡᠳ  ᠢᠶᠠᠨ ᠵᠥᠪᠳᠡᠯᠴᠡᠨ ᠰᠢᠢᠳᠪᠥᠷᠢᠯᠡᠵᠤ ᠲᠡᠶᠢᠯᠬᠦ ᠬᠥᠡᠭᠭᠡᠨ ᠡ᠊ᠨᠳᠡᠯ ᠪᠤᠯ ᠮᠠᠰᠢᠨ ᠲᠡᠷᠭᠡ ᠶᠢ ᠲᠡᠷᠦ᠋ᠢᠬᠠᠨ ᠪᠠᠴᠢᠮ ᠠᠪᠤᠷᠠᠬᠤ ᠵᠠᠮ ᠪᠤᠶᠤ ᠥᠢᠯᠡᠴᠢᠯᠡᠭᠡᠨ ᠤ ᠲᠤᠭᠤᠷᠢᠬ ᠲᠤ ᠰᠢᠯᠵᠢᠭᠦᠯᠬᠦ ᠬᠡᠷᠡᠭᠳᠠᠢ᠃        ᠰᠠᠨᠠᠭᠤᠯᠬᠤ ᠨᠢ᠄        ① ᠡ᠊ᠨᠳᠡᠯ ᠤᠨ ᠲᠤᠰᠬᠠᠢ ᠲᠠᠯᠠᠪᠤᠷ ᠪᠠ ᠰᠢᠷᠬᠠᠳᠠᠨ ᠤ ᠭᠡᠪᠳᠡᠭᠡ ᠪᠠᠶᠢᠷᠢᠰᠢᠯ ᠳᠤ ᠲᠡᠮᠳᠡᠭ ᠲᠡᠯᠪᠢᠵᠤ᠂ ᠲᠤᠬᠠᠢ ᠶᠢᠨ ᠲᠠᠯᠠᠪᠤᠷ ᠤᠨ ᠮᠥᠷ ᠰᠤᠷᠪᠢ᠂ ᠪᠤᠳᠠᠰ ᠤᠨ ᠬᠡᠷᠡᠴᠢ ᠶᠢ ᠪᠥᠷᠢᠨ ᠬᠠᠮᠠᠭᠠᠯᠠᠵᠤ᠂ ᠲᠤᠳᠤᠭᠠᠳᠤ ᠶᠢ ᠬᠠᠮᠠᠭᠠᠯᠠᠬᠤ ᠪᠠᠶᠢᠭᠤᠯᠭ᠎ᠠ ᠶᠢᠨ ᠬᠠᠪᠰᠤᠷᠤᠨ ᠬᠡᠷᠡᠴᠢᠯᠡᠬᠦ ᠬᠥᠮᠥᠰ ᠢ ᠡᠷᠢᠵᠤ ᠤᠯᠬᠤ ᠭᠡᠷᠡᠭᠳᠡᠢ᠃        ② ᠥᠷᠬᠦᠯᠵᠢᠯᠡᠨ ᠤᠷᠤᠭᠤ ᠪᠠᠭᠤᠬᠤ ᠳᠤ ᠲᠤᠷᠤᠮᠰᠤᠯᠠᠭᠤᠷ ᠢᠶᠠᠨ ᠬᠠᠭᠠᠵᠤ ᠭᠤᠯᠭᠤᠭᠤᠯᠵᠤ ᠪᠤᠯᠬᠤ ᠥᠭᠡᠢ᠂ ᠬᠥᠨᠳᠤ ᠠᠴᠢᠶ᠎ᠠ ᠲᠠᠢ ᠮᠠᠰᠢᠨ ᠲᠡᠷᠭᠡ ᠨᠢ ᠠᠯᠢ ᠴᠢᠳᠠᠬᠤ ᠪᠠᠷ ᠲᠤᠮᠳᠠᠴᠢ ᠬᠤᠷᠳᠤᠴᠠ ᠶᠢᠨ ᠲᠤᠷᠤᠮᠰᠤᠯᠠᠭᠤᠷ ᠢᠶᠠᠷ ᠠᠶᠠᠯᠠᠵᠤ᠂ ᠲᠤᠷᠤᠮᠰᠤᠯᠠᠭᠤᠷ ᠨᠢ ᠬᠡᠳᠥᠷᠭᠡᠢ ᠬᠠᠯᠠᠨ ᠥᠢᠯᠡᠳᠥᠯ ᠢᠶᠠᠨ ᠠᠯᠳᠠᠬᠤ ᠠᠴᠠ ᠰᠡᠷᠭᠡᠶᠢᠯᠡᠨ᠎ᠡ᠃        ③ ᠡᠮᠥᠨ᠎ᠡ ᠲᠡᠯ᠎ᠠ ᠳᠤ ᠲᠡᠷᠭᠡ ᠲᠥᠭᠵᠢᠷᠡᠭᠰᠡᠨ ᠪᠠᠶᠢᠪᠠᠯ ᠲᠡᠰ ᠲᠠᠷᠠᠭᠠᠯᠠᠨ ᠮᠥᠷᠯᠡᠨ ᠬᠥᠯᠢᠶᠡᠬᠦ ᠭᠡᠷᠡᠭᠳᠡᠢ᠂ ᠠᠵᠠ ᠭᠤᠷᠢᠳᠠᠵᠤ ᠰᠥᠯᠵᠢᠯᠳᠤᠨ ᠶᠠᠪᠤᠬᠤ ᠪᠤᠶᠤ ᠪᠠᠴᠢᠮ ᠠᠷᠭᠠᠴᠠᠬᠤ ᠵᠠᠮ ᠢ ᠡᠵᠡᠯᠡᠵᠤ ᠤᠭᠳᠤ ᠪᠤᠯᠬᠤ ᠥᠭᠡᠢ᠃ ᠢᠡᠭᠬᠢᠬᠦ ᠳᠤ ᠬᠥᠷᠪᠡᠯ ᠨᠡᠩ ᠬᠥᠨᠳᠤ ᠨᠤᠴᠢᠳᠠᠢ ᠵᠠᠮ ᠬᠠᠷᠢᠯᠴᠠᠭᠠᠨ ᠤ ᠲᠥᠭᠵᠢᠷᠡᠯ ᠢ ᠪᠤᠢ ᠪᠤᠯᠭᠠᠬᠤ ᠪᠥᠭᠡᠳ ᠤᠨᠴᠠ ᠲᠥᠷᠥᠯ ᠤᠨ ᠲᠡᠷᠭᠡ ᠬᠥᠰᠭᠡ ᠶᠢᠨ ᠠᠶᠤᠯ ᠠᠴᠠ ᠠᠪᠤᠷᠠᠬᠤ ᠶᠢ ᠨᠥᠯᠥᠭᠡᠯᠡᠬᠦ ᠪᠤᠯᠤᠨ᠎ᠠ᠃        ④ ᠰᠠᠯᠬᠢ ᠰᠢᠭᠤᠷᠭᠠᠨ ᠴᠠᠰᠤ ᠮᠥᠰᠤ ᠪᠠ ᠡᠬᠦᠯᠡ ᠮᠠᠨᠠᠨ ᠲᠠᠢ ᠥᠶᠡᠰ ᠠᠭᠠᠵᠢᠮ ᠠᠶᠠᠯᠠᠬᠤ ᠶᠢᠨ ᠲᠠᠭᠠᠤ ᠵᠠᠮ ᠤᠨ ᠴᠠᠭᠳᠠᠭ᠎ᠠ ᠶᠢᠨ ᠵᠢᠯᠤᠭᠤᠳᠤᠯᠭ᠎ᠠ ᠶᠢ ᠲᠠᠭᠠᠵᠤ᠂ ᠬᠠᠮᠤᠭ ᠤᠨ ᠤᠢᠢᠷ᠎ᠠ ᠪᠥᠬᠦᠢ ᠭᠠᠷᠬᠤ ᠵᠠᠮ ᠢᠶᠠᠷ ᠲᠥᠷᠭᠡᠨ ᠬᠤᠷᠳᠤᠴᠠᠳᠤ ᠵᠠᠰᠠᠮᠠᠯ ᠵᠠᠮ ᠠᠴᠠ ᠪᠠᠭᠤᠬᠤ ᠪᠤᠶᠤ ᠥᠢᠯᠡᠴᠢᠯᠡᠭᠡᠨ ᠤ ᠲᠤᠭᠤᠷᠢᠬ ᠲᠤ ᠵᠤᠭᠰᠤᠨ ᠠᠮᠠᠷᠠᠬᠤ ᠭᠡᠷᠡᠭᠳᠡᠢ᠃        ︵6︶ ᠲᠡᠮᠥᠷ ᠵᠠᠮ ᠤᠨ ᠵᠠᠮ ᠬᠠᠷᠢᠯᠴᠠᠭᠠᠨ ᠤ ᠠᠳᠡᠯ        ᠲᠤᠰ ᠡ᠊ᠨᠳᠡᠯ ᠪᠤᠯ ᠲᠡᠮᠥᠷ ᠵᠠᠮ ᠤᠨ  ᠪᠤᠬ᠎ᠠ ᠲᠠᠷᠬᠡ ᠠᠶᠠᠯᠠᠬᠤ ᠲᠤᠮᠳᠠ ᠪᠠᠨ ᠬᠥᠮᠥᠨ ᠬᠠᠷ᠎ᠠ᠂ ᠮᠠᠰᠢᠨ ᠲᠡᠷᠭᠡ᠂ ᠮᠠᠰᠢᠨ ᠪᠤᠰᠤ ᠲᠡᠷᠭᠡ᠂ ᠮᠠᠯ ᠤᠨᠤᠭ᠎ᠠ ᠵᠢᠴᠢ ᠪᠤᠰᠤᠳ ᠬᠠᠷᠰᠢᠯᠠᠯ ᠶᠠᠭᠤᠮ᠎ᠠ ᠯᠤᠭ᠎ᠠ ᠮᠥᠷᠬᠦᠯᠳᠥᠬᠦ ᠪᠤᠶᠤ ᠭᠠᠯᠳᠦ ᠲᠡᠷᠭᠡ ᠬᠠᠷᠢᠯᠴᠠᠨ ᠮᠥᠷᠬᠦᠯᠳᠥᠭᠰᠡᠨ᠂ ᠵᠠᠮ ᠠᠴᠠ ᠭᠠᠷᠤᠭᠰᠠᠨ᠂ ᠭᠠᠯ ᠤᠨ ᠠᠶᠤᠯ ᠡᠬᠦᠰᠥᠭᠰᠡᠨ᠂ ᠲᠡᠯᠪᠡᠷᠡᠭᠰᠡᠨ ᠵᠡᠷᠭᠡ ᠲᠡᠮᠥᠷ ᠵᠠᠮ ᠤᠨ ᠶᠡᠷᠥ ᠶᠢᠨ ᠠᠶᠠᠯᠠᠯ ᠢ ᠨᠥᠯᠥᠭᠡᠯᠡᠬᠦ ᠡ᠊ᠨᠳᠡᠯ ᠢ ᠵᠢᠭᠠᠵᠤ ᠪᠤᠢ᠃ ᠲᠡᠮᠥᠷ ᠵᠠᠮ ᠤᠨ ᠵᠠᠮ ᠬᠠᠷᠢᠯᠴᠠᠭᠠᠨ ᠤ ᠡ᠊ᠨᠳᠡᠯ  ᠤᠨ ᠪᠠᠴᠢᠮ ᠪᠠᠶᠢᠳᠠᠯ ᠢ ᠠᠷᠭᠠᠴᠠᠬᠤ ᠳᠤ᠄         ① ᠠᠶᠤᠯ ᠲᠠᠢ ᠪᠠᠷᠠᠭ᠎ᠠ ᠲᠠᠸᠠᠷ ᠵᠥᠭᠡᠭᠡᠪᠥᠷᠢᠯᠡᠵᠤ ᠪᠠᠶᠢᠭ᠎ᠠ ᠭᠠᠯᠳᠤ ᠲᠡᠷᠭᠡ ᠨᠢ ᠨᠡᠪᠴᠢᠵᠤ ᠭᠤᠭᠤᠵᠢᠭᠰᠠᠨ᠂ ᠭᠠᠯ ᠭᠠᠷᠤᠭᠰᠠᠨ᠂ ᠲᠡᠯᠪᠡᠷᠡᠭᠰᠡᠨ ᠥᠶᠡᠰ ᠲᠡᠷᠦ᠋ᠢᠬᠠᠨ ᠲᠡᠮᠥᠷ ᠵᠠᠮ ᠤᠨ ᠰᠠᠯᠠᠭ᠎ᠠ ᠮᠥᠴᠢᠷ ᠲᠤ ᠮᠡᠳᠡᠬᠦᠯᠬᠦ ᠪᠤᠶᠤ 110 ᠳᠤ ᠤᠳᠠᠰᠤᠳᠠᠨ ᠴᠠᠭᠳᠠᠭ᠎ᠠ ᠳᠤ ᠮᠡᠳᠡᠬᠦᠯᠬᠦ ᠶᠢᠨ ᠲᠠᠭᠠᠤ ᠰᠠᠯᠬᠢ ᠥᠭᠡᠳᠡ ᠵᠥᠭ ᠪᠤᠶᠤ ᠲᠤᠬᠠᠢ ᠶᠢᠨ ᠲᠠᠯᠠᠪᠤᠷ ᠤᠨ ᠬᠠᠮᠢᠶ᠎ᠠ ᠪᠥᠬᠦᠢ ᠰᠠᠯᠠᠭ᠎ᠠ ᠮᠥᠴᠢᠷ ᠤᠨ ᠵᠢᠯᠤᠭᠤᠳᠤᠯᠭ᠎ᠠ ᠲᠤᠤᠷ᠎ᠠ ᠠᠮᠤᠷ ᠲᠥᠪᠰᠢᠨ ᠭᠠᠵᠠᠷ ᠲᠤ ᠰᠢᠯᠵᠢᠨ᠎ᠠ᠃        ② ᠴᠠᠬᠢᠯᠭᠠᠨᠴᠢᠯᠠᠭᠰᠠᠨ ᠤᠷᠤᠨ ᠭᠡᠰᠡᠭ ᠤᠨ ᠴᠠᠬᠢᠯᠭᠠᠨ ᠲᠤᠤᠷ ᠰᠥᠯᠵᠢᠶ᠎ᠠ ᠨᠤᠷᠠᠭᠰᠠᠨ᠂ ᠵᠠᠮᠴᠢ ᠱᠤᠭᠤᠮ ᠭᠠᠵᠠᠷ ᠤᠨᠠᠭᠰᠠᠨ᠂ ᠴᠠᠬᠢᠯᠭᠠᠨ ᠪᠠᠭᠠᠨ᠎ᠠ ᠮᠠᠶᠢᠵᠢᠭᠰᠠᠨ ᠵᠡᠷᠭᠡ ᠪᠠᠶᠢᠳᠠᠯ ᠢ ᠤᠯᠵᠤ ᠮᠡᠳᠡᠪᠡᠯ᠂ ᠲᠡᠷᠦ᠋ᠢᠬᠠᠨ ᠲᠡᠮᠥᠷ ᠵᠠᠮ ᠤᠨ ᠰᠠᠯᠠᠭ᠎ᠠ ᠮᠥᠴᠢᠷ ᠲᠤ ᠮᠡᠳᠡᠬᠦᠯᠬᠦ ᠪᠤᠶᠤ 110 ᠳᠤ ᠤᠳᠠᠰᠤᠳᠠᠨ ᠴᠠᠭᠳᠠᠭ᠎ᠠ ᠳᠤ ᠮᠡᠳᠡᠭᠦᠯᠦᠨ᠎ᠡ᠃        ③ ᠲᠡᠮᠥᠷ ᠵᠠᠮ ᠤᠨ ᠰᠤᠯᠪᠢᠴᠠᠭ᠎ᠠ ᠬᠥᠬᠦᠷᠭᠡ ᠪᠤᠶᠤ ᠥᠨᠳᠥᠷ ᠲᠠᠷᠤᠯᠳᠠᠳᠤ ᠴᠠᠬᠢᠯᠭᠠᠨ ᠤᠳᠠᠰᠤ ᠨᠤᠷᠠᠭᠰᠠᠨ᠂ ᠤᠨᠠᠭᠰᠠᠨ᠂ ᠲᠡᠮᠥᠷ ᠵᠠᠮ ᠤᠨ ᠬᠥᠬᠦᠷᠭᠡ ᠪᠤᠶᠤ ᠵᠠᠮ ᠱᠤᠭᠤᠮ ᠤᠰᠤᠨ ᠳᠤ ᠠᠪᠳᠠᠨ ᠰᠡᠳᠡᠷᠡᠭᠰᠡᠨ᠂ ᠲᠡᠷᠭᠡ ᠬᠥᠰᠭᠡ ᠬᠥᠬᠦᠷᠭᠡᠨ ᠲᠡᠭᠡᠷ᠎ᠡ ᠠᠴᠠ ᠤᠨᠠᠭᠰᠠᠨ ᠵᠡᠷᠭᠡ ᠪᠠᠶᠢᠳᠠᠯ ᠢ ᠤᠯᠵᠤ ᠮᠡᠳᠡᠪᠡᠯ ᠲᠡᠷᠦ᠋ᠢᠬᠠᠨ ᠲᠡᠮᠥᠷ ᠵᠠᠮ ᠤᠨ ᠰᠠᠯᠠᠭ᠎ᠠ ᠮᠥᠴᠢᠷ ᠲᠤ ᠮᠡᠳᠡᠬᠦᠯᠬᠦ ᠪᠤᠶᠤ 110 ᠳᠤ ᠤᠳᠠᠰᠤᠳᠠᠨ ᠴᠠᠭᠳᠠᠭ᠎ᠠ ᠳᠤ ᠮᠡᠳᠡᠬᠦᠯᠬᠦ ᠭᠡᠷᠡᠭᠳᠡᠢ᠃        ④ ᠮᠠᠰᠢᠨ ᠲᠡᠷᠭᠡ ᠵᠠᠮ ᠤᠨ ᠠᠭᠤᠯᠵᠠᠷ ᠲᠤ ᠭᠠᠯ ᠨᠢ ᠤᠨᠳᠠᠷᠠᠭᠰᠠᠨ᠂ ᠲᠡᠩᠭᠡᠯᠢᠭ ᠨᠢ ᠬᠤᠭᠤᠷᠠᠭᠰᠠᠨ᠂ ᠠᠴᠢᠶᠠᠯᠠᠭᠰᠠᠨ ᠪᠠᠷᠠᠭ᠎ᠠ ᠲᠡᠭᠡᠬᠡᠰᠢ ᠨᠢ ᠤᠨᠠᠭᠰᠠᠨ ᠪᠤᠯ ᠲᠡᠷᠦ᠋ᠢᠬᠠᠨ ᠲᠡᠮᠥᠷ ᠵᠠᠮ ᠤᠨ ᠵᠠᠮ ᠤᠨ ᠠᠭᠤᠯᠵᠠᠷ ᠤᠨ ᠵᠢᠵᠢᠬᠦᠷ ᠤᠨ ᠬᠥᠮᠥᠰ ᠲᠤ ᠮᠡᠳᠡᠬᠦᠯᠵᠤ᠂ ᠲᠡᠮᠥᠷ ᠵᠠᠮ ᠤᠨ ᠵᠠᠮ ᠤᠨ ᠠᠭᠤᠯᠵᠠᠷ ᠤᠨ ᠵᠢᠵᠢᠬᠦᠷᠯᠡᠭᠴᠢ  ᠠᠴᠠ ᠰᠡᠷᠭᠡᠶᠢᠯᠡᠨ ᠬᠠᠮᠠᠭᠠᠯᠠᠬᠤ ᠪᠤᠶᠤ ᠭᠠᠯᠳᠦ ᠲᠡᠷᠭᠡ ᠶᠢ ᠬᠤᠷᠢᠭᠯᠠᠨ ᠵᠤᠭᠰᠤᠭᠠᠭᠰᠠᠨ ᠤ ᠰᠡᠬᠦᠯᠡᠷ ᠰᠠᠶ᠋ᠢ ᠠᠪᠤᠷᠠᠨ ᠲᠤᠰᠠᠯᠠᠬᠤ ᠭᠡᠷᠡᠭᠳᠡᠢ᠃         ⑤ ᠲᠤᠬᠠᠢ ᠶᠢᠨ ᠲᠠᠯᠠᠪᠤᠷ ᠤᠨ ᠬᠥᠮᠥᠰ ᠥᠪᠡᠷ ᠢᠶᠠᠨ ᠠᠪᠤᠷᠠᠬᠤ᠂ ᠬᠠᠷᠢᠯᠴᠠᠨ ᠠᠪᠤᠷᠠᠬᠤ ᠪᠤᠶᠤ ᠤᠷᠢᠳ ᠢᠶᠠᠷ ᠪᠠᠴᠢᠮ ᠪᠠᠶᠢᠳᠠᠯ ᠢ ᠠᠷᠭᠠᠴᠠᠭᠠᠨ ᠰᠢᠢᠳᠪᠥᠷᠢᠯᠡᠬᠦ ᠠᠵᠢᠯᠯᠠᠭ᠎ᠠ ᠶᠢ ᠢᠳᠡᠪᠬᠢᠳᠡᠢ ᠥᠷᠨᠢᠬᠦᠯᠬᠦ ᠭᠡᠷᠡᠭᠳᠡᠢ᠃         ᠰᠠᠨᠠᠭᠤᠯᠬᠤ ᠨᠢ᠄         ① ᠶᠠᠪᠠᠭᠠᠨ ᠬᠥᠮᠥᠰ ᠲᠤᠷ᠎ᠠ ᠪᠠᠷ ᠢᠶᠠᠨ ᠲᠡᠮᠥᠷ ᠵᠠᠮ ᠢ ᠤᠭᠳᠤᠯᠤᠨ ᠭᠠᠷᠬᠤ ᠪᠠ ᠬᠠᠮᠠᠭᠠᠯᠠᠯᠳᠠ ᠶᠢᠨ ᠭᠡᠷᠡᠰᠬᠡ ᠶᠢ ᠲᠠᠪᠠᠵᠤ ᠪᠤᠯᠬᠤ ᠥᠭᠡᠢ᠂ ᠲᠡᠮᠥᠷ ᠵᠠᠮ ᠲᠡᠭᠡᠷ᠎ᠡ ᠪᠤᠶᠤ ᠲᠡᠮᠥᠷ ᠵᠠᠮ ᠤᠨ ᠬᠥᠬᠦᠷᠭᠡ ᠶᠢᠨ ᠬᠤᠶᠠᠷ ᠬᠠᠵᠠᠭᠤ ᠪᠠᠷ ᠶᠠᠪᠤᠵᠤ ᠰᠠᠭᠤᠬᠤ ᠪᠠ ᠰᠡᠯᠡᠬᠦᠴᠡᠨ ᠠᠮᠠᠷᠠᠵᠤ ᠪᠤᠯᠬᠤ ᠥᠭᠡᠢ᠃ ᠥᠷᠳᠡᠭᠡᠨ ᠳᠤ ᠵᠤᠭᠰᠤᠭᠰᠠᠨ ᠭᠠᠯᠳᠦ ᠲᠡᠷᠭᠡ ᠶᠢᠨ ᠲᠤᠤᠭᠤᠷ ᠲᠤᠷ᠎ᠠ ᠪᠠᠷ ᠢᠶᠠᠨ ᠮᠥᠯᠬᠦᠨ ᠭᠠᠷᠴᠤ ᠪᠤᠯᠬᠤ ᠥᠭᠡᠢ᠃ ᠰᠤᠯᠪᠢᠴᠠᠭ᠎ᠠ ᠬᠥᠬᠦᠷᠭᠡᠨ ᠲᠡᠭᠡᠷ᠎ᠡ ᠠᠴᠠ ᠲᠡᠮᠥᠷ ᠵᠠᠮ ᠥᠭᠡᠳᠡ ᠡᠯᠳᠡᠪ ᠶᠠᠭᠤᠮ᠎ᠠ ᠰᠢᠳᠡᠬᠦ ᠶᠢ ᠴᠠᠭᠠᠵᠠᠯᠠᠨ᠎ᠠ᠃         ② ᠮᠠᠰᠢᠨ ᠲᠡᠷᠭᠡ ᠲᠡᠮᠥᠷ ᠵᠠᠮ ᠤᠨ ᠠᠭᠤᠯᠵᠠᠷ ᠵᠠᠮ ᠢᠶᠠᠷ ᠥᠡᠭᠭᠡᠷᠡᠬᠦ ᠳᠡᠭᠡᠨ ᠨᠢᠭᠡ ᠳᠤ ᠵᠤᠭᠰᠤᠵᠤ᠂ ᠬᠤᠶᠠᠷ ᠲᠤ ᠬᠠᠷᠠᠵᠤ᠂ ᠭᠤᠷᠪᠠ ᠳᠤ ᠥᠡᠭᠭᠡᠷᠡᠬᠦ ᠵᠠᠷᠴᠢᠮ ᠢ ᠪᠠᠷᠢᠮᠳᠠᠯᠠᠨ᠎ᠠ᠃         ③ ᠠᠮᠠᠷᠬᠠᠨ ᠨᠤᠴᠤᠬᠤ᠂ ᠲᠡᠯᠪᠡᠷᠡᠬᠦ ᠪᠠ ᠠᠶᠤᠯ ᠲᠠᠢ ᠪᠤᠳᠠᠰ ᠢ ᠥᠷᠳᠡᠭᠡᠨ ᠳᠤ ᠠᠪᠴᠤ ᠤᠷᠤᠨ ᠲᠡᠷᠭᠡᠨ ᠳᠤ ᠭᠠᠷᠬᠤ ᠶᠢ ᠴᠠᠭᠠᠵᠠᠯᠠᠨ᠎ᠠ᠃          ︵7︶ ᠠᠷᠠᠳ ᠤᠨ ᠠᠭᠠᠷ ᠤᠨ ᠠᠶᠠᠯᠠᠯ ᠤᠨ ᠡ᠊ᠨᠳᠡᠯ          ᠠᠷᠠᠳ ᠤᠨ ᠠᠭᠠᠷ ᠠᠶᠠᠯᠠᠯ ᠤᠨ ᠡ᠊ᠨᠳᠡᠯ ᠭᠡᠳᠡᠭ ᠪᠤᠯ ᠠᠷᠠᠳ ᠤᠨ ᠠᠭᠠᠷ ᠠᠶᠠᠯᠠᠯ ᠤᠨ ᠰᠢᠰᠲ᠋ᠧᠮ ᠳᠠᠬᠢ ᠨᠢᠭᠡ ᠵᠥᠢᠯ ᠤᠨ ᠪᠠᠴᠢᠮ ᠪᠠᠶᠢᠳᠠᠯ ᠢ ᠵᠢᠭᠠᠵᠤ ᠪᠤᠢ᠃         ᠡᠨᠡ ᠬᠦ ᠪᠠᠶᠢᠳᠠᠯ ᠳᠤ ᠬᠥᠮᠥᠰ ᠵᠢᠴᠢ ᠲᠥᠬᠦᠭᠡᠷᠥᠮᠵᠢ ᠰᠢᠷᠬᠠᠳᠤᠵᠤ ᠡᠪᠳᠡᠷᠡᠬᠦ ᠠᠶᠤᠯ ᠲᠠᠢ ᠪᠠᠶᠢᠳᠠᠭ᠃ ᠠᠷᠠᠳ ᠤᠨ ᠠᠭᠠᠷ ᠠᠶᠠᠯᠠᠯ ᠤᠨ ᠡ᠊ᠨᠳᠡᠯ ᠤᠨ ᠪᠠᠴᠢᠮ ᠪᠠᠶᠢᠳᠠᠯ ᠢ ᠠᠷᠭᠠᠴᠠᠬᠤ ᠳᠤ᠄         ① ᠠᠭᠠᠷ ᠲᠤ ᠲᠠᠷᠤᠯᠳᠠ ᠲᠤᠷᠤᠭᠰᠢᠯᠠᠬᠤ ᠳᠤ ᠬᠥᠷᠪᠡᠯ ᠲᠡᠷᠦ᠋ᠢᠬᠠᠨ ᠬᠥᠴᠢᠯᠳᠦ᠋ᠷᠥᠭᠴᠢᠳᠦ ᠠᠮᠠᠪᠴᠢ ᠵᠠᠭᠦᠵᠤ ᠪᠠᠶᠢᠭᠠᠷᠠᠢ᠃         ② ᠨᠢᠰᠭᠡᠯ ᠪᠠᠴᠢᠮ ᠭᠠᠵᠠᠷ ᠲᠤ ᠪᠠᠭᠤᠬᠤ ᠪᠠ ᠠᠯᠪᠠᠳᠠᠨ ᠪᠠᠭᠤᠬᠤ ᠥᠶᠡᠰ ᠵᠥᠪ ᠰᠠᠭᠤᠬᠤ ᠭᠡᠷᠡᠭᠳᠡᠢ᠃ ᠲᠤᠬᠠᠢᠢᠯᠠᠪᠠᠯ ᠨᠢᠷᠤᠭᠤ ᠪᠠᠨ ᠪᠥᠭᠳᠦ᠋ᠢᠵᠤ᠂ ᠬᠤᠶᠠᠷ ᠭᠠᠷ ᠢᠶᠠᠨ ᠡᠪᠥᠳᠥᠭ ᠤᠨ ᠲᠤᠤᠷ᠎ᠠ ᠪᠠᠨ ᠠᠳᠬᠤᠵᠤ᠂ ᠲᠤᠯᠤᠭᠠᠢ ᠪᠠᠨ ᠡᠪᠥᠳᠥᠭ ᠲᠡᠭᠡᠨ ᠨᠠᠭᠠᠯᠳᠤᠭᠤᠯᠵᠤ᠂ ᠬᠤᠶᠠᠷ ᠬᠥᠯ ᠢᠶᠠᠨ ᠵᠢᠬᠢᠵᠤ ᠭᠠᠵᠠᠷ ᠢ ᠴᠢᠩᠭ᠎ᠠ ᠢᠰᠬᠦᠯᠬᠦ ᠭᠡᠷᠡᠭᠳᠡᠢ᠃        ③ ᠤᠡᠭᠭᠤᠴᠠᠨ ᠲᠤᠳᠤᠷ᠎ᠠ ᠤᠳᠤᠭ᠎ᠠ ᠤᠨᠢᠶᠠᠷ ᠲᠡᠭᠳᠡᠭᠰᠡᠨ ᠥᠶᠡᠰ ᠲᠤᠯᠤᠭᠠᠢ ᠪᠠᠨ ᠪᠥᠬᠦ᠋ᠢᠵᠤ ᠲᠡᠶᠢᠯᠬᠦ ᠬᠡᠮᠵᠢᠶᠡᠨ ᠳᠤ ᠬᠥᠷᠳᠡᠯ᠎ᠡ ᠪᠥᠬᠦ᠋ᠢᠵᠤ᠂ ᠠᠮᠢᠰᠬᠤᠯ ᠢᠶᠠᠨ ᠲᠤᠭᠳᠠᠪᠤᠷᠢᠵᠢᠭᠤᠯᠵᠤ᠂ ᠤᠮᠳᠠᠭᠠᠨ ᠢᠶᠠᠷ ᠢᠶᠠᠨ ᠠᠯᠴᠢᠭᠤᠷ ᠢᠶᠠᠨ ᠨᠤᠷᠭᠠᠨ ᠠᠮᠠ ᠬᠠᠮᠠᠷ ᠢᠶᠠᠨ ᠲᠠᠷᠤᠭᠰᠠᠨ ᠤ ᠰᠡᠬᠦᠯᠡᠷ ᠲᠠᠬᠢᠨ ᠠᠮᠢᠰᠬᠤᠵᠤ᠂ ᠪᠥᠬᠦ᠋ᠢᠵᠤ ᠮᠥᠯᠬᠦᠨ ᠭᠠᠷᠬᠤ ᠡᠬᠦᠳᠡᠨ ᠳᠤ ᠬᠥᠷᠬᠦ ᠭᠡᠷᠡᠭᠳᠡᠢ᠃         ④ ᠭᠡᠷᠪᠡ ᠨᠢᠰᠭᠡᠯ ᠨᠢ ᠲᠠᠯᠠᠢ ᠲᠠᠩᠬᠢᠰ ᠤᠨ ᠲᠡᠭᠡᠷ᠎ᠡ ᠠᠶᠤᠯᠳᠤ ᠪᠠᠶᠢᠳᠠᠯ ᠳᠤ ᠲᠤᠯᠭᠠᠷᠠᠭᠰᠠᠨ ᠥᠶᠡᠰ ᠠᠪᠤᠷᠠᠯᠳᠠ ᠶᠢᠨ ᠬᠤᠪᠴᠠᠰᠤ ᠶᠢ ᠲᠡᠷᠦ᠋ᠢᠬᠠᠨ ᠡᠮᠥᠰᠬᠦ ᠭᠡᠷᠡᠭᠳᠡᠢ᠃         ⑤  ᠨᠢᠰᠭᠡᠯ ᠭᠠᠵᠠᠷ ᠲᠤ ᠲᠤᠯᠤᠭᠰᠠᠨ ᠲᠠᠭᠤᠨ ᠢ ᠰᠤᠨᠤᠰᠤᠮᠠᠭᠴᠠ ᠪᠠᠨ ᠲᠡᠷᠦ᠋ᠢᠬᠠᠨ ᠠᠶᠤᠯ ᠦᠬᠡᠢ ᠪᠥᠰᠡ ᠪᠠᠨ ᠠᠯᠳᠠᠷᠠᠭᠠᠵᠤ᠂ ᠭᠠᠳᠠᠨᠠᠬᠢ ᠬᠡᠷᠡᠯᠳᠥᠵᠤ ᠪᠠᠶᠢᠭ᠎ᠠ ᠭᠠᠷᠬᠤ ᠡᠬᠦᠳᠡ ᠥᠭᠡᠳᠡ ᠠᠮᠢ ᠴᠥᠯᠡᠨ ᠬᠥᠶᠥᠬᠦ ᠭᠡᠷᠡᠭᠳᠡᠢ᠃         ⑥ ᠨᠢᠰᠭᠡᠯ ᠪᠠᠴᠢᠮ ᠪᠠᠭᠤᠬᠤ ᠪᠠ ᠠᠯᠪᠠᠳᠠᠨ ᠪᠠᠭᠤᠬᠤ ᠥᠶᠡᠰ ᠠᠵᠢᠯᠳᠠᠨ ᠤ ᠵᠢᠯᠤᠭᠤᠳᠤᠯᠭ᠎ᠠ ᠶᠢ ᠰᠤᠨᠤᠰᠴᠤ᠂ ᠲᠥᠷᠭᠡᠨ ᠪᠥᠭᠡᠳ ᠡᠮᠬᠢ ᠲᠠᠷᠠᠭ᠎ᠠ ᠲᠠᠢ  ᠪᠠᠷ ᠪᠠᠴᠢᠮ ᠪᠠᠭᠤᠬᠤ ᠡᠬᠦᠳᠡ ᠪᠠᠷ ᠭᠠᠵᠠᠷ ᠲᠤ ᠭᠤᠯᠭᠤᠨ ᠪᠠᠭᠤᠬᠤ ᠭᠡᠷᠡᠭᠳᠡᠢ᠃       ᠰᠠᠨᠠᠭᠤᠯᠬᠤ ᠨᠢ᠄        ① ᠨᠢᠰᠭᠡᠯ ᠨᠢᠰᠴᠤ ᠪᠠᠶᠢᠬᠤ ᠶᠠᠪᠤᠴᠠ ᠳᠤ ᠭᠠᠷ ᠤᠳᠠᠰᠤ ᠪᠠᠨ ᠪᠥᠷ ᠬᠠᠭᠠᠬᠤ ᠭᠡᠷᠡᠭᠳᠡᠢ᠃        ② ᠨᠢᠰᠭᠡᠯ ᠳᠤ ᠭᠠᠷᠤᠭᠰᠠᠨ ᠤ ᠪᠠᠨ ᠲᠡᠷᠠᠭ᠎ᠠ ᠬᠠᠮᠢᠶ᠎ᠠ ᠪᠥᠬᠦᠢ ᠠᠭᠠᠷ ᠠᠶᠠᠯᠠᠯ ᠤᠨ ᠠᠮᠤᠷ ᠲᠥᠪᠰᠢᠨ ᠤ ᠮᠡᠳᠡᠯᠭᠡ ᠶᠢ ᠰᠤᠨᠤᠰᠴᠤ ᠥᠵᠡᠵᠤ᠂ ᠨᠢᠰᠭᠡᠯ ᠲᠡᠭᠡᠷᠡᠬᠢ ᠠᠮᠤᠷ ᠲᠥᠪᠰᠢᠨ ᠭᠠᠷᠬᠤ ᠡᠬᠦᠳᠡᠨ ᠤ ᠪᠠᠶᠢᠷᠢᠰᠢᠯ ᠢ ᠮᠡᠳᠡᠨ ᠠᠪᠴᠤ᠂ ᠤᠢᠢᠯᠠᠭᠠᠵᠤ ᠮᠡᠳᠡᠬᠦ ᠥᠭᠡᠢ ᠵᠥᠢᠯ ᠪᠠᠶᠢᠪᠠᠯ ᠥᠢᠯᠡᠴᠢᠯᠡᠭᠴᠢ ᠪᠠᠷ ᠵᠢᠭᠠᠯᠭᠠᠨ᠎ᠠ᠃        ③ ᠨᠢᠰᠭᠡᠯ ᠨᠢᠰᠴᠤ ᠭᠠᠷᠬᠤ᠂ ᠭᠠᠵᠠᠷ ᠲᠤ ᠪᠠᠭᠤᠬᠤ ᠪᠠ ᠨᠢᠰᠴᠤ ᠪᠠᠶᠢᠭ᠎ᠠ ᠶᠠᠪᠤᠴᠠ ᠳᠤ ᠠᠮᠤᠷ ᠲᠥᠪᠰᠢᠨ ᠤ ᠪᠥᠰᠡ ᠪᠠᠨ ᠱᠠᠭᠠᠷᠳᠠᠯᠭ᠎ᠠ ᠶᠤᠰᠤᠭᠠᠷ ᠰᠠᠶᠢᠳᠤᠷ ᠪᠦᠰᠡᠯᠡᠵᠤ ᠰᠠᠭᠤᠨ᠎ᠠ᠃        ︵8︶ ᠤᠰᠤᠨ ᠲᠡᠭᠡᠷᠡᠬᠢ ᠵᠠᠮ ᠬᠠᠷᠢᠯᠴᠠᠭᠠᠨ ᠤ ᠡ᠊ᠨᠳᠡᠯ         ᠤᠡᠭᠭᠤᠴᠠ ᠰᠡᠯ᠂ ᠬᠥᠪᠥᠮᠡᠯ ᠪᠡᠯᠡᠳᠭᠡᠮᠵᠢ ᠨᠢ ᠲᠤᠳᠤᠭᠠᠳᠤ ᠭᠤᠤᠯ ᠮᠥᠷᠡᠨ ᠤ ᠤᠰᠤᠨ ᠨᠡᠪᠳᠡᠷᠡᠯᠭᠡ ᠶᠢᠨ ᠬᠥᠷᠢᠶ᠎ᠡ ᠭᠡᠪᠴᠢᠶᠡᠨ ᠳᠤ ᠡᠬᠦᠰᠥᠭᠰᠡᠨ ᠮᠥᠷᠬᠦᠯᠳᠥᠬᠦ᠂ ᠱᠥᠷᠬᠦᠯᠳᠥᠬᠦ᠂ ᠲᠡᠯᠳᠠ ᠬᠠᠳᠠᠨ ᠳᠤ ᠮᠥᠷᠬᠦᠬᠦ᠂ ᠲᠠᠪᠠᠯᠭᠠᠨ ᠳᠤ ᠰᠥᠢᠷᠡᠬᠦ᠂ ᠲᠠᠭᠠᠭᠠᠴᠠ ᠳᠤ ᠲᠡᠷᠤᠭᠳᠠᠬᠤ᠂ ᠭᠠᠯ ᠤᠨ ᠠᠶᠤᠯ ᠡᠬᠦᠰᠬᠦ᠂ ᠲᠡᠯᠪᠡᠷᠡᠬᠦ᠂ ᠵᠢᠪᠬᠦ ᠵᠡᠷᠭᠡ ᠬᠥᠮᠥᠨ ᠬᠠᠷ᠎ᠠ ᠥᠬᠦᠵᠤ ᠰᠢᠷᠬᠠᠳᠤᠬᠤ ᠪᠠ ᠡᠳ᠋ ᠬᠥᠷᠥᠩᠭᠡ ᠬᠤᠬᠢᠷᠠᠬᠤ ᠡ᠊ᠨᠳᠡᠯ ᠢ ᠤᠰᠤᠨ ᠲᠡᠭᠡᠷᠡᠬᠢ ᠵᠠᠮ ᠬᠠᠷᠢᠯᠴᠠᠭᠠᠨ ᠤ ᠡ᠊ᠨᠳᠡᠯ ᠭᠡᠨ᠎ᠡ ᠃ ᠤᠰᠤᠨ ᠲᠡᠭᠡᠷᠡᠬᠢ ᠵᠠᠮ ᠬᠠᠷᠢᠯᠴᠠᠭᠠᠨ ᠤ ᠡ᠊ᠨᠳᠡᠯ ᠤᠨ ᠪᠠᠴᠢᠮ ᠪᠠᠶᠢᠳᠠᠯ ᠢ ᠠᠷᠭᠠᠴᠠᠬᠤ ᠳᠤ᠄        ᠰᠠᠨᠠᠭᠠᠨ ᠳᠤ ᠥᠭᠡᠢ ᠪᠠᠷ ᠤᠰᠤᠨ ᠲᠡᠭᠡᠷ᠎ᠡ ᠵᠠᠮ ᠬᠠᠷᠢᠯᠴᠠᠭᠠᠨ ᠤ ᠡ᠊ᠨᠳᠡᠯ ᠡᠬᠦᠰᠴᠤ᠂ ᠠᠪᠤᠷᠠᠯᠳᠠ ᠶᠢᠨ ᠲᠥᠬᠦᠭᠡᠷᠥᠮᠵᠢ ᠶᠢ ᠠᠰᠢᠭᠯᠠᠨ ᠤᠰᠤᠨ ᠳᠤ ᠥᠰᠥᠷᠴᠤ ᠠᠮᠢ ᠮᠤᠯᠳᠤᠷᠠᠵᠤ ᠵᠠᠪᠳᠤᠬᠤ ᠥᠭᠡᠢ ᠪᠤᠯᠤᠭᠰᠠᠨ ᠥᠶ᠎ᠡ ᠳᠤ ᠲᠤᠤᠷᠠᠬᠢ ᠭᠡᠳᠥᠨ ᠵᠠᠷᠴᠢᠮ ᠢ ᠡᠵᠡᠮᠰᠢᠨ᠎ᠠ᠃          ᠠᠶᠤᠯ ᠳᠤ ᠲᠤᠯᠭᠠᠷᠠᠨ ᠠᠪᠤᠷᠠᠭᠤᠯᠬᠤ ᠵᠠᠷᠴᠢᠮ        ① ᠤᠰᠤᠨ ᠳᠤ ᠥᠰᠥᠷᠬᠦ ᠠᠴᠠ ᠪᠠᠨ ᠡᠮᠥᠨ᠎ᠡ ᠠᠯᠢ ᠴᠢᠳᠠᠬᠤ ᠪᠠᠷ ᠠᠶᠤᠯ ᠳᠤ ᠲᠤᠯᠭᠠᠷᠠᠨ ᠠᠪᠤᠷᠠᠭᠤᠯᠬᠤ ᠲᠤᠬᠢᠶ᠎ᠠ ᠲᠠᠯᠪᠢᠨ᠎ᠠ᠃        ② ᠠᠯᠢ ᠴᠢᠳᠠᠬᠤ ᠪᠠᠷ ᠲᠤᠭᠳᠠᠮᠠᠯ ᠶᠠᠭᠤᠮ᠎ᠠ ᠠᠴᠠ ᠵᠢᠭᠤᠷᠠᠵᠤ᠂ ᠤᠷᠤᠰᠬᠠᠯ ᠤᠰᠤᠨ ᠳᠤ ᠤᠷᠤᠰᠬᠠᠭᠳᠡᠨ ᠶᠠᠪᠤᠬᠤ ᠪᠤᠶᠤ ᠰᠤᠯᠠ ᠶᠠᠭᠤᠮᠠᠨ ᠳᠤ ᠮᠥᠷᠬᠦᠵᠤ ᠰᠢᠷᠬᠠᠳᠤᠬᠤ ᠠᠴᠠ ᠬᠢᠴᠢᠶᠡᠨ᠎ᠡ᠃        ③ ᠠᠪᠤᠷᠠᠨ ᠲᠤᠰᠠᠯᠠᠬᠤ ᠤᠡᠭᠭᠤᠴᠠ ᠰᠡᠯ ᠪᠤᠶᠤ ᠤᠢᠢᠷ᠎ᠠ ᠬᠠᠪᠢ ᠶᠢᠨ ᠤᠡᠭᠭᠤᠴᠠ ᠰᠡᠯ ᠤᠢᠢᠷᠠᠳᠤᠬᠤ ᠥᠶᠡᠰ ᠤᠷᠢᠯᠠᠨ ᠲᠠᠭᠤᠳᠠᠬᠤ ᠪᠤᠶᠤ ᠬᠤᠪᠴᠠᠰᠤ ᠬᠤᠨᠠᠷ ᠢᠶᠠᠷ ᠢᠶᠠᠨ ᠲᠠᠯᠠᠯᠵᠤ᠂ ᠠᠯᠢ ᠴᠢᠳᠠᠬᠤ ᠪᠠᠷ ᠨᠥᠬᠦᠭᠡ ᠡᠳᠡᠭᠡᠳ ᠤᠨ ᠠᠩᠬᠠᠷᠤᠯ ᠢ ᠲᠠᠳᠠᠵᠤ᠂ ᠡᠷᠳᠡᠭᠡᠨ ᠠᠪᠤᠷᠠᠭᠤᠯᠬᠤ ᠭᠡᠷᠡᠭᠳᠡᠢ᠃              ᠤᠰᠤᠨ ᠳᠤ ᠥᠰᠥᠷᠴᠤ ᠥᠪᠡᠷ ᠢ ᠪᠠᠨ ᠠᠪᠤᠷᠠᠬᠤ ᠵᠠᠷᠴᠢᠮ        ① ᠤᠰᠤᠨ ᠳᠤ ᠥᠰᠥᠷᠬᠦ ᠠᠴᠠ ᠪᠠᠨ ᠡᠮᠥᠨ᠎ᠡ ᠠᠯᠢ ᠴᠢᠳᠠᠬᠤ ᠪᠠᠷ ᠤᠰᠤᠨ ᠲᠡᠭᠡᠷ᠎ᠡ ᠬᠥᠪᠥᠮᠡᠯ ᠶᠠᠭᠤᠮ᠎ᠠ ᠲᠤᠬᠠᠢᠢᠯᠠᠪᠠᠯ ᠬᠤᠭᠤᠰᠤᠨ ᠮᠤᠳᠤᠨ ᠠᠪᠳᠠᠷ᠎ᠠ᠂ ᠮᠤᠳᠤᠨ ᠬᠠᠪᠳᠠᠰᠦ᠂ ᠲᠤᠮᠤ ᠭᠡᠰᠡᠭ ᠬᠥᠪᠥᠮᠡᠯ ᠰᠥᠯᠢᠶᠤᠤ ᠵᠡᠷᠭᠡ ᠶᠢ ᠰᠢᠳᠡᠭᠡᠳ ᠤᠰᠤᠨ ᠳᠤ ᠥᠰᠥᠷᠥᠭᠰᠡᠨ ᠤ ᠪᠠᠨ ᠲᠠᠷᠠᠭ᠎ᠠ ᠬᠥᠪᠬᠦ ᠪᠠᠭᠠᠵᠢ ᠪᠤᠯᠭᠠᠬᠤ ᠭᠡᠷᠡᠭᠳᠡᠢ᠃        ② ᠤᠰᠤᠨ ᠳᠤ ᠥᠰᠥᠷᠬᠦ ᠳᠡᠭᠡᠨ ᠠᠯᠢ ᠴᠢᠳᠠᠬᠤ ᠪᠠᠷ ᠲᠡᠭᠡᠰᠥᠨ ᠱᠠᠳᠤ᠂ ᠲᠡᠭᠡᠰᠤ ᠵᠡᠷᠭᠡ ᠪᠠᠷ ᠤᠰᠤᠨ ᠳᠤ ᠤᠷᠤᠬᠤ ᠶᠢ ᠠᠩᠬᠠᠷᠤᠨ᠎ᠠ᠃        ③ ᠤᠰᠤᠨ ᠳᠤ ᠥᠰᠥᠷᠬᠦ ᠳᠡᠭᠡᠨ ᠬᠤᠶᠠᠷ ᠰᠤᠭᠤ ᠪᠠᠨ ᠰᠠᠶᠢᠳᠤᠷ ᠬᠠᠪᠴᠢᠵᠤ᠂ ᠨᠢᠭᠡ ᠭᠠᠷ ᠢᠶᠠᠷ ᠢᠶᠠᠨ ᠬᠠᠮᠠᠷ ᠢᠶᠠᠨ ᠴᠢᠮᠬᠢᠵᠤ᠂ ᠨᠥᠬᠦᠭᠡ ᠭᠠᠷ ᠢᠶᠠᠷ  ᠢᠶᠠᠨ ᠠᠪᠤᠷᠠᠯᠳᠠ ᠶᠢᠨ ᠬᠤᠪᠴᠠᠰᠤ ᠪᠠᠨ ᠰᠠᠶᠢᠳᠤᠷ ᠲᠤᠷᠤᠭᠰᠢ ᠴᠢᠩᠭᠠᠭᠠᠵᠤ᠂ ᠬᠥᠨ ᠠᠮᠢᠰᠬᠤᠵᠤ᠂ ᠠᠮᠠ ᠪᠠᠨ ᠬᠤᠮᠢᠵᠤ᠂ ᠬᠤᠶᠠᠷ ᠬᠥᠯ ᠢᠶᠠᠨ ᠵᠢᠬᠢᠵᠤ᠂ ᠡᠭ᠍ᠴᠡ ᠪᠤᠰᠤᠭ᠎ᠠ ᠭᠡᠯᠪᠡᠷᠢ ᠪᠠᠷ ᠤᠷᠤᠬᠤ ᠭᠡᠷᠡᠭᠳᠡᠢ᠃        ④ ᠤᠰᠤᠨ ᠳᠤ ᠥᠰᠥᠷᠥᠭᠰᠡᠨ ᠤ ᠰᠡᠬᠦᠯᠡᠷ ᠠᠯᠢ ᠲᠥᠷᠭᠡᠨ ᠢᠶᠠᠷ ᠠᠶᠤᠯ ᠳᠤ ᠤᠴᠠᠷᠠᠭᠰᠠᠨ ᠤᠡᠭᠭᠤᠴᠠ ᠰᠡᠯ ᠠᠴᠠ ᠤᠮᠪᠠᠨ ᠵᠠᠶᠢᠯᠠᠵᠤ᠂ ᠵᠢᠪᠴᠦ ᠲᠤᠨᠤᠭᠰᠠᠨ ᠤᠡᠭᠭᠤᠴᠠᠨ ᠤ ᠡᠷᠬᠢᠯᠭᠡᠨ ᠳᠤ ᠤᠷᠤᠰᠬᠤ ᠠᠴᠠ ᠰᠡᠷᠭᠡᠶᠢᠯᠡᠨ᠎ᠡ᠃        ⑤ ᠤᠰᠤᠨ ᠳᠤ ᠥᠰᠥᠷᠥᠭᠰᠡᠨ ᠤ ᠰᠡᠬᠦᠯᠡᠷ ᠭᠡᠷᠪᠡ ᠲᠥᠷᠪᠡᠨ ᠲᠠᠯ᠎ᠠ ᠪᠠᠷ ᠨᠢ ᠲᠤᠰᠤᠨ ᠤ ᠭᠠᠯ ᠪᠠᠶᠢᠪᠠᠯ᠂ ᠠᠪᠤᠷᠠᠯᠳᠠ ᠶᠢᠨ ᠬᠤᠪᠴᠠᠰᠤ ᠪᠠᠨ ᠲᠡᠶᠢᠯᠵᠤ᠂ ᠤᠰᠤᠨ ᠲᠤᠤᠭᠤᠷ ᠰᠠᠯᠬᠢᠨ ᠤ ᠥᠭᠡᠳᠡ ᠤᠮᠪᠠᠨ ᠤᠴᠢᠬᠤ ᠭᠡᠷᠡᠭᠳᠡᠢ᠃ ᠤᠰᠤᠨ ᠲᠡᠭᠡᠷ᠎ᠡ ᠭᠠᠷᠴᠤ ᠠᠮᠢᠰᠬᠤᠯ ᠰᠤᠯᠢᠬᠤ ᠳᠠᠭᠠᠨ ᠬᠤᠶᠠᠷ ᠭᠠᠷ ᠢᠶᠠᠷ ᠢᠶᠠᠨ ᠤᠰᠤᠨ ᠲᠡᠭᠡᠷᠡᠬᠢ ᠲᠤᠰᠤ ᠪᠠ ᠭᠠᠯ ᠢ ᠢᠷᠡᠵᠤ ᠪᠠᠶᠢᠭᠠᠳ ᠲᠠᠬᠢᠨ ᠲᠤᠯᠤᠭᠠᠢ ᠪᠠᠨ ᠭᠠᠷᠭᠠᠨ ᠠᠮᠢᠰᠬᠤᠬᠤ ᠭᠡᠷᠡᠭᠳᠡᠢ᠃         ᠤᠰᠤᠨ ᠳᠤ ᠠᠮᠢ ᠪᠠᠨ ᠬᠠᠮᠠᠭᠠᠯᠠᠬᠤ ᠵᠠᠷᠴᠢᠮ         ① ᠤᠰᠤᠨ ᠳᠤ ᠤᠷᠤᠭᠰᠠᠤᠨ ᠠᠯᠢ ᠴᠢᠳᠠᠬᠤ ᠪᠠᠷ ᠬᠥᠪᠥᠮᠡᠯ ᠪᠤᠳᠠᠰ ᠤᠨ ᠲᠤᠭᠤᠷᠢᠨ ᠳᠤ ᠴᠤᠭᠯᠠᠷᠠᠬᠤ ᠶᠢ ᠠᠩᠬᠠᠷᠤᠨ᠎ᠠ᠃         ② ᠤᠰᠤᠨ ᠳᠤ ᠥᠰᠥᠷᠥᠭᠰᠡᠨ ᠤ ᠰᠡᠬᠦᠯᠡᠷ ᠠᠪᠤᠷᠠᠯᠳᠠ ᠶᠢᠨ ᠬᠤᠪᠴᠠᠰᠤ ᠲᠠᠢ ᠪᠤᠯ ᠠᠯᠢ ᠴᠢᠳᠠᠬᠤ ᠪᠠᠷ ᠪᠠᠭ᠎ᠠ ᠬᠥᠳᠡᠯᠭᠡᠭᠡᠨ ᠬᠢᠵᠤ ᠪᠡᠶ᠎ᠡ ᠪᠠᠨ ᠬᠥᠪᠪᠥᠬᠦᠯᠬᠦ ᠭᠡᠷᠡᠭᠳᠡᠢ᠃ ᠤᠰᠤᠨ ᠳᠤ ᠤᠮᠪᠠᠵᠤ ᠴᠢᠳᠠᠭᠰᠠᠳ ᠲᠠᠩᠭᠠᠢᠢᠵᠤ ᠤᠮᠪᠠᠭ᠋ᠤ ᠭᠡᠯᠪᠡᠷᠢ ᠪᠠᠷ ᠬᠥᠯ ᠭᠠᠷ ᠢᠶᠠᠷ ᠢᠶᠠᠨ ᠤᠰᠤ ᠶᠢ ᠬᠥᠡᠭᠭᠡᠭᠡᠨ ᠰᠡᠯᠢᠵᠤ᠂ ᠤᠷᠳᠤ ᠴᠠᠭ ᠢᠶᠠᠷ ᠬᠥᠪᠪᠥᠬᠦ ᠶᠢ ᠪᠠᠳᠤᠯᠠᠵᠤ᠂ ᠠᠪᠤᠷᠠᠨ ᠲᠤᠰᠠᠯᠠᠬᠤ ᠶᠢ ᠬᠥᠯᠢᠴᠡᠩᠬᠦᠢ ᠪᠠᠷ ᠬᠥᠯᠢᠶᠡᠬᠦ ᠭᠡᠷᠡᠭᠳᠡᠢ᠃         ᠰᠠᠨᠠᠭᠤᠯᠬᠤ ᠨᠢ᠄         ① ᠨᠡᠷ᠎ᠡ ᠲᠠᠮᠳᠡᠭ ᠥᠭᠡᠢ ᠤᠡᠭᠭᠤᠴᠠ᠂ ᠥᠨᠡᠮᠯᠡᠯ ᠥᠭᠡᠢ ᠤᠡᠭᠭᠤᠴᠠ᠂ ᠭᠠᠷᠠᠮ ᠤᠨ ᠲᠡᠮᠳᠡᠭ ᠥᠭᠡᠢ ᠤᠡᠭᠭᠤᠴᠠ ᠪᠠ ᠠᠴᠢᠶ᠎ᠠ ᠭᠡᠳᠥᠷᠡᠭᠰᠡᠨ ᠤᠡᠭᠭᠤᠴᠠᠨ ᠳᠤ ᠰᠠᠭᠤᠵᠤ ᠪᠤᠯᠬᠤ ᠥᠭᠡᠢ᠃         ② ᠶᠡᠭᠡ ᠰᠠᠯᠬᠢ ᠪᠤᠷᠤᠭᠠᠨ ᠲᠠᠢ ᠥᠶ᠎ᠡ ᠳᠤ ᠨᠠᠭᠤᠷ᠂ ᠴᠥᠬᠦᠷᠥᠮ ᠤᠨ ᠤᠷᠤᠨ ᠳᠤ ᠵᠤᠭᠠᠴᠠᠯ ᠤᠨ ᠤᠡᠭᠭᠤᠴᠠᠨ ᠳᠤ ᠰᠠᠭᠤᠵᠤ ᠪᠤᠯᠬᠤ ᠥᠭᠡᠢ᠃ ᠬᠠᠳᠤᠨ ᠭᠤᠤᠯ ᠤᠨ ᠰᠥᠩ ᠤᠨ ᠬᠤᠭᠤᠴᠠᠭ᠎ᠠ᠂ ᠲᠡᠭᠷᠢ ᠮᠠᠭᠤᠬᠠᠢ ᠥᠶ᠎ᠡ ᠳᠤ ᠤᠡᠭᠭᠤᠴᠠᠨ ᠳᠤ ᠰᠠᠭᠤᠵᠤ ᠪᠤᠯᠬᠤ ᠥᠭᠡᠢ᠃         ③ ᠬᠥᠪᠥᠮᠡᠯ ᠬᠥᠬᠦᠷᠭᠡ ᠪᠠᠷ ᠥᠡᠭᠭᠡᠷᠡᠬᠦ ᠳᠡᠭᠡᠨ ᠬᠥᠮᠥᠨ ᠲᠡᠷᠭᠡ ᠶᠢ ᠰᠠᠯᠭᠠᠵᠤ᠂ ᠵᠢᠯᠤᠭᠤᠴᠢ ᠶᠢ ᠭᠠᠷᠭᠠᠪᠠᠯ᠂ ᠪᠤᠰᠤᠳ ᠬᠥᠮᠥᠰ ᠨᠢ ᠶᠠᠪᠠᠭᠠᠨ ᠢᠶᠠᠷ ᠬᠥᠪᠥᠮᠡᠯ ᠬᠥᠬᠦᠷᠭᠡ ᠶᠢ ᠥᠡᠭᠭᠡᠷᠡᠬᠦ ᠭᠡᠷᠡᠭᠳᠡᠢ᠃               ④ ᠵᠤᠭᠠᠴᠠᠯ ᠤᠨ ᠤᠡᠭᠭᠤᠴᠠ᠂ ᠬᠡᠳᠥᠯᠬᠦ ᠰᠡᠯ ᠳᠤ ᠰᠠᠭᠤᠬᠤ ᠠᠴᠠ ᠪᠠᠨ ᠡᠮᠥᠨ᠎ᠡ ᠠᠪᠤᠷᠠᠯᠳᠠ ᠶᠢᠨ ᠬᠤᠪᠴᠠᠰᠤ ᠶᠢ ᠰᠠᠶᠢᠳᠤᠷ ᠡᠮᠦᠰᠴᠤ ᠠᠶᠠᠯᠠᠨ᠎ᠠ᠃
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ