︵1︶ ᠠᠶᠢᠯ ᠭᠡᠷ ᠤᠨ ᠭᠠᠯ ᠤᠨ ᠠᠶᠤᠯ | ᠠᠶᠢᠯ ᠭᠡᠷ ᠤᠨ ᠭᠠᠯ ᠤᠨ ᠠᠶᠤᠯ ᠭᠡᠳᠡᠭ ᠪᠤᠯ ᠠᠮᠢᠳᠤᠷᠠᠯ ᠤᠨ ᠲᠤᠮᠳᠠ ᠭᠠᠯ᠂ ᠭᠡᠷ ᠤᠨ ᠭᠡᠷᠡᠭᠯᠡᠭᠡᠨ ᠤ ᠴᠠᠬᠢᠯᠭᠠᠨ ᠭᠡᠷᠡᠭᠰᠡᠯ ᠪᠤᠶᠤ ᠠᠮᠠᠷᠬᠠᠨ ᠰᠢᠳᠠᠬᠤ | ᠪᠤᠳᠠᠰ ᠢ ᠲᠤᠬᠢᠷᠠᠮᠵᠢᠳᠠᠢ ᠭᠡᠷᠡᠭᠯᠡᠭᠰᠡᠨ ᠥᠭᠡᠢ ᠠᠴᠠ ᠪᠤᠯᠵᠤ ᠡᠬᠦᠰᠥᠭᠰᠡᠨ ᠭᠠᠯ ᠤᠨ ᠠᠶᠤᠯ ᠢ ᠭᠡᠯᠡᠵᠤ ᠪᠠᠶᠢᠨ᠎ᠠ᠃ ᠬᠥᠮᠥᠰ ᠠᠶᠢᠯ ᠭᠡᠷ ᠤᠨ ᠠᠶᠤᠯ ᠦᠬᠡᠢ ᠶᠢᠨ | ᠮᠡᠳᠡᠯᠭᠡ ᠪᠠᠷ ᠲᠤᠳᠠᠮᠠᠭ᠂ ᠮᠢᠨᠴᠥᠬᠦᠷᠡᠨ ᠲᠠᠶᠢᠪᠤᠰᠢᠷᠠᠭᠰᠠᠨ ᠠᠴᠠ ᠪᠤᠯᠵᠤ ᠭᠠᠯ ᠤᠨ ᠠᠶᠤᠯ ᠡᠬᠦᠰᠴᠤ᠂ ᠭᠡᠵᠢᠶᠡᠳᠡ ᠵᠤᠬᠢᠰ ᠥᠭᠡᠢ ᠰᠢᠢᠳᠪᠥᠷᠢᠯᠡᠭᠰᠡᠨ ᠪᠠ ᠮᠡᠳᠡᠬᠦᠯᠬᠦ | ᠨᠢ ᠤᠷᠦ᠋ᠢᠳᠠᠭᠰᠠᠨ ᠠᠴᠠ ᠪᠤᠯᠤᠭᠠᠳ ᠬᠥᠮᠥᠨ ᠠᠮᠢᠳᠠᠨ ᠥᠬᠦᠵᠤ ᠰᠢᠷᠬᠠᠳᠤᠬᠤ ᠪᠠ ᠡᠳ᠋ ᠪᠤᠳᠠᠰ ᠬᠤᠬᠢᠷᠠᠵᠤ ᠰᠥᠢᠳᠳᠡᠭ᠃ ᠠᠶᠢᠯ ᠭᠡᠷ ᠤᠨ ᠭᠠᠯ ᠤᠨ ᠠᠶᠤᠯ ᠤᠨ | ᠪᠠᠴᠢᠮ ᠪᠠᠶᠢᠳᠠᠯ ᠢ ᠠᠷᠭᠠᠴᠠᠬᠤ ᠳᠤ᠄ | ① ᠭᠠᠯ ᠭᠠᠷᠤᠮᠠᠭᠴᠠ ᠤᠨᠳᠠᠷᠠᠭᠠᠪᠠᠯ ᠮᠠᠰᠢ ᠠᠮᠠᠷᠬᠠᠨ ᠪᠠᠶᠢᠵᠤ᠂ ᠭᠡᠷᠪᠡ ᠬᠥᠴᠤ ᠪᠠᠨ ᠲᠥᠪᠯᠡᠷᠡᠬᠦᠯᠥᠨ ᠵᠠᠪᠳᠤᠨ ᠤᠨᠳᠠᠷᠠᠭᠠᠪᠠᠯ ᠲᠥᠭᠰᠢᠬᠦᠷᠢ ᠶᠢ | ᠲᠥᠪᠰᠢᠨ ᠪᠤᠯᠭᠠᠵᠤ᠂ ᠠᠶᠤᠯ ᠢ ᠠᠮᠤᠭᠤᠯᠠᠩ ᠪᠤᠯᠭᠠᠵᠤ ᠴᠢᠳᠠᠳᠠᠭ᠃ | ② ᠡᠷᠳᠡᠭᠡᠨ ᠮᠡᠳᠡᠬᠦᠯᠬᠦ ᠭᠡᠷᠡᠭᠳᠡᠢ᠂ ᠭᠡᠳᠥᠢ ᠡᠷᠳᠡ ᠮᠡᠳᠡᠬᠦᠯᠪᠡᠯ ᠬᠤᠬᠢᠷᠠᠯ ᠢ ᠲᠡᠳᠥᠢ ᠪᠠᠭᠠᠰᠬᠠᠵᠤ ᠴᠢᠳᠠᠨ᠎ᠠ᠃ | ③ ᠤᠷᠢᠳ ᠢᠶᠠᠷ ᠭᠠᠯ ᠢ ᠲᠡᠷᠤᠵᠤ᠂ ᠲᠠᠷᠠᠭ᠎ᠠ ᠨᠢ ᠡᠳ᠋ ᠪᠠᠷᠠᠭ᠎ᠠ ᠪᠠᠨ ᠰᠢᠯᠵᠢᠬᠦᠯᠥᠨᠡ᠂ ᠪᠠᠭ᠎ᠠ ᠯᠠ ᠤᠳᠠᠭᠠᠰᠢᠷᠠᠪᠠᠯ ᠶᠡᠭᠡ ᠭᠠᠮᠰᠢᠬ ᠡᠬᠦᠰᠴᠤ ᠮᠡᠳᠡᠨ᠎ᠡ᠃ | | ④ ᠡᠮᠬᠢ ᠲᠢᠭᠯᠢᠮ ᠲᠠᠢ ᠪᠠᠶᠢᠪᠠᠯ ᠰᠠᠶ᠋ᠢ ᠭᠠᠯ ᠤᠨ ᠲᠠᠯᠠᠪᠠᠢ ᠠᠴᠠ ᠠᠮᠤᠷ ᠲᠥᠪᠰᠢᠨ ᠢᠶᠠᠷ ᠰᠢᠯᠵᠢᠵᠤ ᠴᠢᠳᠠᠨ᠎ᠠ᠃ ᠬᠠᠷᠢᠯᠴᠠᠨ ᠰᠢᠬᠠᠯᠳᠤᠬᠤ ᠪᠠ ᠵᠠᠮ | ᠮᠥᠷ ᠢ ᠲᠥᠭᠵᠢᠵᠤ ᠤᠭᠳᠤ ᠪᠤᠯᠬᠤ ᠥᠭᠡᠢ᠃ ᠡᠰᠡ ᠲᠡᠶᠢᠮᠥ ᠪᠤᠯ ᠬᠠᠷᠢᠯᠴᠠᠨ ᠬᠢᠰᠬᠢᠯᠴᠡᠵᠤ᠂ ᠬᠠᠷᠠᠰᠠᠯᠳᠤ ᠶᠠᠪᠤᠳᠠᠯ ᠡᠬᠦᠰᠭᠡᠬᠦ ᠪᠤᠯᠤᠨ᠎ᠠ᠃ | ⑤ ᠠᠰᠠᠷ ᠠᠴᠠ ᠪᠠᠭᠤᠬᠤ ᠱᠠᠳᠤ ᠭᠠᠯ ᠳᠤ ᠠᠪᠳᠠᠵᠤ᠂ ᠲᠤᠳᠠᠭᠠᠨ ᠭᠠᠷᠴᠤ ᠲᠡᠶᠢᠯᠬᠦ ᠥᠭᠡᠢ ᠥᠶᠡᠰ᠂ ᠬᠥᠨᠵᠢᠯᠡ ᠲᠡᠪᠢᠰᠭᠡᠷ ᠤᠨ ᠪᠥᠰ ᠢ ᠵᠥᠰᠥᠵᠤ | ᠲᠡᠭᠡᠰᠤ ᠲᠡᠮᠤᠵᠤ᠂ ᠴᠤᠩᠬᠤᠨ ᠰᠠᠷᠠᠯᠵᠢ ᠠᠴᠠ ᠤᠶᠠᠵᠤ᠂ ᠭᠤᠯᠭᠤᠷᠢᠨ ᠪᠠᠭᠤᠵᠤ ᠪᠤᠯᠤᠨ᠎ᠠ᠃ | ⑥ ᠨᠥᠬᠦᠭᠡ ᠥᠷᠥᠭᠡᠨ ᠳᠤ ᠭᠠᠯ ᠭᠠᠷᠤᠭᠰᠠᠨ ᠪᠤᠯ ᠡᠬᠦᠳᠡ ᠪᠠᠨ ᠨᠡᠭᠡᠭᠡᠵᠤ ᠤᠭᠳᠤ ᠪᠤᠯᠬᠤ ᠥᠭᠡᠢ᠂ ᠬᠠᠷᠢᠨ ᠨᠠᠷᠠᠪᠴᠢ ᠲᠡᠭᠡᠷ᠎ᠡ ᠪᠠᠨ ᠭᠠᠷᠴᠤ ᠬᠥᠮᠥᠨ | ᠬᠠᠷ᠎ᠠ ᠲᠠᠭᠤᠳᠠᠬᠤ ᠪᠤᠶᠤ ᠲᠡᠭᠡᠷ᠎ᠡ ᠲᠤᠷᠠᠳᠤᠭᠰᠠᠨ ᠠᠷᠭ᠎ᠠ ᠪᠠᠷ ᠠᠶᠤᠯ ᠠᠴᠠ ᠵᠠᠶᠢᠯᠠᠵᠤ ᠪᠤᠯᠤᠨ᠎ᠠ᠃ ᠡᠰᠡ ᠲᠡᠶᠢᠮᠥ ᠪᠤᠯ ᠬᠠᠯᠠᠭᠤᠨ ᠤᠳᠤᠭ᠎ᠠ ᠠᠭᠤᠷ ᠪᠤᠷᠬᠢᠯᠤᠨ | ᠤᠷᠤᠵᠤ᠂ ᠬᠥᠮᠥᠰ ᠢ ᠪᠥᠳᠡᠵᠤ ᠥᠬᠦᠬᠦᠯᠵᠤ ᠮᠡᠳᠡᠨ᠎ᠡ᠃ | ⑦ ᠤᠳᠤᠭ᠎ᠠ ᠤᠨᠢᠶᠠᠷ ᠬᠡᠴᠡᠬᠦᠥ ᠥᠶ᠎ᠡ ᠳᠤ ᠰᠥᠬᠦᠳᠥᠨ ᠰᠥᠬᠦᠷᠡᠵᠦ᠂ ᠮᠥᠯᠬᠦᠨ ᠵᠠᠶᠢᠯᠠᠬᠤ ᠭᠡᠷᠡᠭᠳᠡᠢ᠂ ᠤᠴᠢᠷ ᠨᠢ ᠭᠠᠵᠠᠷ ᠲᠠᠢ ᠨᠠᠭᠠᠯᠳᠤᠪᠠᠯ ᠴᠡᠪᠡᠷ | ᠭᠡᠢ ᠠᠭᠠᠷ ᠪᠠᠶᠢᠳᠠᠭ᠃ ᠬᠥᠡᠭᠭᠡᠨ ᠠᠮᠢᠰᠬᠤᠬᠤ ᠶᠢ ᠠᠩᠬᠠᠷᠬᠤ ᠭᠡᠷᠡᠭᠳᠡᠢ᠃ | ⑧ ᠡᠷᠭᠡᠪᠰᠢ ᠠᠰᠠᠷ ᠲᠡᠭᠡᠷ᠎ᠡ ᠭᠠᠷᠬᠤ ᠴᠢᠬᠤᠯᠠ ᠲᠠᠢ ᠪᠠᠶᠢᠳᠠᠯ ᠲᠤᠤᠷ᠎ᠠ᠂ ᠡᠷᠭᠡᠪᠰᠢ ᠠᠮᠢᠰᠬᠤᠯ ᠢᠶᠠᠨ ᠬᠤᠷᠢᠶᠠᠵᠤ ᠪᠠᠶᠢᠭᠠᠳ ᠠᠰᠠᠷ ᠲᠠᠪᠠᠭ᠋ᠤ ᠭᠡᠷᠡᠭᠳᠡᠢ᠃ | ᠤᠴᠢᠷ ᠨᠢ ᠤᠳᠤᠭᠠᠨ ᠤ ᠥᠳᠭᠡᠴᠡ ᠲᠡᠭᠡᠭᠰᠢᠯᠡᠬᠦ ᠬᠤᠷᠳᠤᠴᠠ ᠨᠢ ᠰᠧᠺᠦ᠋ᠨ᠋ᠳ᠋ ᠪᠥᠷᠢ 3~5m ᠪᠠᠶᠢᠬᠤ ᠳᠤ᠂ ᠬᠠᠷᠢᠨ ᠬᠥᠮᠥᠨ ᠤ ᠱᠠᠳᠤ ᠲᠠᠪᠠᠭ᠋ᠤ ᠬᠤᠷᠳᠤᠴᠠ | ᠨᠢ ᠰᠧᠺᠦ᠋ᠨ᠋ᠳ᠋ ᠪᠥᠷᠢ 0.5m ᠯᠠ ᠪᠠᠶᠢᠳᠠᠭ᠃ | ⑨ ᠲᠤᠳᠠᠭᠠᠵᠤ ᠵᠠᠶᠢᠯᠠᠬᠤ ᠥᠶᠡᠰ ᠨᠦᠢᠳᠠᠨ ᠠᠯᠴᠢᠭᠤᠷ ᠢᠶᠠᠷ ᠠᠮᠠ ᠬᠠᠮᠠᠷ ᠢᠶᠠᠨ ᠲᠠᠷᠤᠬᠤ ᠭᠡᠷᠡᠭᠳᠡᠢ᠃ ᠪᠠᠰᠠ ᠬᠤᠸᠠᠷ ᠤᠨ ᠯᠤᠩᠬᠤ᠂ ᠤᠰᠤᠨ ᠰᠠᠪᠠ᠂ | ᠵᠢᠭᠠᠰᠤ ᠲᠡᠵᠢᠭᠡᠬᠦ ᠰᠠᠪᠠ ᠶᠢᠨ ᠢᠶᠠᠨ ᠤᠰᠤ ᠪᠠᠷ ᠪᠥᠰ ᠤᠨ ᠵᠥᠢᠯᠡᠰ ᠢ ᠨᠤᠷᠭᠠᠨ ᠠᠮᠠ ᠬᠠᠮᠠᠷ ᠢᠶᠠᠨ ᠲᠠᠷᠤᠵᠤ ᠪᠤᠯᠤᠨ᠎ᠠ᠃ ᠨᠢᠯᠬᠠᠰ ᠲᠡᠪᠡᠷᠢᠨ ᠵᠠᠶᠢᠳᠠᠬᠤ ᠥᠶᠡᠰ᠂ | ᠨᠦᠢᠳᠠᠨ ᠪᠥᠰ ᠢᠶᠠᠷ ᠭᠡᠥᠭᠡᠳ ᠤᠨ ᠢᠶᠠᠨ ᠨᠢᠭᠤᠷ ᠢ ᠪᠥᠳᠡᠭᠡᠵᠤ᠂ ᠨᠢᠭᠡ ᠭᠠᠷ ᠢᠶᠠᠷ ᠢᠶᠠᠨ ᠭᠡᠥᠭᠡᠳ ᠢᠶᠠᠨ ᠲᠡᠪᠡᠷᠢᠨ᠂ ᠨᠥᠬᠦᠭᠡ ᠭᠠᠷ ᠢᠶᠠᠷ ᠢᠶᠠᠨ ᠭᠠᠵᠠᠷ ᠲᠤᠯᠤᠨ | ᠮᠥᠯᠬᠦᠨ ᠵᠠᠶᠢᠯᠠᠬᠤ ᠭᠡᠷᠡᠭᠳᠡᠢ᠃ | ⑩ ᠵᠠᠶᠢᠯᠠᠬᠤ ᠠᠴᠠ ᠪᠠᠨ ᠡᠮᠥᠨ᠎ᠡ ᠭᠠᠯ ᠭᠠᠷᠤᠭᠰᠠᠨ ᠥᠷᠥᠭᠡ ᠶᠢᠨ ᠢᠶᠠᠨ ᠡᠬᠦᠳᠡ ᠶᠢ ᠴᠢᠩᠭ᠎ᠠ ᠬᠠᠭᠠᠬᠤ ᠭᠡᠷᠡᠭᠳᠡᠢ᠃ ᠢᠯᠠᠩᠭᠤᠶ᠎ᠠ ᠤᠯᠠᠨ ᠡᠷᠥᠭᠡ | ᠰᠠᠭᠤᠵᠤ ᠪᠠᠶᠢᠭ᠎ᠠ ᠲᠤᠮᠤ ᠠᠰᠠᠷ ᠲᠤ ᠲᠤᠰ ᠠᠷᠭ᠎ᠠ ᠶᠢ ᠭᠡᠷᠡᠭᠯᠡᠪᠡᠯ᠂ ᠭᠠᠯ ᠤᠨ ᠰᠤᠷ᠂ ᠬᠠᠷ᠎ᠠ ᠤᠳᠤᠭ᠎ᠠ ᠶᠢ ᠨᠢᠭᠡ ᠯᠡ ᠥᠷᠥᠭᠡᠨ ᠲᠤᠳᠤᠷ᠎ᠠ ᠪᠠᠭᠰᠢᠷᠠᠭᠤᠯᠵᠤ᠂ | ᠲᠥᠷᠭᠡᠨ ᠥᠷᠪᠢᠰᠬᠦ ᠶᠢ ᠨᠢ ᠬᠤᠷᠢᠭᠯᠠᠭᠠᠳ᠂ ᠥᠪᠡᠷ ᠤᠨ ᠪᠡᠶ᠎ᠡ ᠪᠠ ᠪᠤᠰᠤᠳ ᠬᠥᠮᠥᠰ ᠲᠤ ᠬᠤᠪᠤᠷ ᠨᠠᠨᠳᠢᠨ ᠴᠠᠭ ᠤᠯᠭᠤᠵᠤ ᠴᠢᠳᠠᠨ᠎ᠠ᠃ | ᠰᠠᠨᠠᠭᠤᠯᠬᠤ ᠨᠢ᠄ | ① ᠤᠷᠤᠨ ᠲᠡᠭᠡᠷ᠎ᠡ ᠪᠠᠨ ᠲᠡᠮᠡᠬᠢ ᠲᠠᠳᠠᠵᠤ ᠪᠤᠯᠬᠤ ᠥᠭᠡᠢ᠂ ᠲᠠᠮᠠᠬᠢᠨ ᠤᠵᠠᠭᠤᠷ᠂ ᠨᠤᠴᠤᠭᠠᠯᠭ᠎ᠠ ᠶᠢ ᠲᠤᠷ᠎ᠠ ᠪᠠᠷ ᠢᠶᠠᠨ ᠬᠠᠶᠠᠵᠤ ᠪᠤᠯᠬᠤ ᠥᠭᠡᠢ᠂ | ᠭᠡᠥᠭᠡᠳ ᠢ ᠭᠠᠯ ᠢᠶᠠᠷ ᠨᠠᠭᠠᠳᠤᠭᠤᠯᠵᠤ ᠪᠤᠯᠬᠤ ᠥᠭᠡᠢ᠃ | ② ᠬᠠᠷ᠎ᠠ ᠠᠷᠢᠬᠢ᠂ ᠴᠠᠭᠠᠰᠤ᠂ ᠴᠤᠩᠬᠤᠨ ᠬᠥᠰᠢᠭᠡ ᠵᠡᠷᠭᠡ ᠰᠢᠳᠠᠮᠠᠬᠠᠢ ᠵᠥᠢᠯ ᠢ ᠭᠠᠯ ᠤᠨ ᠰᠤᠷᠪᠤᠯᠵᠢ ᠠᠴᠠ ᠬᠥᠢᠴᠡᠳ ᠵᠠᠶᠢᠳᠠᠢ ᠪᠠᠶᠢᠯᠭᠠᠨ᠎ᠠ᠃ | ③ ᠭᠡᠷ ᠤᠨ ᠴᠠᠬᠢᠯᠭᠠᠨ ᠭᠡᠷᠡᠭᠰᠡᠯ ᠢ ᠵᠥᠪ ᠭᠡᠷᠡᠭᠯᠡᠵᠤ᠂ ᠪᠠᠳᠤᠯᠠᠭ᠎ᠠ ᠨᠠᠶᠢᠳᠠᠪᠤᠷᠢ ᠲᠠᠢ ᠴᠠᠬᠢᠯᠭᠠᠨ ᠡᠬᠦᠰᠭᠡᠭᠴᠢ ᠶᠢᠨ ᠨᠡᠬᠡᠬᠡᠯᠬᠡ ᠶᠢ ᠰᠤᠩᠭᠤᠨ ᠭᠡᠷᠡᠭᠯᠡᠬᠦ | ᠭᠡᠷᠡᠭᠳᠡᠢ᠃ ᠭᠠᠳᠠᠭᠰᠢ ᠭᠠᠷᠬᠤ ᠥᠶᠡᠰ ᠴᠠᠬᠢᠯᠭᠠᠨ ᠡᠬᠦᠰᠭᠡᠭᠴᠢ ᠶᠢ ᠰᠠᠶᠢᠳᠤᠷ ᠬᠠᠭᠠᠬᠤ ᠭᠡᠷᠡᠭᠳᠡᠢ᠃ | ④ ᠬᠤᠪᠴᠠᠰᠤ ᠬᠤᠨᠠᠷ ᠢᠶᠠᠨ ᠢᠯᠢᠬᠦᠷᠳᠡᠵᠤ ᠪᠠᠶᠢᠭᠠᠳ ᠤᠳᠠᠰᠤ ᠲᠤᠰᠬᠤ ᠪᠤᠶᠤ ᠭᠡᠷ ᠤᠨ ᠠᠵᠢᠯ ᠬᠢᠵᠤ ᠪᠤᠯᠬᠤ ᠥᠭᠡᠢ᠃ ᠰᠢᠩᠭᠡᠨ ᠭᠡᠢ᠂ ᠨᠡᠬᠦᠷᠡᠰᠥᠨ | ᠭᠡᠢ᠂ ᠪᠠᠶᠢᠭᠠᠯᠢ ᠶᠢᠨ ᠰᠢᠳᠠᠮᠠᠬᠠᠢ ᠭᠡᠢ ᠭᠡᠷᠡᠭᠯᠡᠵᠤ ᠪᠠᠶᠢᠭᠠᠳ ᠭᠡᠷ ᠠᠴᠠ ᠪᠠᠨ ᠰᠠᠯᠵᠤ ᠪᠤᠯᠬᠤ ᠥᠭᠡᠢ᠂ ᠭᠡᠷᠡᠭᠯᠡᠵᠤ ᠪᠠᠷᠠᠮᠠᠭᠴᠠ ᠪᠠᠨ ᠨᠡᠬᠡᠬᠡᠯᠬᠡ ᠶᠢ ᠨᠢ ᠰᠠᠶᠢᠳᠤᠷ | ᠬᠠᠭᠠᠵᠤ᠂ ᠭᠡᠢ ᠪᠡᠶᠡᠳᠤ ᠨᠡᠪᠴᠢᠬᠦ ᠠᠴᠠ ᠰᠡᠷᠭᠡᠶᠢᠯᠡᠨ᠎ᠠ᠃ | ⑤ ᠭᠡᠷ ᠲᠤᠳᠤᠷᠠᠬᠢ ᠰᠢᠳᠠᠮᠠᠬᠠᠢ ᠡᠳ᠋ᠯᠡᠯ ᠭᠡᠷᠡᠭᠰᠡᠯ ᠢᠶᠠᠨ ᠲᠤᠬᠢᠳᠠᠢ ᠰᠠᠶᠢᠨ ᠬᠠᠳᠠᠭᠠᠯᠠᠵᠤ ᠬᠠᠮᠠᠭᠠᠯᠠᠨ᠂ ᠤᠯᠠᠨ ᠨᠡᠶᠢᠳᠡ ᠶᠢᠨ ᠤᠷᠤᠵᠤ ᠭᠠᠷᠬᠤ ᠵᠠᠮ | ᠮᠥᠷ ᠢ ᠰᠠᠭᠠᠳ ᠬᠠᠷᠰᠢ ᠥᠭᠡᠢ ᠪᠠᠶᠢᠯᠭᠠᠬᠤ ᠭᠡᠷᠡᠭᠳᠡᠢ᠃ | ⑥ ᠰᠠᠭᠤᠭᠠᠯᠢ ᠠᠷᠠᠳ ᠤᠨ ᠲᠤᠭᠤᠷᠢᠬ ᠲᠠᠬᠢ ᠭᠠᠯ ᠤᠨᠳᠠᠷᠠᠭᠠᠬᠤ ᠪᠡᠯᠡᠳᠭᠡᠮᠵᠢ ᠶᠢ ᠪᠤᠯᠠᠵᠤ ᠲᠠᠷᠤᠬᠤ ᠪᠠ ᠡᠵᠡᠯᠡᠵᠤ ᠪᠤᠯᠬᠤ ᠥᠭᠡᠢ᠂ ᠭᠠᠯ | ᠤᠨᠳᠠᠷᠠᠭᠠᠬᠤ ᠪᠡᠯᠡᠳᠭᠡᠮᠵᠢ ᠶᠢ ᠰᠠᠶᠢᠳᠤᠷ ᠬᠠᠮᠠᠭᠠᠯᠠᠬᠤ ᠭᠡᠷᠡᠭᠳᠡᠢ᠃ ᠠᠶᠢᠯ ᠭᠡᠷ ᠲᠡᠭᠡᠨ ᠴᠢᠬᠤᠯᠠ ᠪᠥᠬᠦᠢ ᠭᠠᠯ ᠤᠨᠳᠠᠷᠠᠭᠠᠬᠤ ᠪᠠᠭᠠᠵᠢ ᠪᠡᠯᠡᠳᠭᠡᠵᠤ᠂ ᠵᠥᠪ ᠭᠡᠷᠡᠭᠯᠡᠵᠤ | ᠰᠤᠷᠬᠤ ᠭᠡᠷᠡᠭᠳᠡᠢ᠃ | ︵2︶ ᠦᠨᠳᠤᠷ ᠠᠰᠠᠷ ᠲᠠᠭᠳᠤ ᠶᠢᠨ ᠭᠠᠯ ᠤᠨ ᠠᠶᠤᠯ | ᠥᠨᠳᠥᠷ ᠠᠰᠠᠷ ᠲᠠᠭᠳᠤ ᠶᠢᠨ ᠭᠠᠯ ᠤᠨ ᠠᠶᠤᠯ ᠭᠡᠳᠡᠭ ᠪᠤᠯ 10 ᠲᠠᠪᠬᠤᠷ ᠪᠠ 10 ᠲᠠᠪᠬᠤᠷ ᠠᠴᠠ ᠲᠡᠭᠡᠭᠰᠢᠬᠢ ᠤᠷᠤᠨ ᠰᠠᠭᠤᠴᠠ ᠶᠢᠨ ᠪᠠᠷᠢᠯᠭ᠎ᠠ ᠪᠤᠶᠤ | ᠪᠠᠷᠢᠯᠭ᠎ᠠ ᠶᠢᠨ ᠥᠨᠳᠥᠷᠴᠡ ᠨᠢ 24m ᠠᠴᠠ ᠲᠠᠪᠠᠭᠰᠠᠨ ᠤᠯᠠᠨ ᠨᠡᠶᠢᠳᠡ ᠶᠢᠨ ᠪᠠᠷᠢᠯᠭ᠎ᠠ ᠳᠤ ᠡᠬᠦᠰᠥᠭᠰᠡᠨ ᠭᠠᠯ ᠤᠨ ᠠᠶᠤᠯ ᠢ ᠵᠢᠭᠠᠵᠤ ᠪᠤᠢ᠃ ᠥᠨᠳᠥᠷ ᠪᠠᠷᠢᠯᠭ᠎ᠠ | ᠶᠢᠨ ᠤᠨᠴᠠᠯᠢᠬ ᠪᠤᠯ ᠭᠤᠤᠯ ᠨᠢ ᠪᠠᠷᠢᠯᠭ᠎ᠠ ᠶᠢᠨ ᠪᠥᠳᠥᠴᠡ᠂ ᠴᠢᠳᠠᠪᠬᠢ ᠨᠢ ᠪᠤᠳᠤᠯᠢᠶᠠᠨ ᠲᠠᠢ᠂ ᠬᠥᠮᠥᠨ ᠬᠠᠷ᠎ᠠ ᠲᠥᠪᠯᠡᠷᠡᠭᠰᠡᠨ᠂ ᠰᠢᠳᠠᠮᠠᠬᠠᠢ ᠡᠳ᠋ ᠠᠷᠪᠢᠨ ᠪᠠ ᠭᠠᠯ | ᠤᠨ ᠠᠶᠤᠯ ᠤᠨ ᠪᠠᠭᠳᠠᠭᠠᠮᠵᠢ ᠲᠤᠮᠤ ᠪᠠᠶᠢᠳᠠᠭ᠃ ᠭᠠᠯ ᠭᠠᠷᠬᠤ ᠳᠤ ᠬᠥᠷᠪᠡᠯ᠂ ᠪᠤᠰᠤᠭ᠎ᠠ ᠭᠠᠯ ᠤᠨ ᠠᠶᠤᠯ ᠡᠬᠦᠰᠬᠦ ᠪᠥᠭᠡᠳ ᠲᠠᠷᠬᠠᠭᠠᠵᠤ ᠵᠠᠶᠢᠯᠠᠭᠤᠯᠬᠤ ᠳᠤ ᠬᠥᠴᠢᠷ | ᠲᠠᠢ ᠠᠴᠠ ᠪᠤᠯᠤᠭᠠᠳ ᠬᠥᠮᠥᠨ ᠠᠮᠢᠳᠠᠨ ᠥᠬᠦᠵᠤ ᠰᠢᠷᠬᠠᠳᠤᠳᠠᠭ᠃ ᠦᠨᠳᠤᠷ ᠠᠰᠠᠷ ᠲᠠᠭᠳᠤ ᠶᠢᠨ ᠭᠠᠯ ᠤᠨ ᠠᠶᠤᠯ ᠤᠨ ᠪᠠᠴᠢᠮ ᠪᠠᠶᠢᠳᠠᠯ ᠢ ᠠᠷᠭᠠᠴᠠᠬᠤ ᠳᠤ᠄ | ① ᠡᠩ ᠲᠡᠷᠢᠬᠦᠨ ᠳᠤ ᠥᠷᠥᠭᠡᠨ ᠠᠴᠠ ᠪᠠᠨ ᠵᠠᠶᠢᠯᠠᠬᠤ ᠭᠡᠷᠡᠭᠳᠡᠢ᠃ ᠥᠷᠥᠭᠡᠨ ᠤ ᠡᠬᠦᠳᠡ ᠪᠠᠨ | ᠨᠡᠭᠡᠭᠡᠬᠦ ᠳᠡᠭᠡᠨ ᠤᠷᠢᠳ ᠢᠶᠠᠷ ᠬᠠᠭᠠᠯᠭᠠᠨ ᠳᠠᠭᠠᠨ ᠭᠠᠷ ᠢᠶᠠᠨ ᠨᠠᠭᠠᠯᠳᠤᠭᠤᠯᠤᠨ ᠬᠠᠯᠠᠭᠤᠨ ᠪᠠᠶᠢᠬᠤ ᠡᠰᠡᠬᠦ ᠶᠢ ᠥᠵᠡᠬᠦ ᠭᠡᠷᠡᠭᠳᠡᠢ᠃ ᠭᠡᠷᠪᠡ ᠬᠠᠭᠠᠯᠭ᠎ᠠ ᠨᠢᠭᠡᠨᠳᠡ | ᠬᠠᠯᠠᠭᠰᠠᠨ ᠪᠠᠶᠢᠪᠠᠯ ᠡᠬᠦᠳᠡ ᠪᠠᠨ ᠨᠡᠭᠡᠭᠡᠵᠤ ᠪᠤᠯᠬᠤ ᠥᠭᠡᠢ᠂ ᠭᠡᠷᠪᠡ ᠨᠡᠭᠡᠭᠡᠬᠦ ᠳᠤ ᠬᠥᠷᠪᠡᠯ ᠭᠠᠯ ᠤᠳᠤᠭ᠎ᠠ ᠥᠷᠥᠭᠡᠨ ᠳᠤ ᠪᠤᠷᠬᠢᠯᠤᠨ ᠤᠷᠤᠵᠤ ᠢᠷᠡᠬᠦ ᠪᠤᠯᠤᠨ᠎ᠠ᠃ | ᠭᠡᠷᠪᠡ ᠬᠠᠭᠠᠯᠭ᠎ᠠ ᠬᠠᠯᠠᠭᠰᠠᠨ ᠥᠭᠡᠢ ᠪᠠᠶᠢᠪᠠᠯ ᠭᠠᠯ ᠤᠨ ᠢᠳᠡ ᠪᠠᠭ᠎ᠠ ᠪᠠᠶᠢᠬᠤ ᠲᠤᠯᠠ ᠲᠠᠷᠦ᠋ᠢᠬᠠᠨ ᠡᠬᠦᠳᠡ ᠪᠠᠨ ᠨᠡᠭᠡᠭᠡᠨ ᠵᠠᠶᠢᠯᠠᠬᠤ ᠶᠢᠨ ᠲᠠᠭᠠᠤ ᠡᠬᠦᠳᠡ ᠪᠠᠨ | ᠴᠢᠩᠭ᠎ᠠ ᠬᠠᠭᠠᠵᠤ ᠪᠠᠶᠢᠬᠤ ᠨᠢ ᠲᠠᠭᠠᠷᠠᠨ᠎ᠠ᠃ | ② ᠭᠠᠵᠠᠷ ᠡᠯᠢᠭᠡᠳᠡᠨ ᠮᠥᠯᠬᠦᠬᠦ ᠭᠡᠷᠡᠭᠳᠡᠢ᠃ ᠤᠳᠤᠭ᠎ᠠ ᠤᠨᠢᠶᠠᠷ ᠲᠤ ᠬᠤᠤᠷᠳᠠᠭᠳᠠᠬᠤ ᠪᠠ ᠪᠥᠳᠡᠬᠦ ᠠᠴᠠ ᠰᠡᠷᠭᠡᠶᠢᠯᠡᠬᠦ ᠭᠡᠷᠡᠭᠳᠡᠢ᠃ ᠶᠡᠷᠥᠳᠡ ᠶᠢᠨ | ᠠᠷᠭ᠎ᠠ ᠪᠠᠷ ᠪᠤᠯ ᠨᠦᠢᠳᠠᠨ ᠠᠯᠴᠢᠭᠤᠷ ᠪᠤᠶᠤ ᠠᠮᠠᠪᠴᠢ ᠪᠠᠷ ᠬᠠᠮᠠᠷ ᠠᠮᠠ ᠪᠠᠨ ᠲᠠᠷᠤᠬᠤ ᠭᠡᠷᠡᠭᠳᠡᠢ᠃ ᠤᠳᠤᠭ᠎ᠠ ᠤᠨᠢᠶᠠᠷ ᠮᠠᠰᠢ ᠭᠡᠴᠡᠬᠦᠥ ᠪᠠᠶᠢᠬᠤ ᠥᠶᠡᠰ ᠠᠯᠢ | ᠴᠢᠳᠠᠬᠤ ᠪᠠᠷ ᠭᠠᠵᠠᠷ ᠡᠯᠢᠭᠡᠳᠡᠨ ᠮᠥᠯᠬᠦᠨ ᠵᠠᠶᠢᠯᠠᠬᠤ ᠨᠢ ᠵᠤᠬᠢᠰᠳᠠᠢ᠃ | ③ ᠠᠰᠠᠷ ᠤᠨ ᠱᠠᠳᠤ ᠪᠠᠷ ᠪᠠᠭᠤᠬᠤ ᠭᠡᠷᠡᠭᠳᠡᠢ᠃ ᠠᠯᠢᠪᠠ ᠪᠠᠷᠢᠯᠭ᠎ᠠ ᠳᠤ ᠶᠡᠷᠥᠩᠭᠡᠢ ᠳᠡᠭᠡᠨ ᠴᠥᠮ ᠬᠤᠶᠠᠷ ᠠᠴᠠ ᠲᠡᠭᠡᠭᠰᠢ ᠲᠤᠳᠠᠭᠠᠵᠤ ᠵᠠᠶᠢᠯᠠᠬᠤ ᠱᠠᠳᠤ | ᠲᠠᠢ ᠪᠠᠶᠢᠳᠠᠭ᠃ ᠥᠨᠳᠥᠷ ᠲᠠᠪᠬᠤᠷ ᠲᠤ ᠭᠠᠯ | ᠭᠠᠷᠪᠠᠯ ᠠᠯᠢ ᠴᠢᠳᠠᠬᠤ ᠪᠠᠷ ᠲᠤᠷᠤᠭᠰᠢ ᠪᠠᠨ ᠬᠥᠶᠥᠬᠦ ᠭᠡᠷᠡᠭᠳᠡᠢ᠃ ᠠᠰᠠᠷ ᠤᠨ ᠱᠠᠳᠤ ᠭᠠᠯ ᠳᠤ ᠠᠪᠳᠠᠭᠰᠠᠨ ᠪᠠᠶᠢᠯ᠎ᠠ ᠴᠤ ᠭᠡᠰᠡᠨ ᠨᠦᠢᠳᠠᠨ ᠬᠥᠨᠵᠢᠯᠡ ᠲᠡᠪᠢᠰᠭᠡᠷ | ᠢᠶᠠᠷ ᠪᠡᠶ᠎ᠡ ᠪᠠᠨ ᠬᠠᠮᠠᠭᠠᠯᠠᠨ ᠲᠥᠷᠭᠡᠨ ᠰᠢᠪᠳᠤᠯᠵᠤ ᠭᠠᠷᠬᠤ ᠨᠢ ᠵᠤᠬᠢᠰᠳᠠᠢ᠃ | ④ ᠡᠩ ᠤᠨ ᠴᠠᠬᠢᠯᠭᠠᠨ ᠱᠠᠳᠤ ᠪᠠᠷ ᠲᠤᠳᠠᠭᠠᠨ ᠵᠠᠶᠢᠯᠠᠵᠤ ᠤᠭᠳᠤ ᠪᠤᠯᠬᠤ ᠥᠭᠡᠢ᠃ ᠥᠨᠳᠥᠷ ᠪᠠᠷᠢᠯᠭ᠎ᠠ ᠶᠢᠨ ᠴᠠᠬᠢᠯᠭᠠᠨ ᠬᠠᠨᠭ᠍ᠭᠠᠬᠤ ᠰᠢᠰᠲ᠋ᠧᠮ ᠨᠢ ᠭᠠᠯ | ᠤᠨ ᠠᠶᠤᠯ ᠳᠤ ᠬᠡᠵᠢᠶ᠎ᠡ ᠴᠤ ᠭᠡᠰᠡᠨ ᠴᠠᠬᠢᠯᠭᠠᠨ ᠲᠠᠰᠤᠷᠠᠵᠤ ᠮᠡᠳᠡᠬᠦ ᠲᠤᠯᠠ ᠡᠩ ᠤᠨ ᠴᠠᠬᠢᠯᠭᠠᠨ ᠱᠠᠳᠤ ᠪᠠᠷ ᠪᠠᠭᠤᠬᠤ ᠳᠤ ᠭᠡᠨᠡᠳᠳᠡ ᠴᠠᠬᠢᠯᠭᠠᠨ ᠲᠠᠰᠤᠷᠠᠪᠠᠯ᠂ ᠲᠡᠷᠡ | ᠲᠤᠳᠤᠷ᠎ᠠ ᠪᠠᠨ ᠬᠤᠷᠢᠭᠳᠠᠵᠤ᠂ ᠬᠥᠮᠥᠨ ᠤ ᠠᠮᠢ ᠨᠠᠰᠤᠨ ᠳᠤ ᠠᠶᠤᠯ ᠲᠤᠯᠭᠠᠷᠠᠬᠤ ᠪᠤᠯᠤᠨ᠎ᠠ᠃ | ⑤ ᠲᠥᠷ ᠴᠠᠭ ᠲᠤᠳᠠᠭᠠᠵᠤ ᠵᠠᠶᠢᠯᠠᠬᠤ ᠠᠷᠭ᠎ᠠ ᠥᠭᠡᠢ ᠥᠶᠡᠰ ᠤᠷᠤᠢ ᠶᠢᠨ ᠠᠰᠠᠷ ᠪᠤᠶᠤ ᠭᠡᠷᠡᠮ ᠤᠨ ᠠᠪᠳᠠᠷ᠎ᠠ ᠵᠡᠷᠭᠡ ᠭᠠᠵᠠᠷ ᠲᠠᠯᠳᠠᠯᠠᠵᠤ ᠪᠤᠯᠬᠤ | ᠥᠭᠡᠢ᠃ ᠠᠯᠢ ᠴᠢᠳᠠᠬᠤ ᠪᠠᠷ ᠨᠠᠷᠠᠪᠴᠢ᠂ ᠴᠤᠩᠬᠤ ᠵᠡᠷᠭᠡ ᠬᠥᠮᠥᠰ ᠲᠤ ᠠᠮᠠᠷᠬᠠᠨ ᠥᠵᠡᠭᠳᠡᠬᠦ ᠭᠠᠵᠠᠷ ᠵᠥᠭ ᠰᠢᠯᠵᠢᠬᠦ ᠭᠡᠷᠡᠭᠳᠡᠢ᠃ | ⑥ ᠪᠡᠶ᠎ᠡ ᠲᠡᠭᠡᠷ᠎ᠡ ᠭᠠᠯ ᠵᠤᠯᠭᠠᠵᠤ᠂ ᠭᠠᠷ ᠵᠠᠭᠤᠷ᠎ᠠ ᠪᠠᠰᠠ ᠤᠰᠤ ᠪᠤᠶᠤ ᠭᠠᠯ ᠤᠨᠳᠠᠷᠠᠭᠠᠬᠤ ᠪᠠᠭᠠᠵᠢ ᠥᠭᠡᠢ ᠥᠶᠡᠰ᠂ ᠶᠠᠭᠠᠬᠢᠭᠰᠠᠨ ᠴᠤ ᠬᠥᠶᠥᠬᠦ | ᠪᠤᠶᠤ ᠭᠠᠷ ᠢᠶᠠᠷ ᠢᠶᠠᠨ ᠬᠥᠪᠰᠢᠵᠤ ᠪᠤᠯᠬᠤ ᠥᠭᠡᠢ᠂ ᠲᠠᠷᠦ᠋ᠢᠬᠠᠨ ᠬᠤᠪᠴᠠᠰᠤ ᠬᠤᠨᠠᠷ ᠢᠶᠠᠨ ᠲᠠᠶᠢᠯᠬᠤ ᠪᠤᠶᠤ ᠭᠠᠵᠠᠷ ᠲᠤ ᠥᠡᠭᠬᠦᠷᠢᠳᠥᠨ ᠭᠠᠯ ᠤᠨ ᠰᠤᠷ ᠢ ᠲᠠᠷᠤᠨ᠎ᠠ | ᠃ | ⑦ ᠭᠠᠯ ᠤᠨᠳᠠᠷᠠᠭᠠᠬᠤ ᠠᠵᠢᠯᠳᠠᠳ ᠥᠷᠥᠭᠡᠨ ᠳᠤ ᠤᠷᠤᠵᠤ ᠠᠪᠤᠷᠠᠨ ᠲᠤᠰᠠᠯᠠᠬᠤ ᠳᠠᠭᠠᠨ ᠴᠥᠮ ᠭᠡᠷᠡᠮ ᠬᠠᠨ᠎ᠠ ᠶᠢ ᠲᠠᠭᠠᠨ ᠠᠵᠢᠯᠯᠠᠳᠠᠭ ᠪᠤᠯᠬᠤᠷ | ᠤᠳᠤᠭ᠎ᠠ ᠤᠨᠢᠶᠠᠷ ᠲᠤ ᠬᠠᠭ᠋ᠠᠵᠤ ᠪᠥᠳᠡᠨ ᠥᠪᠡᠷ ᠤᠨ ᠮᠡᠳᠡᠯ ᠴᠢᠳᠠᠯ ᠢᠶᠠᠨ ᠠᠯᠳᠠᠭᠰᠠᠨ ᠥᠶᠡᠰ ᠠᠯᠢ ᠴᠢᠳᠠᠬᠤ ᠪᠠᠷ ᠭᠡᠷᠡᠮ ᠬᠠᠨ᠎ᠠ᠂ ᠡᠬᠦᠳᠡ ᠬᠠᠭᠠᠯᠭ᠎ᠠ ᠥᠭᠡᠳᠡ | ᠤᠢᠢᠷᠠᠳᠤᠬᠤ ᠶᠢ ᠠᠩᠬᠠᠷᠤᠨ᠎ᠠ᠃ | ⑧ ᠭᠡᠷᠪᠡ ᠲᠡᠭᠡᠳᠤ ᠲᠠᠪᠬᠤᠷᠭ᠎ᠠ ᠴᠢᠨᠢ ᠭᠠᠯ ᠭᠠᠷᠤᠭᠰᠠᠨ ᠪᠤᠯ ᠲᠤᠤᠷᠠᠳᠤ ᠲᠠᠪᠬᠤᠷᠭ᠎ᠠ | ᠵᠥᠭ ᠵᠠᠶᠢᠯᠠᠨ᠎ᠠ᠂ ᠲᠤᠤᠷᠠᠳᠤ ᠲᠠᠪᠬᠤᠷᠭ᠎ᠠ ᠳᠤ ᠴᠢᠨᠢ ᠭᠠᠯ ᠭᠠᠷᠴᠤ᠂ ᠤᠳᠤᠭ᠎ᠠ ᠤᠨᠢᠶᠠᠷ ᠨᠢ ᠲᠤᠷᠤᠭᠰᠢ ᠪᠠᠨ ᠵᠠᠶᠢᠯᠠᠬᠤ ᠵᠠᠮ ᠱᠤᠭᠤᠮ ᠢ ᠪᠢᠳᠡᠬᠦᠮᠵᠢᠯᠡᠭᠰᠡᠨ ᠪᠤᠯ | ᠠᠯᠢ ᠴᠢᠳᠠᠬᠤ ᠪᠠᠷ ᠠᠰᠠᠷ ᠤᠨ ᠤᠷᠤᠢ ᠥᠭᠡᠳᠡ ᠵᠠᠶᠢᠯᠠᠬᠤ ᠭᠡᠷᠡᠭᠳᠡᠢ᠃ | ⑨ ᠠᠰᠠᠷ ᠤᠨ ᠤᠷᠤᠢ ᠵᠥᠭ ᠵᠠᠶᠢᠯᠠᠬᠤ ᠶᠠᠪᠤᠴᠠ ᠳᠠᠭᠠᠨ ᠠᠷᠤ ᠠᠴᠠ ᠴᠢᠨᠢ ᠭᠠᠯ ᠤᠳᠤᠭ᠎ᠠ ᠲᠠᠭᠠᠯᠳᠤᠵᠤ ᠪᠠᠶᠢᠬᠤ ᠪᠠ ᠵᠠᠮ ᠮᠥᠷ ᠴᠤ ᠲᠥᠭᠵᠢᠷᠡᠭᠰᠡᠨ | ᠪᠠᠶᠢᠪᠠᠯ᠂ ᠡᠷᠡᠰ ᠰᠢᠭᠤᠷᠬᠠᠢ ᠪᠠᠷ ᠲᠤᠳᠠᠭᠠᠵᠤ ᠵᠠᠶᠢᠯᠠᠬᠤ ᠵᠠᠮ ᠱᠤᠭᠤᠮ ᠢᠶᠠᠨ ᠥᠭᠡᠷᠡᠴᠢᠯᠡᠵᠤ᠂ ᠨᠥᠬᠦᠭᠡ ᠲᠠᠪᠬᠤᠷᠯᠢᠬ ᠤᠨ ᠭᠤᠳᠤᠮ ᠢᠶᠠᠷ ᠲᠤᠳᠠᠭᠠᠬᠤ ᠪᠤᠶᠤ ᠲᠤᠰ | ᠲᠠᠪᠬᠤᠷᠭ᠎ᠠ ᠶᠢᠨ ᠲᠠᠯᠳᠠᠯᠠᠬᠤ ᠳᠤ ᠠᠰᠢᠬᠳᠠᠢ ᠥᠷᠥᠭᠡᠨ ᠳᠤ ᠤᠷᠤᠵᠤ᠂ ᠥᠪᠡᠷ ᠢ ᠪᠠᠨ ᠠᠪᠤᠷᠠᠬᠤ ᠠᠷᠭ᠎ᠠ ᠶᠢ ᠡᠷᠢᠯᠬᠢᠯᠡᠬᠦ ᠭᠡᠷᠡᠭᠳᠡᠢ᠃ | ᠰᠠᠨᠠᠭᠤᠯᠬᠤ ᠨᠢ᠄ | ① ᠭᠠᠯ ᠤᠨᠳᠠᠷᠠᠭᠠᠬᠤ ᠰᠢᠰᠲ᠋ᠧᠮ ᠢᠶᠠᠨ ᠰᠠᠶᠢᠳᠤᠷ ᠪᠠᠶᠢᠷᠢᠰᠢᠯᠠᠭᠤᠯᠤᠨ᠂ ᠰᠠᠶᠢᠳᠤᠷ ᠬᠠᠮᠠᠭᠠᠯᠠᠨ ᠬᠠᠮᠢᠶᠠᠷᠴᠤ᠂ ᠭᠠᠯ ᠤᠨ ᠠᠶᠤᠯ ᠢ ᠡᠬᠢ ᠰᠤᠷᠪᠤᠯᠵᠢ ᠠᠴᠠ | ᠨᠢ ᠰᠡᠷᠭᠡᠶᠢᠯᠡᠵᠤ᠂ ᠠᠶᠤᠯ ᠤᠨ ᠭᠠᠢ ᠥᠭᠡᠢ ᠪᠤᠯᠬᠤ ᠶᠢ ᠪᠠᠳᠤᠯᠠᠨ᠎ᠠ᠃ | ② ᠥᠨᠳᠥᠷ ᠪᠠᠷᠢᠯᠭ᠎ᠠ ᠶᠢᠨ ᠠᠵᠢᠯᠳᠠᠳ ᠡᠷᠭᠡᠪᠰᠢ ᠭᠠᠯ ᠤᠨᠳᠠᠷᠠᠭᠠᠬᠤ ᠪᠤᠯᠪᠠᠰᠤᠷᠠᠯ ᠢ ᠬᠥᠷᠳᠡᠭᠰᠡᠨ ᠤ ᠪᠠᠨ ᠲᠠᠷᠠᠭ᠎ᠠ ᠰᠠᠶ᠋ᠢ ᠠᠵᠢᠯ ᠤᠨ ᠪᠠᠶᠢᠷᠢᠨ ᠳᠠᠭᠠᠨ | ᠭᠠᠷᠬᠤ ᠭᠡᠷᠡᠭᠳᠡᠢ᠃ ᠥᠨᠳᠥᠷ ᠲᠠᠪᠬᠤᠷᠭ᠎ᠠ ᠳᠤ ᠰᠠᠭᠤᠷᠢᠰᠢᠵᠤ ᠪᠠᠶᠢᠭ᠎ᠠ ᠬᠥᠮᠥᠰ ᠲᠤ ᠭᠠᠯ ᠰᠡᠷᠭᠡᠶᠢᠯᠡᠬᠦ᠂ ᠭᠠᠯ ᠤᠨᠳᠠᠷᠠᠭᠠᠬᠤ ᠴᠢᠬᠤᠯᠠ ᠪᠥᠬᠦᠢ ᠤᠬᠠᠭᠤᠯᠭ᠎ᠠ | ᠬᠥᠮᠥᠵᠢᠯ ᠬᠢᠬᠦ ᠶᠢ ᠴᠢᠬᠤᠯᠠᠴᠢᠯᠠᠨ᠎ᠠ᠃ | ③ ᠡᠯ᠎ᠡ ᠵᠥᠢᠯ ᠤᠨ ᠴᠠᠬᠢᠯᠭᠠᠨ ᠲᠥᠬᠦᠭᠡᠷᠥᠮᠵᠢ᠂ ᠵᠠᠮ ᠱᠤᠭᠤᠮ᠂ ᠭᠡᠷᠡᠯᠳᠥᠬᠦᠯᠭᠡ ᠶᠢᠨ ᠳ᠋ᠧᠩ ᠪᠠᠭᠠᠵᠢ ᠶᠢ ᠲᠤᠭᠳᠠᠮᠠᠯ ᠬᠤᠭᠤᠴᠠᠭ᠎ᠠ ᠲᠠᠢ ᠪᠠᠷ | ᠪᠠᠶᠢᠴᠠᠭᠠᠬᠤ ᠭᠡᠷᠡᠭᠳᠡᠢ᠂ ᠶᠡᠷᠥᠳᠡ ᠨᠢ ᠲᠤᠮᠤ ᠬᠥᠴᠤ ᠴᠢᠳᠠᠯ ᠪᠥᠬᠦᠢ ᠴᠠᠬᠢᠯᠭᠠᠨ ᠭᠡᠷᠡᠭᠰᠡᠯ ᠢ ᠬᠡᠷᠡᠭᠯᠡᠵᠤ ᠪᠤᠯᠬᠤ ᠥᠭᠡᠢ᠃ | ④ ᠬᠢᠯᠪᠠᠷᠬᠠᠨ ᠨᠤᠴᠤᠬᠤ᠂ ᠬᠢᠯᠪᠠᠷᠬᠠᠨ ᠲᠡᠯᠪᠡᠷᠡᠬᠦ ᠪᠤᠳᠠᠰ ᠢ ᠥᠨᠳᠥᠷ ᠪᠠᠷᠢᠯᠭ᠎ᠠ ᠳᠤ ᠠᠪᠴᠤ ᠤᠷᠤᠵᠤ ᠪᠤᠯᠬᠤ ᠥᠭᠡᠢ᠂ ᠴᠢᠯᠠᠭᠤᠨ ᠲᠤᠰᠤᠨ ᠤ ᠭᠡᠢ ᠶᠢᠨ ᠰᠠᠪᠠ | ᠶᠢ ᠥᠨᠳᠥᠷ ᠲᠠᠪᠬᠤᠷᠭᠠᠳᠤ ᠤᠷᠤᠨ ᠰᠠᠭᠤᠴᠠ ᠳᠤ ᠭᠡᠷᠡᠭᠯᠡᠵᠤ ᠪᠤᠯᠬᠤ ᠥᠭᠡᠢ᠃ | ⑤ ᠪᠠᠷᠢᠯᠭ᠎ᠠ ᠶᠢᠨ ᠲᠤᠳᠤᠷᠠᠬᠢ ᠨᠡᠪᠳᠡᠷᠡᠬᠦ ᠵᠠᠮ᠂ ᠠᠰᠠᠷ ᠤᠨ ᠱᠠᠳᠤ᠂ ᠤᠷᠤᠴᠠ ᠭᠠᠷᠤᠴᠠ᠂ ᠲᠥᠷ ᠲᠠᠯᠳᠠᠯᠠᠬᠤ ᠵᠡᠷᠭᠡ ᠭᠠᠵᠠᠷ ᠲᠠᠯᠠᠪᠤᠷ ᠢ ᠭᠡᠵᠢᠶᠡᠳᠡ ᠬᠠᠷᠰᠢ | ᠰᠠᠭᠠᠳ ᠥᠭᠡᠢ ᠪᠠᠶᠢᠯᠭᠠᠨ᠎ᠠ᠃ | ︵3︶ ᠬᠥᠮᠥᠨ ᠬᠠᠷ᠎ᠠ ᠲᠥᠪᠯᠡᠷᠡᠭᠰᠡᠨ ᠭᠠᠵᠠᠷ ᠲᠠᠯᠠᠪᠤᠷ ᠤᠨ ᠭᠠᠯ ᠤᠨ ᠠᠶᠤᠯ | ᠬᠥᠮᠥᠨ ᠬᠠᠷ᠎ᠠ ᠲᠥᠪᠯᠡᠷᠡᠭᠰᠡᠨ ᠭᠠᠵᠠᠷ ᠲᠠᠯᠠᠪᠤᠷ ᠤᠨ ᠭᠠᠯ ᠤᠨ ᠠᠶᠤᠯ ᠭᠡᠳᠡᠭ ᠨᠢ ᠬᠥᠮᠥᠰ ᠤᠨ ᠠᠵᠢᠯᠯᠠᠬᠤ᠂ ᠠᠮᠢᠳᠤᠷᠠᠬᠤ᠂ ᠰᠤᠷᠤᠯᠴᠠᠬᠤ᠂ | ᠴᠡᠩᠭᠡᠯᠳᠥᠬᠦ᠂ ᠬᠤᠳᠠᠯᠳᠤᠭ᠎ᠠ᠂ ᠵᠠᠬ᠎ᠠ ᠲᠡᠯᠭᠡᠬᠦᠷ᠂ ᠲᠠᠭᠤᠤ ᠪᠥᠵᠢᠭ ᠤᠨ ᠲᠢᠩᠬᠢᠮ᠂ ᠺᠢᠨᠤ᠋ ᠵᠥᠴᠥᠭᠡ ᠶᠢᠨ ᠲᠠᠯᠠᠪᠤᠷ᠂ ᠪᠡᠶ᠎ᠡ ᠶᠢᠨ ᠲᠠᠮᠢᠷ ᠤᠨ ᠤᠷᠳᠤᠨ᠂ | ᠰᠡᠯᠡᠬᠦᠴᠡᠵᠤ ᠲᠤᠭᠤᠷᠢᠬᠤ ᠭᠠᠵᠠᠷ ᠲᠠᠯᠠᠪᠤᠷ ᠵᠡᠷᠭᠡ ᠬᠥᠮᠥᠨ ᠤᠯᠠᠨ ᠲᠥᠪᠯᠡᠷᠡᠵᠤ ᠨᠢᠭᠳᠠᠷᠠᠬᠤ ᠭᠠᠵᠠᠷ ᠲᠠᠯᠠᠪᠤᠷ ᠲᠠᠬᠢ ᠭᠠᠯ ᠤᠨ ᠠᠶᠤᠯ ᠢ ᠵᠢᠭᠠᠵᠤ ᠪᠤᠢ᠃ ᠬᠥᠮᠥᠨ | ᠤᠯᠠᠨ ᠲᠥᠪᠯᠡᠷᠡᠬᠦ ᠭᠠᠵᠠᠷ ᠲᠠᠯᠠᠪᠤᠷ ᠨᠢ ᠬᠥᠮᠥᠨ ᠬᠠᠷ᠎ᠠ᠂ ᠡᠳ᠋ ᠪᠤᠳᠠᠰ ᠨᠢᠭᠳᠠ ᠲᠥᠪᠯᠡᠷᠡᠭᠰᠡᠨ ᠪᠠ ᠭᠠᠯ ᠤᠨ ᠠᠶᠤᠯ ᠤᠯᠠᠨᠳᠠ ᠡᠬᠦᠰᠳᠡᠭ ᠤᠨᠴᠠᠯᠢᠬ ᠲᠠᠢ ᠪᠤᠯᠬᠤᠷ | ᠬᠡᠨᠡᠳᠳᠡ ᠭᠠᠯ ᠭᠠᠷᠬᠤ ᠳᠤ ᠬᠥᠷᠪᠡᠯ ᠤᠯᠠᠨ ᠬᠥᠮᠥᠨ ᠠᠮᠠᠷᠬᠠᠨ ᠥᠬᠦᠵᠤ ᠰᠢᠷᠬᠠᠳᠤᠨ ᠬᠥᠨᠳᠤ ᠨᠤᠴᠢᠳᠠᠢ ᠭᠠᠯ ᠤᠨ ᠠᠶᠤᠯ ᠤᠨ ᠠᠳᠠᠯ ᠪᠤᠯᠤᠨ᠎ᠠ᠃ ᠬᠥᠮᠥᠨ ᠬᠠᠷ᠎ᠠ | ᠲᠥᠪᠯᠡᠷᠡᠭᠰᠡᠨ ᠭᠠᠵᠠᠷ ᠲᠠᠯᠠᠪᠤᠷ ᠤᠨ ᠭᠠᠯ ᠤᠨ ᠠᠶᠤᠯ ᠤᠨ ᠪᠠᠴᠢᠮ ᠪᠠᠶᠢᠳᠠᠯ ᠢ ᠠᠷᠭᠠᠴᠠᠬᠤ ᠳᠤ᠄ | ① ᠭᠠᠯ ᠤᠨ ᠠᠶᠤᠯ ᠭᠠᠷᠪᠠᠯ ᠲᠠᠷᠦ᠋ᠢᠬᠠᠨ ᠬᠥᠳᠡᠯᠥᠯᠴᠡᠬᠦ ᠭᠡᠷᠡᠭᠳᠡᠢ᠂ ᠲᠤᠳᠠᠭᠠᠵᠤ ᠵᠠᠶᠢᠯᠠᠬᠤ ᠪᠤᠯ ᠴᠠᠭ ᠮᠥᠴᠡ ᠶᠢ ᠵᠠᠪᠳᠤᠬᠤ ᠠᠵᠢᠯᠯᠠᠭ᠎ᠠ ᠮᠥᠨ᠃ | ᠭᠡᠷᠪᠡ ᠷᠠᠳᠢᠤ᠋ ᠪᠠᠷ ᠨᠡᠪᠳᠡᠷᠡᠬᠦᠯᠪᠡᠯ᠂ ᠠᠭᠤᠯᠭ᠎ᠠ ᠶᠢ ᠨᠢ ᠨᠠᠷᠢᠨ ᠲᠤᠳᠤᠷᠬᠠᠢ ᠰᠤᠨᠤᠰᠴᠤ᠂ ᠷᠠᠳᠢᠤ᠋ ᠪᠠᠷ ᠵᠢᠯᠤᠭᠤᠳᠤᠭᠰᠠᠨ ᠲᠤᠳᠠᠭᠠᠵᠤ ᠵᠠᠶᠢᠯᠠᠬᠤ ᠵᠠᠮ ᠱᠤᠭᠤᠮ ᠪᠠ | ᠠᠩᠬᠠᠷᠬᠤ ᠵᠥᠢᠯ ᠢ ᠶᠤᠰᠤᠴᠢᠯᠠᠨ ᠲᠠᠭᠠᠬᠤ ᠭᠡᠷᠡᠭᠳᠡᠢ᠃ ᠭᠡᠷᠪᠡ ᠷᠡᠳᠢᠤ᠋ ᠨᠡᠪᠳᠡᠷᠡᠬᠦᠯᠭᠡ ᠥᠭᠡᠢ ᠪᠤᠶᠤ ᠬᠥᠮᠥᠨ ᠵᠢᠯᠤᠭᠤᠳᠤᠨ ᠲᠤᠳᠠᠭᠠᠵᠤ ᠵᠠᠶᠢᠯᠠᠬᠤ ᠥᠶᠡᠰ᠂ ᠤᠢᠢᠷ᠎ᠠ | ᠲᠥᠳᠡ ᠪᠥᠭᠡᠳ ᠰᠢᠭᠤᠳ ᠠᠰᠠᠷ ᠤᠨ ᠭᠠᠳᠠᠨ᠎ᠠ ᠨᠡᠪᠳᠡᠷᠡᠬᠦ ᠠᠶᠤᠯ ᠦᠬᠡᠢ ᠵᠠᠮ ᠱᠤᠭᠤᠮ ᠢᠶᠠᠷ ᠲᠠᠷᠬᠠᠭᠠᠵᠤ ᠵᠠᠶᠢᠯᠠᠭᠤᠯᠤᠨ᠎ᠠ᠃ | ② ᠭᠡᠷᠪᠡ ᠭᠤᠳᠤᠮ ᠪᠤᠶᠤ ᠠᠰᠠᠷ ᠤᠨ ᠱᠠᠳᠤ ᠪᠠᠷ ᠤᠳᠤᠭ᠎ᠠ ᠤᠨᠢᠶᠠᠷ ᠲᠤᠨᠵᠦ ᠪᠠᠶᠢᠪᠠᠯ᠂ ᠬᠠᠮᠤᠭ ᠤᠨ ᠰᠠᠶᠢᠨ ᠨᠢ ᠬᠤᠪᠴᠠᠰᠤ ᠬᠤᠨᠠᠷ ᠪᠠ | ᠠᠯᠴᠢᠭᠤᠷ ᠢ ᠤᠰᠤᠨ ᠳᠤ ᠲᠡᠪᠳᠥᠭᠡᠨ ᠠᠮᠠ ᠬᠠᠮᠠᠷ ᠢᠶᠠᠨ ᠪᠥᠭᠯᠡᠵᠤ᠂ ᠪᠡᠶ᠎ᠡ ᠪᠠᠨ ᠪᠥᠬᠦ᠋ᠢᠵᠤ᠂ ᠠᠶᠤᠯ ᠦᠬᠡᠢ ᠵᠠᠮ ᠱᠤᠭᠤᠮ ᠢ ᠡᠷᠢᠵᠤ ᠤᠯᠵᠤ ᠵᠠᠶᠢᠯᠠᠬᠤ ᠶᠢ | ᠪᠤᠳᠤᠯᠬᠢᠯᠠᠨ᠎ᠠ᠃ | ③ ᠠᠰᠠᠷ ᠤᠨ ᠱᠠᠳᠤ ᠶᠢᠨ ᠠᠮᠠ ᠪᠤᠶᠤ ᠨᠥᠭᠡᠨ ᠵᠠᠮ ᠨᠢ ᠭᠠᠯ ᠤᠳᠤᠭᠠᠨ ᠳᠤ ᠠᠪᠳᠠᠭᠰᠠᠨ ᠥᠶᠡᠰ᠂ ᠭᠡᠷᠪᠡ ᠡᠷᠭᠡᠪᠰᠢ ᠥᠡᠭᠭᠡᠷᠡᠬᠦ ᠭᠠᠯ ᠤᠳᠤᠭᠠᠨ ᠤ | ᠵᠠᠢ ᠨᠢ ᠤᠬᠤᠷ᠂ ᠭᠠᠯ ᠤᠨ ᠢᠳᠡ ᠨᠢ ᠰᠤᠯᠠ ᠪᠠᠶᠢᠪᠠᠯ᠂ ᠨᠦᠢᠳᠠᠨ ᠬᠤᠪᠴᠠᠰᠤ ᠬᠤᠨᠠᠷ ᠢᠶᠠᠷ ᠠᠮᠠ ᠬᠠᠮᠠᠷ ᠢᠶᠠᠨ ᠲᠠᠷᠤᠵᠤ ᠡᠷᠡᠰ ᠰᠢᠭᠤᠷᠬᠠᠢ ᠰᠢᠪᠳᠤᠯᠤᠨ ᠭᠠᠷᠬᠤ | ᠭᠡᠷᠡᠭᠳᠡᠢ᠃ ᠪᠠᠰᠠ ᠴᠤ ᠠᠰᠠᠷ ᠲᠤᠳᠤᠷᠠᠬᠢ ᠭᠠᠯ ᠤᠨᠳᠠᠷᠠᠭᠠᠬᠤ ᠪᠠᠭᠠᠵᠢ ᠶᠢ ᠠᠰᠢᠭᠯᠠᠨ ᠤᠰᠤ ᠰᠥᠷᠴᠢᠵᠤ ᠪᠠᠶᠢᠭᠠᠳ ᠬᠥᠮᠥᠰ ᠢ ᠲᠥᠷᠭᠡᠨ ᠵᠠᠶᠢᠯᠠᠭᠤᠯᠤᠨ᠎ᠠ᠃ | ④ ᠭᠠᠯ ᠭᠠᠷᠤᠭᠰᠠᠨ ᠠᠰᠠᠷ ᠤᠨ ᠲᠠᠪᠬᠤᠷᠭ᠎ᠠ ᠶᠢᠨ ᠲᠡᠭᠡᠷᠡᠬᠢ ᠲᠡᠪᠬᠤᠷᠭ᠎ᠠ ᠨᠤᠭᠤᠳ ᠪᠠ ᠲᠤᠤᠷᠠᠬᠢ ᠲᠠᠪᠬᠤᠷᠭ᠎ᠠ ᠨᠤᠭᠤᠳ ᠤᠨ ᠬᠢᠨ ᠢ ᠴᠥᠮ ᠨᠢᠭᠡ ᠯᠡ | ᠵᠠᠮ ᠱᠤᠭᠤᠮ ᠢᠶᠠᠷ ᠵᠠᠶᠢᠯᠠᠭᠤᠯᠬᠤ ᠴᠢᠬᠤᠯᠠ ᠲᠠᠢ ᠥᠶᠡᠰ᠂ ᠤᠷᠢᠳ ᠢᠶᠠᠷ ᠭᠠᠯ ᠭᠠᠷᠤᠭᠰᠠᠨ ᠲᠠᠪᠬᠤᠷᠭ᠎ᠠ ᠶᠢᠨ ᠬᠥᠮᠥᠰ ᠢ ᠵᠠᠶᠢᠯᠠᠭᠤᠯᠵᠤ᠂ ᠲᠠᠷᠠᠭ᠎ᠠ ᠪᠠᠷ ᠨᠢ ᠭᠠᠯ | ᠭᠠᠷᠤᠭᠰᠠᠨ ᠲᠠᠪᠬᠤᠷᠭ᠎ᠠ ᠠᠴᠠ ᠲᠡᠭᠡᠷᠡᠬᠢ ᠲᠠᠪᠬᠤᠷᠭ᠎ᠠ ᠨᠤᠭᠤᠳ ᠤᠨ ᠬᠥᠮᠥᠰ ᠢ ᠵᠠᠶᠢᠯᠠᠭᠤᠯᠵᠤ᠂ ᠲᠠᠬᠢᠭᠠᠳ ᠭᠠᠯ ᠭᠠᠷᠤᠭᠰᠠᠨ ᠲᠠᠪᠬᠤᠷᠭ᠎ᠠ ᠶᠢᠨ ᠲᠤᠤᠷᠠᠬᠢ | ᠲᠠᠪᠬᠤᠷᠭ᠎ᠠ ᠨᠤᠭᠤᠳ ᠤᠨ ᠬᠥᠮᠥᠰ ᠢ ᠵᠠᠶᠢᠯᠠᠭᠤᠯᠬᠤ ᠭᠡᠷᠡᠭᠳᠡᠢ᠃ ᠢᠡᠭᠬᠢᠵᠤ ᠵᠠᠶᠢᠯᠠᠭᠤᠯᠬᠤ ᠶᠢᠨ ᠤᠴᠢᠷ ᠨᠢ ᠭᠡᠪᠡᠯ᠂ ᠭᠠᠯ ᠤᠨ ᠰᠤᠷ ᠲᠡᠭᠡᠭᠰᠢ ᠮᠠᠨᠳᠤᠬᠤ ᠨᠢ ᠮᠠᠰᠢ | ᠲᠥᠷᠭᠡᠨ ᠪᠠᠶᠢᠳᠠᠭ ᠪᠤᠯᠬᠤᠷ ᠲᠡᠭᠡᠷᠡᠬᠢ ᠭᠡᠰᠡᠭ ᠨᠢ ᠡᠩ ᠲᠡᠷᠢᠬᠦᠨ ᠳᠤ ᠭᠠᠯ ᠤᠨ ᠬᠥᠴᠥᠨ ᠳᠤ ᠰᠥᠷᠳᠡᠬᠦᠯᠥᠭᠳᠡᠳᠡᠭ ᠠᠴᠠ ᠪᠤᠯᠤᠭᠰᠠᠨ ᠶᠤᠮ᠃ | ⑤ ᠶᠡᠷᠥ ᠶᠢᠨ ᠠᠶᠤᠯ ᠦᠬᠡᠢ ᠪᠠᠷ ᠵᠠᠶᠢᠯᠠᠭᠤᠯᠬᠤ ᠵᠠᠮ ᠱᠤᠭᠤᠮ ᠨᠢ ᠨᠢᠭᠡᠨᠳᠡ ᠭᠠᠯ ᠳᠤ ᠪᠥᠰᠡᠯᠡᠭᠳᠡᠭᠰᠡᠨ ᠢ ᠪᠠᠳᠤᠳᠠᠢ ᠤᠯᠵᠤ ᠮᠡᠳᠡᠭᠰᠡᠨ ᠥᠶᠡᠰ᠂ ᠠᠰᠠᠷ | ᠤᠨ ᠲᠤᠳᠤᠷᠠᠬᠢ ᠡᠯ᠎ᠡ ᠵᠥᠢᠯ ᠤᠨ ᠲᠤᠰᠠᠯᠠᠮᠵᠢ ᠪᠡᠯᠡᠳᠭᠡᠮᠵᠢ ᠲᠤᠬᠠᠢᠢᠯᠠᠪᠠᠯ ᠤᠳᠤᠭ᠎ᠠ ᠰᠡᠷᠭᠡᠶᠢᠯᠡᠬᠦ ᠱᠠᠳᠤ᠂ ᠪᠠᠴᠢᠮ ᠵᠠᠶᠢᠯᠠᠭᠤᠯᠬᠤ ᠵᠠᠮ ᠱᠤᠭᠤᠮ᠂ ᠪᠠᠴᠢᠮ ᠴᠠᠬᠢᠯᠭᠠᠨ | ᠱᠠᠳᠤ᠂ ᠭᠡᠷ ᠤᠨ ᠭᠠᠳᠠᠨᠠᠬᠢ ᠱᠠᠳᠤ ᠵᠢᠴᠢ ᠭᠠᠯ ᠤᠨᠳᠠᠷᠠᠭᠠᠬᠤ ᠱᠠᠳᠤ ᠵᠡᠷᠭᠡ ᠪᠡᠯᠡᠳᠭᠡᠮᠵᠢ ᠨᠦᠭᠦᠳ ᠢ ᠠᠰᠢᠭᠯᠠᠨ᠂ ᠲᠥᠷᠭᠡᠨ ᠵᠠᠶᠢᠯᠠᠭᠤᠯᠬᠤ ᠭᠡᠷᠡᠭᠳᠡᠢ᠃ | ⑥ ᠨᠢᠭᠡᠨᠳᠡ ᠵᠠᠶᠢᠯᠠᠵᠤ ᠵᠠᠪᠳᠤᠬᠤ ᠥᠭᠡᠢ ᠪᠤᠯᠤᠭᠰᠠᠨ ᠥᠶᠡᠰ ᠠᠶᠤᠯ ᠠᠴᠠ ᠲᠠᠯᠳᠠᠯᠠᠬᠤ ᠭᠠᠵᠠᠷ ᠲᠠᠯᠠᠪᠤᠷ ᠡᠷᠢᠵᠤ᠂ ᠭᠠᠯ ᠤᠨᠳᠠᠷᠠᠭᠠᠬᠤ ᠠᠩᠬᠢ ᠶᠢᠨ ᠬᠢᠨ | ᠢᠷᠡᠵᠤ ᠠᠪᠤᠷᠠᠨ ᠲᠤᠰᠠᠯᠠᠬᠤ ᠶᠢ ᠬᠥᠯᠢᠶᠡᠬᠦ ᠭᠡᠷᠡᠭᠳᠡᠢ᠃ | ⑦ ᠲᠤᠳᠠᠭᠠᠵᠤ ᠵᠠᠶᠢᠯᠠᠬᠤ ᠥᠶ᠎ᠡ ᠳᠡᠭᠡᠨ ᠲᠤᠷ᠎ᠠ ᠪᠠᠷ ᠢᠶᠠᠨ ᠬᠥᠶᠥᠵᠤ ᠲᠤᠳᠠᠭᠠᠬᠤ ᠪᠠ ᠤᠷᠢᠯᠠᠵᠤ ᠬᠠᠰᠬᠢᠷᠤᠯᠳᠤᠵᠤ ᠪᠤᠯᠬᠤ ᠥᠭᠡᠢ᠃ ᠢᠡᠭᠬᠢᠬᠦ ᠳᠤ | ᠬᠥᠷᠪᠡᠯ ᠬᠥᠴᠤ ᠴᠢᠳᠠᠯ ᠢᠶᠠᠨ ᠶᠡᠭᠡ ᠪᠠᠷ ᠪᠠᠷᠠᠵᠤ᠂ ᠨᠡᠩ ᠶᠡᠭᠡ ᠤᠳᠤᠭ᠎ᠠ ᠤᠨᠢᠶᠠᠷ ᠰᠤᠷᠤᠵᠤ ᠠᠪᠬᠤ ᠮᠥᠷᠳᠡᠭᠡᠨ ᠪᠠᠰᠠ ᠭᠡᠪ ᠤᠨ ᠶᠤᠰᠤᠭᠠᠷ ᠵᠠᠶᠢᠯᠠᠬᠤ ᠶᠢ | ᠬᠠᠷᠰᠢᠯᠠᠬᠤ ᠪᠥᠭᠡᠳ ᠡᠮᠬᠢ ᠵᠠᠮᠪᠠᠷᠠᠭ᠎ᠠ ᠥᠭᠡᠢ ᠪᠤᠯᠭᠠᠨ᠎ᠠ᠃ ᠢᠯᠠᠩᠭᠤᠶ᠎ᠠ ᠡᠮᠥᠨᠡᠬᠢ ᠨᠢ ᠤᠷᠢᠯᠠᠯᠳᠤᠨ ᠬᠤᠶᠢᠨᠠᠬᠢ ᠨᠢ ᠰᠢᠬᠠᠯᠴᠠᠵᠤ ᠡᠮᠬᠢ ᠵᠠᠮᠪᠠᠷᠠᠭ᠎ᠠ ᠥᠭᠡᠢ | ᠪᠤᠯᠤᠭᠰᠠᠨ ᠥᠶ᠎ᠡ ᠳᠤ ᠶᠠᠭᠠᠬᠢᠭᠰᠠᠨ ᠴᠤ ᠬᠥᠡᠭᠭᠡᠨ ᠬᠠᠭᠤᠳᠠᠮ ᠤᠷᠤᠯᠴᠠᠵᠤ ᠪᠤᠯᠬᠤ ᠥᠭᠡᠢ᠃ ᠡᠨᠡ ᠪᠤᠯ ᠲᠤᠳᠠᠭᠠᠨ ᠵᠠᠶᠢᠯᠠᠬᠤ ᠶᠠᠪᠤᠴᠠ ᠳᠠᠬᠢ ᠲᠤᠮᠤ ᠴᠡᠭᠡᠷ | ᠪᠤᠯᠤᠨ᠎ᠠ᠂ ᠮᠥᠨ ᠴᠤ ᠥᠬᠦᠯ ᠰᠢᠷᠬᠠᠳᠤᠯ ᠶᠡᠭᠡᠳᠬᠦ ᠶᠢᠨ ᠴᠢᠬᠤᠯᠠ ᠰᠢᠯᠳᠠᠭᠠᠨ ᠪᠤᠯᠤᠨ᠎ᠠ᠃ | ᠰᠠᠨᠠᠭᠤᠯᠬᠤ ᠨᠢ᠄ | ① ᠬᠥᠮᠥᠨ ᠤᠯᠠᠨ ᠨᠢᠭᠳᠠᠷᠠᠵᠤ ᠲᠥᠪᠯᠡᠷᠡᠭᠰᠡᠨ ᠭᠠᠵᠠᠷ ᠲᠠᠯᠠᠪᠤᠷ ᠤᠨ ᠭᠠᠯ ᠤᠨ ᠠᠶᠤᠯ ᠠᠴᠠ ᠲᠤᠳᠠᠭᠠᠵᠤ ᠵᠠᠶᠢᠯᠠᠬᠤ ᠶᠢᠨ ᠥᠨᠳᠥᠰᠥᠨ ᠱᠠᠭᠠᠷᠳᠠᠯᠭ᠎ᠠ | ᠪᠤᠯ ᠯᠠᠪᠳᠠᠭᠤᠨ ᠲᠤᠭᠳᠠᠭᠤᠨ ᠪᠠᠶᠢᠬᠤ ᠭᠡᠷᠡᠭᠳᠡᠢ᠃ ᠡᠯ᠎ᠡ ᠵᠥᠢᠯ ᠤᠨ ᠭᠠᠯ ᠤᠨᠳᠠᠷᠠᠭᠠᠬᠤ ᠪᠡᠯᠡᠳᠭᠡᠮᠵᠢ ᠶᠢ ᠬᠥᠢᠴᠡᠳ ᠠᠰᠢᠭᠯᠠᠵᠤ᠂ ᠲᠤᠳᠠᠭᠠᠵᠤ ᠵᠠᠶᠢᠯᠠᠬᠤ ᠵᠥᠪ | ᠵᠠᠮ ᠢ ᠪᠠᠷᠢᠮᠳᠠᠯᠠᠵᠤ᠂ ᠪᠡᠶ᠎ᠡ ᠮᠤᠯᠳᠤᠷᠠᠬᠤ ᠪᠠ ᠠᠶᠤᠯ ᠠᠴᠠ ᠵᠠᠶᠢᠯᠠᠬᠤ ᠪᠥᠳᠥᠮᠵᠢᠳᠡᠢ ᠠᠷᠭ᠎ᠠ ᠶᠢ ᠠᠪᠬᠤ ᠭᠡᠷᠡᠭᠳᠡᠢ᠃ ᠪᠤᠳᠠᠳᠠᠢ ᠭᠠᠯ ᠤᠨ ᠠᠶᠤᠯ ᠲᠤᠮᠳᠠ᠂ ᠪᠡᠶ᠎ᠡ | ᠮᠤᠯᠳᠤᠷᠠᠬᠤ ᠠᠷᠭ᠎ᠠ ᠭᠡᠮᠵᠢᠶ᠎ᠡ ᠶᠢ ᠲᠤᠬᠢᠷᠠᠮᠵᠢᠳᠠᠢ ᠡᠵᠡᠮᠰᠢᠳᠡᠭ ᠯᠠ ᠶᠤᠮ ᠪᠤᠯ ᠯᠠᠪᠳᠠᠢ ᠰᠠᠭᠠᠳ ᠥᠭᠡᠢ ᠵᠠᠶᠢᠯᠠᠵᠤ ᠲᠡᠶᠢᠯᠥᠨ᠎ᠡ᠃ | ② ᠥᠪᠡᠷ ᠢ ᠪᠠᠨ ᠠᠪᠤᠷᠠᠬᠤ ᠵᠤᠬᠢᠬᠤ ᠮᠡᠳᠡᠯᠭᠡ ᠶᠢ ᠡᠵᠡᠮᠰᠢᠬᠦ ᠭᠡᠷᠡᠭᠳᠡᠢ᠃ ᠪᠠᠶᠢᠭᠤᠯᠭ᠎ᠠ ᠨᠢᠭᠡᠴᠢ ᠶᠢᠨ ᠵᠤᠬᠢᠶᠠᠨ ᠪᠠᠶᠢᠭᠤᠯᠤᠭᠰᠠᠨ ᠭᠠᠯ ᠤᠨᠳᠠᠷᠠᠭᠠᠬᠤ | ᠥᠵᠡᠬᠦᠯᠥᠯᠭᠡ᠂ ᠲᠤᠳᠠᠭᠠᠵᠤ ᠵᠠᠶᠢᠯᠠᠬᠤ ᠰᠤᠷᠢᠯᠳᠠ᠂ ᠭᠠᠯ ᠤᠨᠳᠠᠷᠠᠭᠠᠬᠤ ᠮᠡᠳᠡᠯᠭᠡ ᠶᠢᠨ ᠪᠤᠯᠪᠠᠰᠤᠷᠠᠭᠤᠯᠤᠯ ᠳᠤ ᠡᠷᠭᠡᠪᠰᠢ ᠢᠳᠡᠪᠬᠢᠳᠡᠢ ᠤᠷᠤᠯᠴᠠᠬᠤ ᠮᠥᠷᠳᠡᠭᠡᠨ ᠶᠡᠷᠥ | ᠶᠢᠨ ᠴᠠᠭ ᠲᠠᠭᠠᠨ ᠴᠤ ᠡᠨᠡ ᠲᠤᠬᠠᠢ ᠮᠡᠳᠡᠯᠭᠡ ᠨᠦᠭᠦᠳ ᠢ ᠢᠯᠡᠬᠦᠭᠡᠨ ᠰᠤᠷᠴᠤ ᠡᠵᠡᠮᠰᠢᠬᠦ ᠭᠡᠷᠡᠭᠳᠡᠢ᠃ | ③ ᠬᠥᠮᠥᠰ ᠤᠯᠠᠨ ᠨᠢᠬᠳᠠ ᠲᠥᠪᠯᠡᠷᠡᠬᠦ ᠭᠠᠵᠠᠷ ᠲᠠᠯᠠᠪᠤᠷ ᠲᠤ ᠤᠷᠤᠬᠤ ᠳᠠᠭᠠᠨ ᠲᠡᠬᠦᠨ ᠤ ᠲᠤᠳᠤᠭᠠᠳᠤ ᠪᠠᠶᠢᠷᠢᠰᠢᠯ ᠢ ᠵᠤᠷᠢᠯᠭ᠎ᠠ ᠲᠠᠢ ᠪᠠᠷ ᠤᠢᠢᠯᠠᠭᠠᠵᠤ | ᠂ ᠭᠠᠵᠠᠷ ᠲᠠᠯᠠᠪᠤᠷ ᠲᠠᠬᠢ ᠰᠠᠭᠠᠳ ᠥᠭᠡᠢ ᠨᠡᠪᠳᠡᠷᠡᠬᠦ ᠵᠠᠮ ᠱᠤᠭᠤᠮ ᠤᠨ ᠴᠢᠭᠯᠡᠯ ᠢ ᠮᠡᠳᠡᠨ ᠠᠪᠴᠤ᠂ ᠲᠤᠳᠤᠷ᠎ᠠ ᠪᠠᠨ ᠲᠤᠭ᠎ᠠ ᠲᠠᠢ ᠪᠠᠶᠢᠬᠤ ᠭᠡᠷᠡᠭᠳᠡᠢ᠃ | ︵4︶ ᠮᠠᠰᠢᠨ ᠲᠡᠷᠭᠡᠨ ᠤ ᠭᠠᠯ ᠤᠨ ᠠᠶᠤᠯ | ᠮᠠᠰᠢᠨ ᠲᠡᠷᠭᠡᠨ ᠤ ᠭᠠᠯ ᠤᠨ ᠠᠶᠤᠯ ᠭᠡᠳᠡᠭ ᠪᠤᠯ ᠮᠠᠰᠢᠨ ᠲᠡᠷᠭᠡ ᠵᠡᠷᠭᠡ ᠵᠠᠮ ᠬᠠᠷᠢᠯᠴᠠᠭᠠᠨ ᠤ ᠪᠠᠭᠠᠵᠢ ᠳᠤ ᠴᠠᠬᠢᠯᠭᠠᠨ ᠵᠠᠮ᠂ ᠰᠢᠳᠠᠭᠠᠯᠭ᠎ᠠ᠂ ᠭᠡᠢ ᠵᠠᠯᠠᠬᠤ | ᠰᠢᠰᠲ᠋ᠧᠮ ᠵᠡᠷᠭᠡ ᠨᠢ ᠰᠠᠭᠠᠳ ᠲᠤ ᠤᠴᠠᠷᠠᠭᠰᠠᠨ ᠪᠤᠶᠤ ᠬᠥᠮᠥᠨ ᠤ ᠤᠷᠰᠢᠬ ᠠᠴᠠ ᠪᠤᠯᠤᠭᠰᠠᠨ ᠪᠤᠰᠤᠳ ᠵᠥᠢᠯ ᠤᠨ ᠭᠠᠯ ᠤᠨ ᠠᠶᠤᠯ ᠢ ᠵᠢᠭᠠᠵᠤ ᠪᠠᠶᠢᠨ᠎ᠠ᠃ ᠮᠠᠰᠢᠨ | ᠲᠡᠷᠭᠡᠨ ᠤ ᠭᠠᠯ ᠤᠨ ᠠᠶᠤᠯ ᠤᠨ ᠪᠠᠴᠢᠮ ᠪᠠᠶᠢᠳᠠᠯ ᠢ ᠠᠷᠭᠠᠴᠠᠬᠤ ᠳᠤ᠄ | ① ᠮᠠᠰᠢᠨ ᠲᠡᠷᠭᠡᠨ ᠤ ᠬᠥᠳᠡᠯᠭᠡᠬᠦᠷ ᠮᠠᠰᠢᠨ ᠨᠢ ᠰᠢᠳᠠᠭᠰᠠᠨ ᠥᠶᠡᠰ ᠵᠢᠯᠤᠭᠤᠴᠢ ᠨᠢ ᠲᠠᠷᠦ᠋ᠢᠬᠠᠨ ᠲᠡᠷᠭᠡ ᠪᠠᠨ ᠵᠤᠭᠰᠤᠭᠠᠵᠤ᠂ ᠲᠡᠷᠭᠡᠨ ᠳᠠᠬᠢ ᠬᠥᠮᠥᠰ ᠢ | ᠲᠥᠷᠭᠡᠨ ᠪᠠᠭᠤᠯᠭᠠᠵᠤ᠂ ᠲᠠᠷᠠᠭ᠎ᠠ ᠪᠠᠷ ᠨᠢ ᠴᠠᠬᠢᠯᠭᠠᠨ ᠡᠬᠦᠰᠭᠡᠭᠴᠢ ᠶᠢ ᠲᠠᠰᠤᠳᠠᠵᠤ᠂ ᠲᠡᠷᠭᠡᠨ ᠳᠠᠬᠢ ᠭᠠᠯ ᠤᠨᠳᠠᠷᠠᠭᠠᠬᠤ ᠪᠠᠭᠠᠵᠢ ᠪᠠᠨ ᠠᠪᠴᠤ᠂ ᠰᠢᠳᠠᠵᠤ ᠪᠠᠶᠢᠭ᠎ᠠ | ᠭᠡᠰᠡᠭ ᠲᠤ ᠴᠢᠭᠯᠡᠬᠦᠯᠥᠨ ᠬᠥᠴᠥᠳᠡᠢ ᠰᠥᠷᠴᠢᠵᠤ᠂ ᠭᠠᠯ ᠤᠨ ᠰᠤᠷ ᠢ ᠨᠢ ᠤᠨᠳᠠᠷᠠᠭᠠᠨ᠎ᠠ᠃ | ② ᠮᠠᠰᠢᠨ ᠲᠡᠷᠭᠡᠨ ᠤ ᠤᠡᠭᠭᠤᠴᠠᠨ ᠳᠠᠬᠢ ᠪᠠᠷᠠᠭᠠᠨ ᠳᠤ ᠭᠠᠯ ᠭᠠᠷᠤᠭᠰᠠᠨ ᠪᠤᠯ ᠵᠢᠯᠤᠭᠤᠴᠢ ᠨᠢ ᠮᠠᠰᠢᠨ ᠲᠡᠷᠭᠡ ᠪᠠᠨ ᠴᠢᠬᠤᠯᠠ ᠬᠡᠷᠰᠡᠤ ᠭᠠᠵᠠᠷ ︵ᠬᠥᠮᠥᠨ | ᠬᠠᠷ᠎ᠠ ᠲᠥᠪᠯᠡᠷᠡᠭᠰᠡᠨ ᠭᠠᠵᠠᠷ ᠲᠠᠯᠠᠪᠤᠷ︶ ᠠᠴᠠ ᠬᠤᠯᠠᠬᠠᠨ ᠵᠠᠶᠢᠳᠠᠭᠤᠯᠵᠤ᠂ ᠲᠡᠷᠦ᠋ᠢᠬᠠᠨ ᠭᠠᠯ ᠤᠨᠳᠠᠷᠠᠭᠠᠬᠤ ᠠᠩᠬᠢ ᠳᠤ ᠮᠡᠳᠡᠬᠦᠯᠬᠦ ᠭᠡᠷᠡᠭᠳᠡᠢ᠃ ᠡᠬᠦᠨ ᠤ ᠬᠠᠮᠳᠤ | ᠵᠢᠯᠤᠭᠤᠴᠢ ᠨᠢ ᠲᠡᠷᠭᠡᠨ ᠳᠠᠬᠢ ᠭᠠᠯ ᠤᠨᠳᠠᠷᠠᠭᠠᠬᠤ ᠪᠠᠭᠠᠵᠢ ᠪᠠᠨ ᠠᠪᠴᠤ ᠭᠠᠯ ᠢ ᠲᠠᠷᠤᠬᠤ ᠭᠡᠷᠡᠭᠳᠡᠢ᠂ ᠭᠠᠯ ᠢ ᠨᠢᠬᠡ ᠯᠠ ᠲᠡᠭᠡᠷ᠎ᠡ ᠲᠡᠷᠤᠵᠤ ᠲᠡᠶᠢᠯᠬᠦ ᠥᠭᠡᠢ ᠥᠶᠡᠰ | ᠲᠤᠭᠤᠷᠢᠨ ᠥᠵᠡᠬᠦ ᠬᠥᠮᠥᠰ ᠢ ᠲᠤᠬᠠᠢ ᠶᠢᠨ ᠲᠠᠯᠠᠪᠤᠷ ᠠᠴᠠ ᠢᠳᠬᠠᠨ ᠵᠠᠶᠢᠯᠠᠭᠤᠯᠵᠤ᠂ ᠲᠡᠯᠪᠡᠷᠡᠯᠳᠡ ᠶᠢᠨ ᠠᠳᠡᠯ ᠡᠬᠦᠰᠬᠦ ᠠᠴᠠ ᠰᠡᠷᠭᠡᠶᠢᠯᠡᠨ᠎ᠡ᠃ | ③ ᠮᠠᠰᠢᠨ ᠲᠡᠷᠭᠡ ᠨᠢ ᠲᠤᠰᠤ ᠨᠡᠮᠡᠬᠦ ᠶᠠᠪᠤᠴᠠ ᠳᠤ ᠭᠠᠯ ᠭᠠᠷᠪᠠᠯ᠂ ᠲᠤᠰᠤ ᠨᠡᠮᠡᠬᠦ ᠪᠠᠨ ᠲᠡᠷᠦ᠋ᠢᠬᠠᠨ ᠵᠤᠭᠰᠤᠭᠠᠵᠤ᠂ ᠲᠡᠷᠭᠡ ᠪᠠᠨ ᠲᠤᠰᠤ ᠨᠡᠮᠡᠬᠦ ᠥᠷᠳᠡᠭᠡ | ︵ᠬᠥᠮᠥᠷᠭᠡ︶ ᠠᠴᠠ ᠱᠠᠯᠠᠪᠬᠠᠨ ᠵᠠᠶᠢᠯᠠᠭᠤᠯᠵᠤ᠂ ᠲᠡᠷᠭᠡᠨ ᠳᠠᠬᠢ ᠭᠠᠯ ᠤᠨᠳᠠᠷᠠᠭᠠᠬᠤ ᠪᠠᠭᠠᠵᠢ ᠪᠤᠶᠤ ᠲᠤᠰᠤ ᠨᠡᠮᠡᠬᠦ ᠥᠷᠳᠡᠭᠡᠨ ᠤ ᠭᠠᠯ ᠤᠨᠳᠠᠷᠠᠭᠠᠬᠤ ᠪᠠᠭᠠᠵᠢ ᠵᠢᠴᠢ | ᠬᠤᠪᠴᠠᠰᠤ ᠵᠡᠷᠭᠡ ᠪᠠᠷ ᠢᠶᠠᠨ ᠲᠤᠰᠤᠨ ᠤ ᠬᠠᠶᠢᠷᠴᠠᠭ ᠲᠡᠭᠡᠷᠡᠬᠢ ᠭᠠᠯ ᠤᠨ ᠰᠤᠷ ᠢ ᠲᠡᠷᠤᠨ ᠤᠨᠳᠠᠷᠠᠭᠠᠬᠤ ᠭᠡᠷᠡᠭᠳᠡᠢ᠃ ᠭᠡᠷᠪᠡ ᠭᠠᠵᠠᠷ ᠲᠡᠭᠡᠷ᠎ᠡ ᠲᠤᠰᠤ ᠲᠤᠰᠤᠯᠠᠵᠤ | ᠠᠰᠬᠠᠭᠳᠠᠭᠰᠠᠨ ᠪᠠᠶᠢᠪᠠᠯ ᠭᠠᠯ ᠤᠨᠳᠠᠷᠠᠭᠠᠬᠤ ᠪᠠᠭᠠᠵᠢ ᠪᠤᠶᠤ ᠡᠯᠡᠰᠥ ᠰᠢᠷᠤᠢ ᠪᠠᠷ ᠲᠡᠷᠤᠵᠤ ᠤᠨᠳᠠᠷᠠᠭᠠᠨ᠎ᠠ᠃ | ④ ᠮᠠᠰᠢᠨ ᠲᠡᠷᠭᠡ ᠶᠢ ᠰᠡᠯᠪᠢᠨ ᠵᠠᠰᠠᠭᠤᠯᠵᠤ ᠪᠠᠶᠢᠭ᠎ᠠ ᠥᠶᠡᠰ ᠭᠠᠯ ᠭᠠᠷᠤᠭᠰᠠᠨ ᠪᠤᠯ ᠰᠡᠯᠪᠢᠨ ᠵᠠᠰᠠᠭᠴᠢ ᠬᠥᠮᠥᠰ ᠲᠡᠷᠭᠡᠨ ᠠᠴᠠ ᠲᠥᠷᠭᠡᠨ ᠪᠠᠭᠤᠬᠤ ᠪᠤᠶᠤ | ᠵᠠᠶᠢᠯᠠᠵᠤ᠂ ᠴᠠᠬᠢᠯᠭᠠᠨ ᠡᠬᠦᠰᠭᠡᠭᠴᠢ ᠶᠢ ᠲᠠᠰᠤᠯᠵᠤ᠂ ᠭᠠᠯ ᠤᠨᠳᠠᠷᠠᠭᠠᠬᠤ ᠪᠠᠭᠠᠵᠢ ᠪᠤᠶᠤ ᠪᠤᠰᠤᠳ ᠵᠥᠢᠯ ᠤᠨ ᠭᠡᠷᠡᠭᠰᠡᠯ ᠢᠶᠠᠷ ᠭᠠᠯ ᠤᠨ ᠰᠤᠷ ᠢ ᠲᠠᠷᠤᠵᠤ ᠠᠪᠬᠤ | ᠭᠡᠷᠡᠭᠳᠡᠢ᠃ | ⑤ ᠮᠠᠰᠢᠨ ᠲᠡᠷᠭᠡ ᠮᠥᠷᠬᠦᠯᠳᠥᠭᠡᠳ ᠭᠠᠯ ᠤᠨ ᠠᠶᠤᠯ ᠡᠬᠦᠰᠥᠭᠰᠡᠨ ᠪᠤᠯ ᠲᠡᠷᠦ᠋ᠢᠬᠠᠨ ᠡᠬᠦᠳᠡ ᠪᠠᠨ ᠨᠡᠭᠡᠭᠡᠵᠤ ᠲᠡᠷᠭᠡᠨ ᠳᠠᠬᠢ ᠬᠥᠮᠥᠰ ᠢ ᠲᠥᠷᠭᠡᠨ | ᠵᠠᠶᠢᠯᠠᠭᠤᠯᠤᠨ᠎ᠠ᠃ | ⑥ ᠮᠠᠰᠢᠨ ᠲᠡᠷᠭᠡ ᠵᠤᠭᠰᠤᠭᠠᠬᠤ ᠲᠠᠯᠠᠪᠤᠷ ᠲᠤ ᠭᠠᠯ ᠤᠨ ᠠᠶᠤᠯ ᠡᠬᠦᠰᠥᠭᠰᠡᠨ ᠪᠤᠯ ᠶᠡᠷᠥᠩᠭᠡᠢ ᠳᠡᠭᠡᠨ ᠭᠠᠯ ᠭᠠᠷᠤᠭᠰᠠᠨ ᠲᠡᠷᠭᠡᠨ ᠤ ᠪᠠᠶᠢᠷᠢᠰᠢᠯ ᠢ | ᠥᠨᠳᠥᠰᠥᠯᠡᠨ ᠠᠪᠤᠷᠠᠯᠳᠠ ᠶᠢᠨ ᠠᠷᠭ᠎ᠠ ᠭᠡᠮᠵᠢᠶ᠎ᠡ ᠪᠠ ᠲᠠᠷᠬᠠᠭᠠᠨ ᠵᠠᠶᠢᠯᠠᠭᠤᠯᠬᠤ ᠠᠷᠭ᠎ᠠ ᠭᠡᠮᠵᠢᠶ᠎ᠡ ᠶᠢ ᠠᠪᠬᠤ ᠭᠡᠷᠡᠭᠳᠡᠢ᠃ ᠭᠡᠷᠪᠡ ᠭᠠᠯ ᠭᠠᠷᠤᠭᠰᠠᠨ ᠮᠠᠰᠢᠨ ᠲᠡᠷᠭᠡ ᠨᠢ | ᠲᠡᠷᠭᠡ ᠵᠤᠭᠰᠤᠭᠠᠬᠤ ᠲᠠᠯᠠᠪᠤᠷ ᠤᠨ ᠲᠤᠮᠳᠠ ᠪᠠᠶᠢᠪᠠᠯ᠂ ᠭᠠᠯ ᠢ ᠨᠢ ᠤᠨᠳᠠᠷᠠᠭᠠᠬᠤ ᠶᠢᠨ ᠲᠠᠭᠠᠤ ᠬᠥᠮᠥᠰ ᠢ ᠵᠤᠬᠢᠶᠠᠨ ᠪᠠᠶᠢᠭᠤᠯᠤᠨ ᠤᠢᠢᠷ᠎ᠠ ᠤᠷᠴᠢᠮ ᠳᠤᠨᠢ | ᠵᠤᠭᠰᠤᠭᠠᠵᠤ ᠪᠠᠶᠢᠭ᠎ᠠ ᠲᠡᠷᠭᠡ ᠨᠦᠭᠦᠳ ᠢ ᠵᠠᠶᠢᠯᠠᠭᠤᠯᠬᠤ ᠭᠡᠷᠡᠭᠳᠡᠢ᠃ ᠭᠡᠷᠪᠡ ᠭᠠᠯ ᠭᠠᠷᠤᠭᠰᠠᠨ ᠮᠠᠰᠢᠨ ᠲᠡᠷᠭᠡ ᠨᠢ ᠲᠡᠷᠭᠡ ᠵᠤᠭᠰᠤᠭᠠᠬᠤ ᠲᠠᠯᠠᠪᠤᠷ ᠤᠨ ᠨᠢᠭᠡ ᠲᠠᠯ᠎ᠠ | ᠳᠤᠨᠢ ᠪᠠᠶᠢᠪᠠᠯ᠂ ᠭᠠᠯ ᠢ ᠨᠢ ᠤᠨᠳᠠᠷᠠᠭᠠᠬᠤ ᠶᠢᠨ ᠲᠠᠭᠠᠤ ᠭᠠᠯ ᠭᠠᠷᠤᠭᠰᠠᠨ ᠲᠡᠷᠭᠡ ᠲᠠᠢ ᠵᠠᠯᠭᠠᠯᠳᠤᠵᠤ ᠪᠠᠶᠢᠭ᠎ᠠ ᠲᠡᠷᠭᠡ ᠶᠢ ᠵᠠᠶᠢᠯᠠᠭᠤᠯᠤᠨ᠎ᠠ᠃ | ⑦ ᠤᠯᠠᠨ ᠨᠡᠶᠢᠳᠡ ᠶᠢᠨ ᠮᠠᠰᠢᠨ ᠲᠡᠷᠭᠡᠨ ᠳᠤ ᠭᠠᠯ ᠭᠠᠷᠤᠭᠰᠠᠨ ᠪᠤᠯ ᠡᠩ ᠲᠡᠷᠢᠬᠦᠨ ᠳᠤ ᠬᠥᠮᠥᠰ ᠢ ᠠᠪᠤᠷᠠᠬᠤ ᠪᠠ ᠴᠠᠭᠳᠠᠭ᠎ᠠ ᠳᠤ ᠮᠡᠳᠡᠬᠦᠯᠬᠦ ᠶᠢ | ᠪᠤᠳᠤᠯᠬᠢᠯᠠᠬᠤ ᠭᠡᠷᠡᠭᠳᠡᠢ᠃ ᠭᠡᠷᠪᠡ ᠮᠠᠰᠢᠨ ᠲᠡᠷᠭᠡᠨ ᠤ ᠬᠥᠳᠡᠯᠭᠡᠬᠦᠷ ᠮᠠᠰᠢᠨ ᠤ ᠬᠠᠪᠢ ᠳᠤ ᠭᠠᠯ ᠭᠠᠷᠤᠭᠰᠠᠨ ᠪᠤᠯ ᠵᠢᠯᠤᠭᠤᠴᠢ ᠨᠢ ᠪᠥᠬᠦ ᠡᠬᠦᠳᠡ ᠪᠠᠨ ᠨᠡᠭᠡᠭᠡᠵᠤ | ᠲᠡᠷᠭᠡᠨ ᠳᠤ ᠰᠠᠭᠤᠭᠰᠠᠳ ᠢ ᠲᠡᠷᠭᠡᠨ ᠠᠴᠠ ᠪᠠᠭᠤᠯᠭᠠᠭᠠᠳ᠂ ᠲᠠᠷᠠᠭ᠎ᠠ ᠪᠠᠷ ᠭᠠᠯ ᠢ ᠤᠨᠳᠠᠷᠠᠭᠠᠬᠤ ᠭᠡᠷᠡᠭᠳᠡᠢ᠃ ᠮᠠᠰᠢᠨ ᠲᠡᠷᠭᠡᠨ ᠤ ᠲᠤᠮᠳᠠ ᠭᠡᠰᠡᠭ ᠲᠤ ᠭᠠᠯ | ᠭᠠᠷᠤᠭᠰᠠᠨ ᠪᠤᠯ ᠵᠢᠯᠤᠭᠤᠴᠢ ᠨᠢ ᠡᠬᠦᠳᠡ ᠪᠠᠨ ᠨᠡᠭᠡᠭᠡᠨ ᠬᠥᠮᠥᠰ ᠢ ᠬᠤᠶᠠᠷ ᠥᠵᠥᠬᠦᠷ ᠤᠨ ᠡᠬᠦᠳᠡ ᠪᠠᠷ ᠪᠠᠭᠤᠯᠭᠠᠨ᠂ ᠲᠠᠷᠠᠭ᠎ᠠ ᠪᠠᠷ ᠨᠢ ᠭᠠᠯ ᠢ ᠤᠨᠳᠠᠷᠠᠭᠠᠨ᠂ ᠭᠠᠯ | ᠤᠨ ᠬᠥᠴᠥᠨ ᠢ ᠲᠠᠷᠤᠬᠤ ᠭᠡᠷᠡᠭᠳᠡᠢ᠃ ᠭᠡᠷᠪᠡ ᠲᠡᠷᠭᠡᠨ ᠲᠡᠭᠡᠷᠡᠬᠢ ᠴᠠᠬᠢᠯᠭᠠᠨ ᠤᠳᠠᠰᠤ ᠨᠢ ᠰᠢᠳᠠᠭᠠᠳ᠂ ᠲᠡᠷᠭᠡᠨ ᠡᠬᠦᠳᠡ ᠨᠢ ᠨᠡᠭᠡᠭᠡᠭᠳᠡᠬᠦ ᠥᠭᠡᠢ ᠥᠶᠡᠰ᠂ ᠲᠡᠷᠭᠡᠨ | ᠳᠤ ᠰᠠᠭᠤᠭᠰᠠᠳ ᠬᠠᠵᠠᠭᠤ ᠬᠠᠪᠢ ᠶᠢᠨ ᠲᠡᠷᠭᠡᠨ ᠴᠤᠩᠬᠤ ᠪᠠᠷ ᠪᠠᠭᠤᠵᠤ ᠪᠤᠯᠤᠨ᠎ᠠ᠃ ᠭᠡᠷᠪᠡ ᠭᠠᠯ ᠤᠨ ᠰᠤᠷ ᠲᠡᠷᠭᠡᠨ ᠡᠬᠦᠳᠡ ᠶᠢ ᠪᠢᠳᠡᠬᠦᠮᠵᠢᠯᠡᠭᠡᠳ᠂ ᠲᠡᠷᠭᠡᠨ | ᠴᠤᠩᠬᠤ ᠪᠠᠷ ᠴᠤ ᠪᠠᠭᠤᠵᠤ ᠲᠡᠶᠢᠯᠬᠦ ᠥᠭᠡᠢ ᠥᠶᠡᠰ᠂ ᠬᠤᠪᠴᠠᠰᠤ ᠬᠤᠨᠠᠷ ᠢᠶᠠᠷ ᠲᠤᠯᠤᠭᠠᠢ ᠪᠠᠨ ᠪᠥᠳᠡᠭᠡᠵᠤ ᠲᠡᠷᠭᠡᠨ ᠡᠬᠦᠳᠡ ᠪᠠᠷ ᠰᠢᠪᠳᠤᠯᠤᠨ ᠭᠠᠷᠴᠤ ᠪᠤᠯᠤᠨ᠎ᠠ᠃ | | ᠰᠠᠨᠠᠭᠤᠯᠬᠤ ᠨᠢ᠄ | ① ᠲᠡᠷᠭᠡ ᠪᠠᠨ ᠡᠳᠥᠷ ᠲᠤᠳᠤᠮ ᠰᠠᠶᠢᠳᠤᠷ ᠪᠠᠶᠢᠴᠠᠭᠠᠨ ᠥᠵᠡᠵᠤ᠂ ᠲᠡᠷᠭᠡ ᠪᠠᠨ ᠪᠠᠳᠤᠯᠠᠭ᠎ᠠ ᠲᠠᠢ ᠪᠠᠶᠢᠯᠭᠠᠵᠤ᠂ ᠭᠡᠢ ᠭᠠᠷᠬᠤ᠂ ᠲᠤᠰᠤ ᠭᠤᠭᠤᠵᠢᠬᠤ | ᠥᠵᠡᠭᠳᠡᠯ ᠢ ᠰᠡᠷᠭᠡᠶᠢᠯᠡᠨ᠎ᠡ᠃ | ② ᠭᠡᠷᠪᠡ ᠭᠤᠮ ᠰᠢᠳᠠᠭᠰᠠᠨ ᠥᠨᠥᠷ ᠭᠠᠷᠬᠤ ᠪᠤᠶᠤ ᠤᠳᠤᠭ᠎ᠠ ᠭᠠᠷᠬᠤ ᠵᠡᠷᠭᠡ ᠶᠡᠷᠥ ᠪᠤᠰᠤ ᠶᠢᠨ ᠥᠵᠡᠭᠳᠡᠯ ᠭᠠᠷᠪᠠᠯ᠂ ᠲᠡᠷᠭᠡ ᠪᠠᠨ ᠲᠡᠷᠦ᠋ᠢᠬᠠᠨ | ᠵᠤᠭᠰᠤᠭᠠᠵᠤ ᠪᠠᠶᠢᠴᠠᠭᠠᠵᠤ ᠵᠠᠰᠠᠨ᠎ᠠ᠃ | ③ ᠲᠡᠷᠭᠡᠨ ᠳᠡᠭᠡᠨ ᠵᠠᠪᠠᠯ ᠬᠢᠷᠢ ᠳᠤ ᠲᠡᠩᠴᠡᠭᠰᠡᠨ ᠭᠠᠯ ᠤᠨᠳᠠᠷᠠᠭᠠᠬᠤ ᠪᠠᠭᠠᠵᠢ ᠪᠡᠯᠡᠳᠭᠡᠵᠤ᠂ ᠲᠡᠬᠦᠨ ᠢᠶᠠᠨ ᠲᠤᠭᠳᠠᠮᠠᠯ ᠬᠤᠭᠤᠴᠠᠭ᠎ᠠ ᠲᠠᠢ ᠪᠠᠷ ᠬᠠᠯᠠᠨ | ᠰᠤᠯᠢᠵᠤ᠂ ᠭᠡᠷᠡᠭᠯᠡᠬᠦ ᠠᠷᠭ᠎ᠠ ᠶᠢ ᠨᠢ ᠰᠤᠷᠴᠤ ᠡᠵᠡᠮᠰᠢᠬᠦ ᠭᠡᠷᠡᠭᠳᠡᠢ᠃ | ④ ᠭᠠᠯ ᠰᠡᠷᠭᠡᠶᠢᠯᠡᠬᠦ ᠨᠠᠷᠢᠨ ᠪᠠᠶᠢᠳᠠᠯ ᠢ ᠬᠡᠵᠢᠶᠡᠳᠡ ᠠᠩᠬᠠᠷᠴᠤ᠂ ᠲᠡᠮᠡᠬᠢᠨ ᠨᠤᠴᠤᠭᠠᠭᠤᠷ ᠢ ᠢᠯᠡ ᠲᠡᠯᠪᠢᠵᠤ ᠪᠤᠯᠬᠤ ᠥᠭᠡᠢ᠂ ᠲᠡᠯᠪᠡᠷᠡᠬᠦ ᠠᠴᠠ | ᠰᠡᠷᠭᠡᠶᠢᠯᠡᠨ᠎ᠡ᠃ ᠲᠡᠷᠭᠡᠨ ᠲᠤᠳᠤᠷ᠎ᠠ ᠲᠡᠮᠡᠬᠢᠨ ᠤᠵᠠᠭᠤᠷ ᠢ ᠲᠤᠷ᠎ᠠ ᠪᠠᠷ ᠢᠶᠠᠨ ᠬᠠᠶᠠᠵᠤ ᠪᠤᠯᠬᠤ ᠥᠭᠡᠢ᠃ ᠥᠨᠥᠷᠳᠤ ᠤᠰᠤ ᠵᠡᠷᠭᠡ ᠬᠢᠯᠪᠠᠷ ᠨᠤᠴᠤᠬᠤ ᠪᠤᠳᠠᠰ ᠢ | ᠲᠡᠷᠭᠡᠨ ᠲᠤᠳᠤᠷ᠎ᠠ ᠪᠠᠨ ᠲᠠᠯᠪᠢᠵᠤ ᠪᠤᠯᠬᠤ ᠥᠭᠡᠢ᠃ | ⑤ ᠮᠠᠰᠢᠨ ᠲᠡᠷᠭᠡ ᠭᠡᠨᠡᠳᠳᠡ ᠥᠪᠡᠷᠳᠡᠭᠡᠨ ᠰᠢᠳᠠᠬᠤ ᠳᠤ ᠬᠥᠷᠪᠡᠯ ᠲᠡᠷᠦ᠋ᠢᠬᠠᠨ ᠭᠠᠷ ᠲᠤᠷᠤᠮᠰᠤᠯᠠᠭᠤᠷ ᠢᠶᠠᠨ ᠲᠠᠳᠠᠵᠤ᠂ ᠴᠠᠬᠢᠯᠭᠠᠨ ᠡᠬᠦᠰᠭᠡᠭᠴᠢ ᠶᠢ | ᠬᠠᠭᠠᠵᠤ᠂ ᠭᠠᠯ ᠤᠨᠳᠠᠷᠠᠭᠠᠬᠤ ᠪᠠᠭᠠᠵᠢ ᠪᠠᠷ ᠲᠤᠰᠤᠨ ᠰᠠᠪᠠ ᠪᠤᠯᠤᠨ ᠨᠤᠴᠤᠵᠤ ᠪᠠᠶᠢᠭ᠎ᠠ ᠭᠡᠰᠡᠭ ᠤᠨ ᠬᠠᠯᠠᠭᠤᠨ ᠢ ᠪᠠᠭᠤᠷᠠᠭᠤᠯᠤᠨ ᠭᠠᠯ ᠢ ᠤᠨᠳᠠᠷᠠᠭᠠᠬᠤ ᠶᠢᠨ ᠲᠠᠭᠠᠤ | ᠲᠠᠷᠦ᠋ᠢᠬᠠᠨ ᠴᠠᠭᠳᠠᠭ᠎ᠠ ᠳᠤ ᠮᠡᠳᠡᠬᠦᠯᠬᠦ ᠭᠡᠷᠡᠭᠳᠡᠢ᠃ | ︵5︶ ᠤᠢ ᠰᠢᠭᠤᠢ ᠨᠤᠳᠤᠭ ᠪᠡᠯᠴᠢᠭᠡᠷ ᠤᠨ ᠭᠠᠯ ᠤᠨ ᠠᠶᠤᠯ | ᠤᠢ ᠰᠢᠭᠤᠢ ᠨᠤᠳᠤᠭ ᠪᠡᠯᠴᠢᠭᠡᠷ ᠤᠨ ᠭᠠᠯ ᠤᠨ ᠠᠶᠤᠯ ᠭᠡᠳᠡᠭ ᠨᠢ ᠤᠢ ᠰᠢᠭᠤᠢ᠂ ᠰᠢᠭᠤᠢᠢᠳᠤ ᠤᠷᠤᠨ᠂ ᠤᠢ ᠮᠤᠳᠤᠨ ᠤ ᠲᠥᠢᠮᠡᠷ ᠪᠠ ᠪᠠᠶᠢᠭᠠᠯᠢᠯᠢᠬ | ᠡᠪᠡᠰᠤ ᠪᠡᠯᠴᠢᠭᠡᠷ᠂ ᠲᠡᠷᠢᠮᠠᠯ ᠡᠪᠡᠰᠤ ᠪᠡᠯᠴᠢᠭᠡᠷ ᠤᠨ ᠲᠥᠢᠮᠡᠷ ᠢ ᠵᠢᠭᠠᠵᠤ ᠪᠠᠶᠢᠨ᠎ᠠ᠃ ᠤᠢ ᠰᠢᠭᠤᠢ ᠨᠤᠳᠤᠭ ᠪᠡᠯᠴᠢᠭᠡᠷ ᠤᠨ ᠭᠠᠯ ᠤᠨ ᠠᠶᠤᠯ ᠤᠨ ᠪᠠᠴᠢᠮ ᠪᠠᠶᠢᠳᠠᠯ ᠢ | ᠠᠷᠭᠠᠴᠠᠬᠤ ᠳᠤ᠄ | ① ᠤᠢ ᠰᠢᠭᠤᠢ ᠨᠤᠳᠤᠭ ᠪᠡᠯᠴᠢᠭᠡᠷ ᠤᠨ ᠲᠥᠢᠮᠡᠷ ᠢ ᠤᠯᠵᠤ ᠮᠡᠳᠡᠪᠡᠯ᠂ ᠲᠡᠷᠦ᠋ᠢᠬᠠᠨ ᠴᠠᠭᠳᠠᠭ᠎ᠠ ᠳᠤ ᠮᠡᠳᠡᠭᠦᠯᠬᠦ ᠭᠡᠷᠡᠭᠳᠡᠢ᠃ ᠴᠠᠭᠳᠠᠭ᠎ᠠ ᠳᠤ ᠮᠡᠳᠡᠬᠦᠯᠬᠦ | ᠳᠡᠭᠡᠨ ᠲᠥᠢᠮᠡᠷ ᠤᠨ ᠤᠷᠤᠨ ᠪᠠᠶᠢᠷᠢ᠂ ᠲᠥᠢᠮᠡᠷ ᠤᠨ ᠶᠡᠭᠡ ᠪᠠᠭ᠎ᠠ ᠶᠢᠨ ᠪᠠᠶᠢᠳᠠᠯ᠂ ᠬᠥᠮᠥᠨ ᠠᠮᠢᠳᠠᠨ ᠥᠬᠦᠵᠤ ᠰᠢᠷᠬᠠᠳᠤᠭᠰᠠᠨ ᠡᠰᠡᠬᠦ ᠵᠢᠴᠢ ᠮᠡᠳᠡᠬᠦᠯᠥᠭᠰᠡᠨ ᠬᠥᠮᠥᠨ | ᠤ ᠤᠪᠤᠭ ᠨᠡᠷ᠎ᠡ ᠪᠠ ᠬᠠᠷᠢᠯᠴᠠᠬᠤ ᠭᠡᠯᠪᠡᠷᠢ ᠪᠠᠨ ᠲᠤᠳᠤᠷᠬᠠᠢ ᠮᠡᠳᠡᠭᠳᠡᠬᠦ ᠭᠡᠷᠡᠭᠳᠡᠢ᠃ | 119 ᠤᠳᠠᠰᠤ ᠪᠤᠯ ᠰᠥᠢᠳᠭᠡᠯ ᠬᠤᠷᠢᠶᠠᠬᠤ ᠥᠭᠡᠢ᠂ ᠮᠥᠡᠭᠬᠦ ᠰᠢᠷᠭᠤᠭᠤᠯᠬᠤ᠂ ᠺᠠᠷᠲ ᠬᠡᠷᠡᠭᠯᠡᠬᠦ ᠤᠳᠠᠰᠦ ᠵᠡᠷᠭᠡ ᠤᠯᠠᠨ ᠨᠡᠶᠢᠳᠡ ᠶᠢᠨ ᠭᠡᠷᠡᠭᠯᠡᠭᠡᠨ ᠤ | ᠤᠳᠠᠰᠤ ᠪᠠᠷ ᠴᠥᠮ ᠰᠢᠭᠤᠳ ᠤᠳᠠᠰᠤᠳᠠᠵᠤ ᠪᠤᠯᠤᠨ᠎ᠠ᠃ | ② ᠭᠠᠯ ᠲᠠᠯᠪᠢᠵᠤ ᠲᠠᠷᠤᠬᠤ᠄ ᠨᠡᠯᠢᠶᠡᠳ ᠠᠭᠤᠳᠠᠮ ᠲᠡᠭᠰᠢ ᠲᠡᠯ᠎ᠠ ᠳᠤ ᠪᠤᠯ ᠭᠤᠤᠯ ᠭᠤᠷᠤᠬ᠎ᠠ᠂ ᠵᠠᠮ ᠱᠤᠭᠤᠮ ᠢᠶᠠᠷ ᠲᠥᠰᠢᠭ ᠪᠤᠯᠭᠠᠵᠤ᠂ ᠭᠠᠯ | ᠲᠠᠯᠪᠢᠬᠤ ᠪᠠᠭᠠᠵᠢ ᠪᠠᠷ ᠡᠰᠡᠷᠬᠦ ᠵᠥᠭ ᠲᠤᠨᠢ ᠭᠠᠯ ᠲᠠᠯᠪᠢᠵᠤ᠂ ᠶᠡᠭᠡ ᠲᠥᠢᠮᠡᠷ ᠤᠨ ᠡᠰᠡᠷᠬᠦ ᠵᠥᠭ ᠲᠤᠨᠢ ᠬᠥᠭᠵᠢᠭᠡᠵᠤ᠂ ᠲᠥᠢᠮᠡᠷ ᠤᠨ ᠬᠥᠴᠥᠨ ᠢ ᠬᠤᠷᠢᠭᠯᠠᠨ | ᠲᠠᠷᠤᠵᠤ ᠠᠪᠤᠨ᠎ᠠ᠃ ᠭᠤᠤᠯ ᠭᠤᠷᠤᠬ᠎ᠠ᠂ ᠵᠠᠮ ᠱᠤᠭᠤᠮ ᠥᠭᠡᠢ ᠪᠤᠯ ᠭᠠᠯ ᠲᠠᠯᠪᠢᠬᠤ ᠪᠠᠭᠠᠵᠢ ᠪᠠᠷ ᠤᠷᠤᠭᠤ ᠵᠥᠭ ᠲᠤ ᠨᠢ ᠭᠠᠯ ᠲᠠᠯᠪᠢᠵᠤ᠂ ᠬᠥᠮᠥᠰ ᠭᠠᠯᠳᠠᠭᠰᠠᠨ | ᠮᠥᠷ ᠢᠶᠠᠷ ᠪᠡᠶ᠎ᠡ ᠲᠠᠯᠳᠠᠯᠠᠬᠤ ᠶᠢᠨ ᠲᠠᠭᠠᠤ ᠭᠠᠷ ᠢᠶᠠᠷ ᠢᠶᠠᠨ ᠨᠦᠢᠳᠠᠨ ᠰᠢᠷᠤᠢ ᠶᠢ ᠮᠠᠯᠳᠠᠨ ᠬᠤᠨᠭ᠍ᠬᠤᠢᠢᠯᠠᠵᠤ᠂ ᠨᠦᠢᠳᠠᠨ ᠰᠢᠷᠤᠢ ᠳᠤ ᠨᠠᠭᠠᠯᠳᠤᠨ ᠠᠮᠢᠰᠬᠤᠬᠤ ᠪᠤᠶᠤ | ᠨᠦᠢᠳᠠᠨ ᠠᠯᠴᠢᠭᠤᠷ ᠢᠶᠠᠷ ᠠᠮᠠ ᠬᠠᠮᠠᠷ ᠢᠶᠠᠨ ᠲᠠᠷᠤᠵᠤ᠂ ᠨᠡᠬᠦᠷᠡᠰᠥᠳᠦ᠋ᠷᠥᠭᠴᠢ ᠶᠢᠨ ᠲᠠᠩ ᠢᠰᠥᠯ ᠳᠤ ᠬᠤᠤᠷᠳᠠᠭᠳᠠᠬᠤ ᠠᠴᠠ ᠰᠡᠷᠭᠡᠶᠢᠯᠡᠨ᠎ᠡ᠃ | ③ ᠰᠠᠯᠬᠢᠨ ᠢ ᠰᠥᠷᠴᠦ ᠭᠠᠯ ᠤᠨ ᠱᠤᠭᠤᠮ ᠢ ᠰᠢᠪᠳᠤᠯᠤᠨ ᠭᠠᠷᠬᠤ᠄ ᠭᠠᠯ ᠲᠠᠯᠪᠢᠬᠤ ᠪᠤᠶᠤ ᠪᠤᠰᠤᠳ ᠵᠥᠢᠯ ᠤᠨ ᠨᠥᠬᠦᠴᠡᠯ ᠥᠭᠡᠢ ᠥᠶᠡᠰ᠂ ᠰᠠᠯᠬᠢᠨ ᠤ | ᠤᠷᠤᠭᠤ ᠬᠥᠶᠥᠵᠤ ᠤᠭᠳᠤ ᠪᠤᠯᠬᠤ ᠥᠭᠡᠢ᠂ ᠨᠢᠭᠡᠨᠳᠡ ᠰᠢᠳᠠᠵᠤ ᠥᠡᠭᠭᠡᠷᠡᠭᠰᠡᠨ ᠪᠤᠶᠤ ᠡᠪᠡᠰᠤ ᠪᠡᠯᠴᠢᠭᠡᠷ ᠰᠡᠶᠢᠷᠡᠭ᠂ ᠭᠠᠵᠠᠷ ᠲᠠᠯᠠᠪᠠᠢ ᠲᠡᠭᠰᠢ ᠭᠠᠵᠠᠷ ᠢ ᠰᠤᠩᠭᠤᠨ | ᠬᠤᠪᠴᠠᠰᠤ ᠬᠤᠨᠠᠷ ᠢᠶᠠᠷ ᠢᠶᠠᠨ ᠲᠤᠯᠤᠭᠠᠢ ᠪᠠᠨ ᠪᠥᠳᠡᠭᠡᠵᠤ᠂ ᠰᠠᠯᠬᠢᠨ ᠤ ᠡᠰᠡᠷᠬᠦ ᠵᠥᠭ ᠭᠠᠯ ᠤᠨ ᠱᠤᠭᠤᠮ ᠢ ᠰᠢᠪᠳᠤᠯᠤᠨ ᠭᠠᠷᠴᠤ ᠰᠢᠳᠠᠭᠳᠠᠭᠰᠠᠨ ᠭᠠᠵᠠᠷ ᠲᠡᠭᠡᠷ᠎ᠡ | ᠭᠠᠷᠬᠤ ᠭᠡᠷᠡᠭᠳᠡᠢ᠃ | ④ ᠡᠯᠢᠭᠡᠳᠡᠨ ᠭᠡᠪᠳᠡᠵᠤ ᠭᠠᠯ ᠤᠳᠤᠭ᠎ᠠ ᠠᠴᠠ ᠲᠠᠯᠳᠠᠯᠠᠬᠤ᠄ ᠭᠠᠯ ᠲᠠᠯᠪᠢᠵᠤ ᠲᠠᠷᠤᠵᠤ ᠵᠠᠪᠳᠤᠬᠤ ᠥᠭᠡᠢ᠂ ᠤᠢᠢᠷᠠᠬᠠᠨ ᠭᠤᠤᠯ ᠪᠠᠶᠢᠬᠤ ᠪᠦᠬᠡᠳ ᠡᠪᠡᠰᠤ | ᠤᠷᠭᠤᠮᠠᠯ ᠥᠭᠡᠢ ᠪᠤᠶᠤ ᠤᠷᠭᠤᠮᠠᠯ ᠰᠡᠶᠢᠷᠡᠭ ᠪᠠᠶᠢᠬᠤ ᠰᠠᠯᠬᠢᠨ ᠤ ᠡᠰᠡᠷᠬᠦ ᠲᠡᠭᠰᠢ ᠲᠠᠯ᠎ᠠ ᠲᠠᠢ ᠭᠠᠵᠠᠷ ᠪᠤᠯ ᠬᠤᠪᠴᠠᠰᠤ ᠪᠠᠨ ᠨᠤᠷᠭᠠᠵᠤ ᠲᠤᠯᠤᠭᠠᠢ ᠪᠠᠨ ᠪᠥᠳᠡᠭᠡᠵᠤ᠂ | ᠬᠤᠶᠠᠷ ᠭᠠᠷ ᠢᠶᠠᠨ ᠴᠡᠭᠡᠵᠢᠨ ᠲᠡᠭᠡᠷ᠎ᠡ ᠪᠠᠨ ᠲᠠᠯᠪᠢᠵᠤ᠂ ᠡᠯᠢᠭᠡᠳᠡᠨ ᠭᠡᠪᠳᠡᠵᠤ ᠭᠠᠯ ᠤᠳᠤᠭ᠎ᠠ ᠠᠴᠠ ᠲᠠᠯᠳᠠᠯᠠᠬᠤ ᠭᠡᠷᠡᠭᠳᠡᠢ᠃ ᠡᠯᠢᠭᠡᠳᠡᠨ ᠭᠡᠪᠳᠡᠬᠦ ᠳᠡᠭᠡᠨ ᠤᠳᠤᠭ᠎ᠠ | ᠤᠨᠢᠶᠠᠷ ᠲᠤ ᠬᠠᠭ᠋ᠠᠵᠤ ᠪᠥᠳᠡᠬᠦ ᠠᠴᠠ ᠰᠡᠷᠭᠡᠶᠢᠯᠡᠬᠦ ᠶᠢᠨ ᠲᠤᠰᠠᠳᠠ᠂ ᠨᠦᠢᠳᠠᠨ ᠠᠯᠴᠢᠭᠤᠷ ᠢᠶᠠᠷ ᠠᠮᠠ ᠬᠠᠮᠠᠷ ᠢᠶᠠᠨ ᠲᠠᠷᠤᠬᠤ ᠶᠢᠨ ᠲᠠᠭᠠᠤ ᠭᠠᠵᠠᠷ ᠬᠤᠨᠭ᠍ᠬᠤᠢᠢᠯᠠᠨ | ᠠᠮᠢᠰᠬᠤᠪᠠᠯ ᠤᠳᠤᠭᠠᠨ ᠤ ᠭᠠᠯ ᠠᠴᠠ ᠵᠠᠶᠢᠯᠠᠵᠤ ᠲᠠᠶᠢᠯᠤᠨ᠎ᠠ᠃ | ᠶᠡᠭᠡ ᠳᠦᠢᠮᠡᠷ ᠲᠠᠭᠠᠷᠢᠨ ᠢᠷᠡᠵᠤ᠂ ᠬᠥᠮᠥᠨ ᠤ ᠬᠥᠴᠤ ᠪᠠᠷ ᠬᠤᠷᠢᠭᠯᠠᠵᠤ ᠲᠡᠶᠢᠯᠬᠦ ᠥᠭᠡᠢ ᠪᠤᠯᠤᠭᠰᠠᠨ ᠥᠶᠡᠰ᠂ ᠴᠠᠭ ᠮᠥᠴᠡ ᠵᠠᠪ ᠲᠠᠢ ᠯᠠ ᠪᠤᠯ | ᠲᠥᠷᠭᠡᠨ ᠠᠮᠤᠷ ᠲᠥᠪᠰᠢᠨ ᠭᠠᠵᠠᠷ ᠰᠢᠯᠵᠢᠵᠤ᠂ ᠥᠬᠦᠯ ᠰᠢᠷᠬᠠᠳᠤᠯ ᠠᠴᠠ ᠵᠠᠶᠢᠯᠠᠬᠤ ᠭᠡᠷᠡᠭᠳᠡᠢ᠃ | ᠰᠠᠨᠠᠭᠤᠯᠬᠤ ᠨᠢ᠄ | ① 10∶00~16∶00 ᠴᠠᠭ ᠤᠨ ᠬᠤᠭᠤᠷᠤᠨᠳᠤ ᠢᠯᠠᠩᠭᠤᠶ᠎ᠠ ᠥᠳᠡ ᠶᠢᠨ ᠬᠤᠶᠢᠨ᠎ᠠ ᠪᠤᠯ ᠰᠠᠯᠬᠢ ᠶᠡᠭᠡ ᠶᠠᠭᠤᠮ᠎ᠠ ᠬᠠᠭᠤᠷᠠᠢ᠂ ᠲᠥᠢᠮᠡᠷ ᠤᠨ | ᠢᠯᠴᠢ ᠥᠨᠳᠥᠷ᠂ ᠴᠢᠬᠢᠭ ᠪᠠᠭ᠎ᠠ᠂ ᠰᠠᠯᠬᠢᠨ ᠤ ᠴᠢᠭᠯᠡᠯ ᠤᠨ ᠬᠤᠪᠢᠷᠠᠯᠳᠠ ᠲᠥᠷᠭᠡᠨ ᠪᠠᠶᠢᠳᠠᠭ ᠪᠤᠯᠬᠤᠷ ᠤᠢ ᠰᠢᠭᠤᠢ ᠶᠢᠨ ᠲᠥᠢᠮᠡᠷ ᠢ ᠤᠨᠳᠠᠷᠠᠭᠠᠬᠤ ᠳᠤ ᠲᠦᠢᠯ ᠤᠨ | ᠠᠰᠢᠬ ᠥᠭᠡᠢ ᠴᠠᠭ ᠬᠤᠭᠤᠴᠠᠭ᠎ᠠ ᠪᠠ ᠴᠠᠭ ᠠᠭᠤᠷ ᠤᠨ ᠨᠥᠬᠦᠴᠡᠯ ᠪᠤᠯᠤᠨ᠎ᠠ᠃ | ② ᠲᠥᠢᠮᠡᠷ ᠤᠨ ᠤᠷᠴᠢᠨ ᠳᠠᠬᠢ ᠰᠢᠳᠠᠮᠠᠬᠠᠢ ᠪᠤᠳᠠᠰ ᠤᠨ ᠲᠥᠪᠰᠢᠨ ᠪᠤᠯᠤᠨ ᠡᠭ᠍ᠴᠡ ᠲᠡᠷᠬᠠᠴᠠ ᠶᠢᠨ ᠪᠠᠶᠢᠳᠠᠯ ᠨᠢ ᠤᠢ ᠶᠢᠨ ᠲᠥᠢᠮᠡᠷ ᠤᠨ ᠰᠢᠳᠠᠬᠤ | ᠴᠢᠭᠯᠡᠯ ᠤᠨ ᠬᠤᠪᠢᠷᠠᠯᠳᠠ ᠶᠢ ᠨᠥᠯᠥᠭᠡᠯᠡᠳᠡᠭ᠃ ᠢᠯᠠᠩᠭᠤᠶ᠎ᠠ ᠪᠢᠯᠢᠭ ᠴᠢᠨᠠᠷ ᠲᠠᠢ ᠰᠤᠯᠠ ᠡᠪᠡᠰᠤ ᠪᠤᠯᠤᠨ ᠨᠤᠴᠤᠮᠠᠳᠠᠭᠠᠢ ᠰᠥᠭᠡᠭ ᠮᠤᠳᠤᠨ ᠪᠥᠰᠡ ᠨᠢ ᠤᠢ ᠶᠢᠨ | ᠲᠥᠢᠮᠡᠷ ᠤᠨ ᠥᠷᠪᠢᠰᠬᠦ ᠬᠤᠷᠳᠤᠴᠠ ᠶᠢ ᠭᠡᠨᠡᠳᠳᠡ ᠰᠢᠷᠥᠬᠦᠰᠭᠡᠵᠤ᠂ ᠤᠢ ᠶᠢᠨ ᠲᠥᠢᠮᠡᠷ ᠤᠨ ᠰᠢᠳᠠᠬᠤ ᠴᠢᠭᠯᠡᠯ ᠢ ᠥᠭᠡᠷᠡᠳᠦᠬᠦᠯᠵᠤ᠂ ᠶᠡᠭᠡ ᠬᠥᠴᠥ ᠲᠠᠢ ᠤᠢ ᠶᠢᠨ | ᠲᠥᠢᠮᠡᠷ ᠢ ᠪᠤᠢ ᠪᠤᠯᠭᠠᠳᠠᠭ᠃ ᠰᠢᠳᠠᠮᠠᠬᠠᠢ ᠪᠤᠳᠠᠰ ᠤᠨ ᠡᠭ᠍ᠴᠡ ᠲᠡᠷᠬᠠᠯᠳᠠ ᠪᠠᠶᠢᠳᠠᠭ ᠭᠠᠵᠠᠷ ᠲᠤ ᠭᠠᠵᠠᠷ ᠲᠡᠭᠡᠷᠡᠬᠢ ᠲᠥᠢᠮᠡᠷ ᠪᠠ ᠮᠤᠳᠤᠨ ᠤ ᠤᠷᠤᠢ ᠶᠢᠨ ᠭᠠᠯ ᠴᠤᠭ | ᠲᠠᠭᠠᠨ ᠡᠬᠦᠰᠴᠤ᠂ ᠪᠤᠰᠤᠭ᠎ᠠ ᠴᠤᠭᠴᠠ ᠪᠠᠷ ᠰᠢᠳᠠᠳᠠᠭ᠃ | ③ ᠤᠢ ᠶᠢᠨ ᠲᠥᠢᠮᠡᠷ ᠭᠠᠷᠤᠭᠰᠠᠨ ᠥᠶ᠎ᠡ ᠳᠤ ᠥᠬᠦᠯ ᠰᠢᠷᠬᠠᠳᠤᠯ ᠤᠨ ᠠᠳᠡᠯ ᠭᠠᠷᠳᠠᠭ ᠤᠨ ᠭᠤᠤᠯ ᠰᠢᠯᠳᠠᠭᠠᠨ ᠨᠢ ᠭᠡᠪᠡᠯ᠄ ᠤᠢ ᠶᠢᠨ ᠲᠥᠢᠮᠡᠷ ᠤᠨ | ᠰᠢᠳᠠᠯᠳᠠ ᠶᠢᠨ ᠴᠢᠭᠯᠡᠯ ᠤᠨ ᠬᠤᠪᠢᠷᠠᠯᠳᠠ ᠶᠢ ᠪᠤᠷᠤᠭᠤ ᠮᠠᠭᠠᠳᠯᠠᠭᠰᠠᠨ ᠠᠴᠠ ᠪᠤᠯᠳᠠᠭ᠂ ᠰᠠᠯᠬᠢᠨ ᠤᠷᠤᠭᠤ ᠲᠤᠳᠠᠭᠠᠵᠤ ᠵᠠᠶᠢᠯᠠᠭᠰᠠᠨ ᠠᠴᠠ ᠪᠤᠯᠳᠠᠭ᠂ ᠡᠪᠡᠰᠤ | ᠪᠡᠯᠴᠢᠭᠡᠷ ᠪᠤᠶᠤ ᠰᠤᠯᠠ ᠪᠤᠳᠠ ᠰᠥᠭᠡᠭ ᠲᠤ ᠲᠠᠯᠳᠠᠯᠠᠭᠰᠠᠨ ᠠᠴᠠ ᠪᠤᠯᠳᠠᠭ᠂ ᠭᠠᠵᠠᠷ ᠤᠨ ᠪᠠᠶᠢᠴᠠ ᠶᠢᠨ ᠨᠥᠬᠦᠴᠡᠯ ᠢ ᠲᠤᠳᠤᠷᠬᠠᠢ ᠮᠡᠳᠡᠬᠦ ᠥᠭᠡᠢ᠂ ᠲᠥᠢᠮᠡᠷ ᠠᠴᠠ | ᠵᠠᠶᠢᠯᠠᠬᠤ ᠠᠮᠤᠷ ᠲᠥᠪᠰᠢᠨ ᠤᠷᠤᠨ ᠪᠠᠶᠢᠭᠤᠯᠤᠭᠰᠠᠨ ᠥᠭᠡᠢ ᠡᠴᠡᠪᠤᠯᠳᠠᠭ᠂ ᠥᠳᠭᠡᠨ ᠤᠳᠤᠭᠠᠨ ᠳᠤ ᠬᠠᠭ᠋ᠠᠵᠤ ᠪᠥᠭᠯᠡᠷᠡᠭᠰᠡᠨ ᠪᠠ ᠥᠨᠳᠥᠷ ᠬᠠᠯᠠᠭᠤᠨ ᠳᠤ ᠬᠠᠯᠠᠵᠤ | ᠰᠢᠷᠬᠠᠳᠤᠭᠰᠠᠨ ᠠᠴᠠ ᠪᠤᠯᠳᠠᠭ᠂ ᠤᠢ ᠶᠢᠨ ᠲᠥᠢᠮᠡᠷ ᠲᠤ ᠭᠡᠳᠥᠷᠭᠡᠢ ᠠᠶᠤᠵᠤ ᠭᠡᠯᠮᠡᠭᠳᠡᠭᠰᠡᠨ ᠠᠴᠠ ᠪᠤᠯᠳᠠᠭ᠂ ᠪᠠᠭ᠎ᠠ ᠭᠠᠯ ᠢ ᠪᠠᠰᠤᠮᠵᠢᠯᠠᠭᠰᠠᠨ ᠪᠠ ᠰᠢᠳᠠᠭᠰᠠᠨ ᠮᠤᠳᠤ | ᠂ ᠴᠢᠯᠠᠭᠤᠨ ᠳᠤ ᠴᠤᠬᠢᠭᠳᠠᠭᠰᠠᠨ ᠠᠴᠠ ᠪᠤᠯᠳᠠᠭ᠃ |