︵1︶ ᠴᠠᠬᠢᠯᠭᠠᠨ ᠵᠤᠭᠰᠤᠬᠤ ᠠᠳᠡᠯ | ① ᠴᠠᠬᠢᠯᠭᠠᠨ ᠭᠡᠨᠡᠳᠳᠡ ᠵᠤᠭᠰᠤᠭᠰᠠᠨ ᠠᠴᠠ ᠪᠤᠯᠵᠤ ᠴᠠᠬᠢᠯᠭᠠᠨ ᠭᠡᠷᠡᠭᠰᠡᠯ ᠡᠪᠳᠡᠭᠳᠡᠵᠤ᠂ ᠡ᠊ᠨᠳᠡᠯ ᠡᠬᠦᠰᠬᠦ ᠶᠢᠨ ᠲᠠᠭᠠᠤ ᠬᠥᠮᠥᠰ ᠤᠨ ᠭᠡᠪ ᠤᠨ | ᠠᠮᠢᠳᠤᠷᠠᠯ ᠢ ᠰᠢᠭᠤᠳ ᠨᠥᠯᠥᠭᠡᠯᠡᠳᠡᠭ᠃ ᠴᠠᠬᠢᠯᠭᠠᠨ ᠵᠤᠭᠰᠤᠬᠤ ᠡ᠊ᠨᠳᠡᠯ ᠤᠨ ᠪᠠᠴᠢᠮ ᠪᠠᠶᠢᠳᠠᠯ ᠢ ᠠᠷᠭᠠᠴᠠᠬᠤ ᠳᠤ᠄ | ② ᠴᠠᠬᠢᠯᠭᠠᠨ ᠵᠤᠭᠰᠤᠬᠤ ᠤᠴᠢᠷ ᠲᠤᠬᠢᠶᠠᠯᠳᠤᠪᠠᠯ ᠭᠠᠷ ᠳ᠋ᠧᠩ ᠵᠡᠷᠭᠡ ᠭᠡᠷᠡᠯᠳᠥᠬᠦᠯᠭᠡ ᠶᠢᠨ ᠪᠠᠭᠠᠵᠢ ᠶᠢ ᠠᠰᠢᠭᠯᠠᠨ᠂ ᠡᠩ ᠲᠡᠷᠢᠬᠦᠨ ᠳᠤ ᠲᠤᠳᠤᠭᠠᠳᠤ | ᠳᠠᠬᠢ ᠴᠠᠬᠢᠯᠭᠠᠨ ᠲᠥᠬᠡᠬᠡᠭᠴᠢ ᠶᠢᠨ ᠨᠡᠭᠡᠭᠡᠯᠬᠡ᠂ ᠴᠠᠬᠢᠯᠭᠠᠨ ᠵᠢᠭᠤᠳᠠᠭᠤᠷ ᠤᠨ ᠬᠠᠮᠠᠭᠠᠯᠠᠭᠤᠷ ᠢᠶᠠᠨ ᠪᠠᠶᠢᠴᠠᠭᠠᠵᠤ ᠪᠠᠶᠢᠭᠠᠷᠠᠢ᠃ | ③ ᠬᠠᠮᠠᠭᠠᠯᠠᠭᠤᠷ ᠤᠳᠠᠰᠤ ᠨᠢ ᠬᠠᠶᠢᠯᠤᠭᠳᠠᠨ ᠲᠠᠰᠤᠷᠠᠭᠰᠠᠨ ᠪᠤᠯ ᠲᠡᠷᠦ᠋ᠢᠬᠠᠨ ᠰᠤᠯᠢᠬᠤ ᠭᠡᠷᠡᠭᠳᠡᠢ᠃ ᠭᠡᠪᠡᠴᠤ ᠵᠡᠰ᠂ ᠲᠡᠮᠥᠷ᠂ ᠲᠤᠭᠤᠯᠭᠠᠨ ᠤᠳᠠᠰᠤ ᠪᠠᠷ | ᠤᠷᠤᠯᠠᠭᠤᠯᠵᠤ ᠪᠤᠯᠬᠤ ᠥᠭᠡᠢ᠃ ᠬᠠᠮᠠᠭᠠᠯᠠᠭᠤᠷ ᠤᠳᠠᠰᠤ ᠶᠢ ᠰᠤᠯᠢᠬᠤ ᠳᠠᠭᠠᠨ ᠪᠡᠭᠡᠯᠡᠢ ᠵᠡᠬᠦᠬᠦ ᠪᠤᠶᠤ ᠮᠤᠳᠤᠨ ᠰᠠᠨᠳᠠᠯᠢ ᠲᠡᠭᠡᠷ᠎ᠡ ᠵᠤᠭᠰᠤᠵᠤ᠂ ᠴᠠᠬᠢᠯᠭᠠᠨ ᠥᠯᠥ | ᠬᠥᠶᠥᠬᠦ ᠬᠥᠨᠳᠡᠶᠢᠷᠡᠬᠦᠯᠬᠦ ᠠᠷᠭ᠎ᠠ ᠭᠡᠮᠵᠢᠶ᠎ᠡ ᠠᠪᠴᠤ᠂ ᠴᠠᠬᠢᠯᠭᠠᠨ ᠳᠤ ᠴᠤᠬᠢᠭᠳᠠᠬᠤ ᠠᠴᠠ ᠰᠡᠷᠭᠡᠶᠢᠯᠡᠨ᠎ᠡ᠃ | ④ ᠴᠠᠬᠢᠯᠭᠠᠨ ᠬᠥᠴᠥᠨ ᠤ ᠰᠠᠯᠠᠭ᠎ᠠ ᠮᠥᠴᠢᠷ ᠲᠤ ᠡ᠊ᠨᠳᠡᠯ ᠤᠨ ᠪᠠᠴᠢᠮ ᠪᠠᠶᠢᠳᠠᠯ ᠢ ᠠᠷᠭᠠᠴᠠᠵᠤ ᠵᠠᠪᠳᠤᠨ ᠠᠪᠤᠷᠠᠵᠤ ᠵᠠᠰᠠᠭᠤᠯᠬᠤ ᠪᠠᠷ ᠤᠳᠠᠰᠤᠳᠠᠵᠤ | ᠪᠤᠯᠤᠨ᠎ᠠ᠃ | ᠰᠠᠨᠠᠭᠤᠯᠬᠤ ᠨᠢ᠄ | ① ᠭᠡᠷ ᠡᠷᠥᠭᠡ ᠳᠡᠭᠡᠨ ᠯᠠ᠂ ᠭᠠᠷ ᠳ᠋ᠧᠩ ᠵᠡᠷᠭᠡ ᠪᠠᠴᠢᠮ ᠪᠠᠶᠢᠳᠠᠯ ᠢ ᠠᠷᠭᠠᠴᠠᠬᠤ ᠳᠤ ᠭᠡᠷᠡᠭᠯᠡᠬᠦ ᠭᠡᠷᠡᠯᠳᠥᠬᠦᠯᠭᠡ ᠶᠢᠨ ᠪᠠᠭᠠᠵᠢ ᠪᠡᠯᠡᠳᠭᠡᠵᠤ᠂ ᠲᠤᠭᠳᠠᠭᠰᠠᠨ | ᠭᠠᠵᠠᠷ ᠲᠤ ᠲᠠᠯᠪᠢᠬᠤ ᠶᠢ ᠠᠩᠬᠠᠷᠤᠭᠠᠷᠠᠢ᠃ | ② ᠴᠠᠬᠢᠯᠭᠠᠨ ᠤ ᠤᠳᠠᠰᠤ ᠬᠠᠭᠤᠴᠢᠷᠠᠭᠰᠠᠨ ᠠᠴᠠ ᠪᠤᠯᠵᠤ ᠴᠠᠬᠢᠯᠭᠠᠨ ᠵᠤᠭᠰᠤᠬᠤ ᠡ᠊ᠨᠳᠡᠯ ᠠᠮᠠᠷᠬᠠᠨ ᠭᠠᠷᠳᠠᠭ ᠲᠤᠯᠠ ᠬᠤᠯᠪᠤᠭᠳᠠᠯ ᠪᠥᠬᠦᠢ ᠰᠠᠯᠠᠭ᠎ᠠ | ᠮᠥᠴᠢᠷ ᠲᠤ ᠲᠥᠷᠭᠡᠨ ᠮᠡᠳᠡᠭᠳᠡᠵᠤ ᠰᠤᠯᠢᠬᠤ ᠭᠡᠷᠡᠭᠳᠡᠢ᠃ | ③ ᠭᠡᠷᠪᠡ ᠭᠡᠷ ᠲᠤᠳᠤᠷᠠᠬᠢ ᠨᠥᠬᠦᠴᠡᠯ ᠰᠢᠯᠳᠠᠭᠠᠨ ᠠᠴᠠ ᠪᠤᠯᠵᠤ ᠴᠠᠬᠢᠯᠭᠠᠨ ᠵᠤᠭᠰᠤᠭᠰᠠᠨ ᠪᠢᠰᠢ ᠪᠤᠯ ᠴᠠᠭ ᠲᠤᠬᠠᠢ ᠳᠤᠨᠢ ᠲᠤᠰᠬᠠᠢ ᠥᠢᠯᠡᠴᠢᠯᠡᠭᠡᠨ ᠤ | ᠬᠠᠮᠢᠶᠠᠷᠤᠯᠳᠠ ᠶᠢᠨ ᠭᠠᠵᠠᠷ ᠪᠤᠶᠤ ᠴᠠᠬᠢᠯᠭᠠᠨ ᠬᠠᠨᠭ᠍ᠭᠠᠬᠤ ᠰᠠᠯᠠᠭ᠎ᠠ ᠮᠥᠴᠢᠷ ᠲᠠᠢ ᠬᠤᠯᠪᠤᠭ᠎ᠠ ᠠᠪᠬᠤ ᠭᠡᠷᠡᠭᠳᠡᠢ᠃ | ︵2︶ ᠴᠠᠬᠢᠯᠭᠠᠨ ᠭᠡᠷᠡᠭᠰᠡᠯ ᠤᠨ ᠭᠠᠯ ᠤᠨ ᠡ᠊ᠨᠳᠡᠯ | ᠴᠠᠬᠢᠯᠭᠠᠨ ᠤᠳᠠᠰᠤ ᠶᠢ ᠤᠭᠰᠠᠷᠠᠭᠰᠠᠨ ᠨᠢ ᠲᠤᠬᠢᠷᠠᠮᠵᠢ ᠥᠭᠡᠢ ᠪᠤᠶᠤ ᠴᠠᠬᠢᠯᠭᠠᠨ ᠭᠡᠷᠡᠭᠰᠡᠯ ᠢ ᠬᠢᠴᠢᠶᠡᠮᠵᠢ ᠥᠭᠡᠢ ᠭᠡᠷᠡᠭᠯᠡᠭᠰᠡᠨ ᠠᠴᠠ ᠪᠤᠯᠵᠤ ᠴᠠᠬᠢᠯᠭᠠᠨ | ᠠᠯᠳᠠᠵᠤ ᠭᠠᠯ ᠤᠨ ᠠᠶᠤᠯ ᠡᠬᠦᠰᠳᠡᠭ᠃ ᠴᠠᠬᠢᠯᠭᠠᠨ ᠭᠡᠷᠡᠭᠰᠡᠯ ᠤᠨ ᠭᠠᠯ ᠤᠨ ᠡ᠊ᠨᠳᠡᠯ ᠤᠨ ᠪᠠᠴᠢᠮ ᠪᠠᠶᠢᠳᠠᠯ ᠢ ᠠᠷᠭᠠᠴᠠᠬᠤ ᠳᠤ᠄ | ① ᠭᠡᠷ ᠤᠨ ᠲᠤᠳᠤᠷ᠎ᠠ ᠭᠡᠥᠷᠰᠢᠵᠤ ᠰᠢᠳᠠᠭᠳᠠᠭᠰᠠᠨ ᠥᠨᠥᠷ ᠥᠨᠥᠷᠳᠥᠬᠦ᠂ ᠤᠳᠤᠭ᠎ᠠ ᠭᠠᠷᠬᠤ ᠪᠤᠶᠤ ᠴᠠᠬᠢᠯᠭᠠᠨ ᠠᠯᠳᠠᠬᠤ ᠵᠡᠷᠭᠡ ᠥᠵᠡᠭᠳᠡᠯ ᠡᠬᠦᠰᠪᠡᠯ | ᠠᠯᠢᠪᠠ ᠴᠠᠬᠢᠯᠭᠠᠨ ᠢ ᠲᠠᠷᠦ᠋ᠢᠬᠠᠨ ᠲᠠᠰᠤᠯᠵᠤ ᠵᠤᠭᠰᠤᠭᠠᠨ᠂ ᠭᠠᠯ ᠤᠨ ᠠᠶᠤᠯ ᠡᠬᠦᠰᠬᠦ ᠠᠴᠠ ᠰᠡᠷᠭᠡᠶᠢᠯᠡᠨ᠎ᠡ᠃ | ② ᠭᠡᠷᠪᠡ ᠴᠠᠬᠢᠯᠭᠠᠨ ᠠᠴᠠ ᠭᠠᠯ ᠤᠨ ᠡ᠊ᠨᠳᠡᠯ ᠭᠠᠷᠪᠠᠯ᠂ ᠤᠷᠢᠳ ᠢᠶᠠᠷ ᠴᠠᠬᠢᠯᠭᠠᠨ ᠢ ᠲᠠᠰᠤᠯᠤᠨ ᠵᠤᠭᠰᠤᠭᠠᠵᠤ ᠲᠠᠷᠠᠭ᠎ᠠ ᠳᠤᠨᠢ ᠭᠠᠯ ᠤᠨᠳᠠᠷᠠᠭᠠᠨ᠎ᠠ᠃ | ③ ᠴᠠᠬᠢᠯᠭᠠᠨ ᠢ ᠲᠠᠰᠤᠯᠵᠤ ᠵᠤᠭᠰᠤᠭᠠᠬᠤ ᠶᠢᠨ ᠠᠷᠭ᠎ᠠ ᠥᠭᠡᠢ ᠪᠤᠯᠪᠠᠯ ᠨᠡᠬᠦᠷᠡᠰᠥᠳᠦ᠋ᠷᠥᠭᠴᠢ ᠶᠢᠨ ᠲᠠᠪᠬᠤᠷ ᠢᠰᠥᠯ᠂ ᠬᠠᠭᠤᠷᠠᠢ ᠨᠤᠨᠳᠠᠭ ᠲᠠᠢ ᠭᠠᠯ | ᠤᠨᠳᠠᠷᠠᠭᠠᠭᠤᠷ ᠢᠶᠠᠷ ᠤᠨᠳᠠᠷᠠᠭᠠᠬᠤ ᠭᠡᠷᠡᠭᠳᠡᠢ᠃ | ④ ᠴᠠᠬᠢᠯᠭᠠᠨ ᠠᠴᠠ ᠡᠬᠦᠰᠥᠭᠰᠡᠨ ᠭᠠᠯ ᠢ ᠲᠡᠷᠡ ᠲᠤᠤᠷ᠎ᠠ ᠪᠠᠨ ᠤᠨᠳᠠᠷᠠᠭᠠᠬᠤ ᠶᠢᠨ ᠠᠷᠭ᠎ᠠ ᠥᠭᠡᠢ ᠪᠤᠯᠪᠠᠯ ᠥᠳᠳᠡᠷ ᠲᠥᠷᠭᠡᠨ ᠢᠶᠠᠷ ᠭᠠᠯ ᠤᠨᠳᠠᠷᠠᠭᠠᠬᠤ | ᠴᠠᠭᠳᠠᠭ᠎ᠠ ᠳᠤ ᠮᠡᠳᠡᠭᠦᠯᠦᠨ᠎ᠠ᠃ | ᠰᠠᠨᠠᠭᠤᠯᠬᠤ ᠨᠢ᠄ | ① ᠴᠠᠬᠢᠯᠭᠠᠨ ᠭᠡᠷᠡᠭᠰᠡᠯ ᠲᠥᠬᠦᠭᠡᠷᠥᠮᠵᠢ ᠶᠢ ᠤᠭᠰᠠᠷᠠᠬᠤ ᠪᠠ ᠵᠠᠰᠠᠬᠤ ᠳᠤ ᠴᠠᠬᠢᠯᠭᠠᠨ ᠤ ᠠᠵᠢᠯᠳᠠᠨ ᠢ ᠤᠷᠢᠵᠤ᠂ ᠲᠤᠷ᠎ᠠ ᠪᠠᠷ ᠢᠶᠠᠨ ᠤᠳᠠᠰᠤ ᠵᠠᠯᠭᠠᠬᠤ᠂ | ᠬᠢᠷᠢ ᠳᠤ ᠲᠡᠩᠴᠡᠬᠦ ᠥᠭᠡᠢ ᠴᠠᠬᠢᠯᠭᠠᠨ ᠭᠡᠷᠡᠭᠰᠡᠯ ᠢ ᠭᠡᠷᠡᠭᠯᠡᠬᠦ ᠪᠠ ᠬᠢᠷᠢ ᠳᠤ ᠲᠡᠩᠴᠡᠬᠦ ᠥᠭᠡᠢ ᠬᠠᠮᠠᠭᠠᠯᠠᠭᠤᠷ ᠤᠨ ᠲᠤᠨᠤᠭᠯᠠᠯ ᠭᠡᠷᠡᠭᠯᠡᠬᠦ ᠶᠢ ᠡᠷᠡᠰ ᠴᠠᠭᠠᠵᠠᠯᠠᠬᠤ ᠶᠢ | ᠪᠠᠷᠢᠮᠳᠠᠯᠠᠨ᠎ᠠ᠃ | ② ᠭᠡᠷ ᠲᠤᠳᠤᠷ᠎ᠠ ᠪᠠᠨ ᠴᠠᠬᠢᠯᠭᠠᠨ ᠤ ᠤᠳᠠᠰᠤ ᠲᠠᠳᠠᠬᠤ ᠳᠠᠭᠠᠨ ᠤᠯᠠᠨ ᠰᠠᠯᠭᠠᠨ ᠲᠠᠳᠠᠬᠤ ᠭᠡᠷᠡᠭᠳᠡᠢ᠃ ᠤᠨᠴᠠᠭᠠᠢᠢᠯᠠᠨ ᠴᠠᠬᠢᠯᠭᠠᠨ ᠬᠥᠳᠡᠯᠭᠡᠬᠦᠷ᠂ | ᠴᠠᠬᠢᠯᠭᠠᠨ ᠢᠶᠠᠷ ᠤᠰᠤ ᠬᠠᠯᠠᠭᠠᠬᠤ ᠭᠡᠷᠡᠭᠰᠡᠯ᠂ ᠠᠭᠠᠷ ᠲᠤᠬᠢᠷᠠᠭᠤᠯᠤᠭᠴᠢ ᠵᠡᠷᠭᠡ ᠲᠤᠮᠤ ᠴᠢᠳᠠᠮᠵᠢ ᠲᠠᠢ ᠴᠠᠬᠢᠯᠭᠠᠨ ᠭᠡᠷᠡᠭᠰᠡᠯ ᠤᠳ ᠲᠤ ᠲᠤᠰᠠᠭᠠᠷ ᠤᠳᠠᠰᠤ ᠲᠠᠳᠠᠬᠤ | ᠪᠥᠭᠡᠳ ᠲᠤᠰᠬᠠᠢ ᠭᠤᠤᠷᠰᠤ ᠭᠡᠷᠡᠭᠯᠡᠨ᠂ ᠴᠠᠬᠢᠯᠭᠠᠨ ᠤ ᠤᠳᠠᠰᠤᠨ ᠤ ᠵᠠᠯᠭᠠᠭᠠᠰᠤ ᠶᠢ ᠨᠢ ᠬᠠᠶᠢᠷᠴᠠᠭ ᠲᠤᠳᠤᠷ᠎ᠠ ᠪᠠᠶᠢᠯᠭᠠᠬᠤ ᠭᠡᠷᠡᠭᠳᠡᠢ᠃ | ③ ᠲᠤᠮᠤ ᠴᠢᠳᠠᠮᠵᠢ ᠲᠠᠢ ᠴᠠᠬᠢᠯᠭᠠᠨ ᠭᠡᠷᠡᠭᠰᠡᠯ ᠳᠤ ᠭᠡᠷᠡᠭᠯᠡᠬᠦ ᠴᠠᠬᠢᠯᠭᠠᠨ ᠢ ᠴᠠᠭ ᠤᠨ ᠲᠠᠯ᠎ᠠ ᠪᠠᠷ ᠴᠢᠳᠠᠬᠤ ᠶᠢᠨ ᠲᠤᠳᠤᠷ᠎ᠠ ᠵᠥᠷᠢᠬᠦᠯᠥᠨ ᠭᠡᠷᠡᠭᠯᠡᠵᠤ᠂ | ᠴᠠᠬᠢᠯᠭᠠᠨ ᠤ ᠤᠳᠠᠰᠤ ᠨᠢ ᠬᠠᠭᠤᠴᠢᠷᠠᠭᠰᠠᠨ ᠪᠠᠶᠢᠪᠠᠯ ᠲᠠᠷᠦ᠋ᠢᠬᠠᠨ ᠰᠤᠯᠢᠵᠤ᠂ ᠬᠠᠭᠤᠴᠢᠷᠠᠭᠰᠠᠨ ᠴᠠᠬᠢᠯᠭᠠᠨ ᠭᠡᠷᠡᠭᠰᠡᠯ ᠢᠶᠠᠨ ᠲᠥᠷᠭᠡᠨ ᠰᠤᠯᠢᠬᠤ ᠨᠢ ᠴᠢᠬᠤᠯᠨ᠃ | ④ ᠭᠡᠷ ᠤᠨ ᠴᠠᠬᠢᠯᠭᠠᠨ ᠭᠡᠷᠡᠭᠰᠡᠯ ᠢ ᠲᠠᠭᠠᠭᠠᠴᠠ ᠠᠴᠠ ᠨᠢ ᠭᠡᠳᠥᠷᠡᠳᠡᠯᠡ ᠭᠡᠷᠡᠭᠯᠡᠬᠦ ᠶᠢ ᠡᠷᠡᠰ ᠬᠤᠷᠢᠭᠯᠠᠵᠤ᠂ ᠴᠠᠬᠢᠯᠭᠠᠨ ᠢᠯᠢᠬᠦᠷ᠂ ᠴᠠᠬᠢᠯᠭᠠᠨ ᠴᠤᠮᠤ᠂ | ᠴᠠᠬᠢᠯᠭᠠᠨ ᠵᠤᠤᠬ᠎ᠠ᠂ ᠴᠠᠬᠢᠯᠭᠠᠨ ᠲᠤᠯᠠᠭᠠᠭᠤᠷ ᠵᠡᠷᠭᠡ ᠲᠤᠮᠤ ᠴᠢᠳᠠᠮᠵᠢ ᠲᠠᠢ ᠴᠠᠬᠢᠯᠭᠠᠨ ᠭᠡᠷᠡᠭᠰᠡᠯ ᠢ ᠭᠡᠷᠡᠭᠯᠡᠵᠤ ᠪᠠᠶᠢᠭ᠎ᠠ ᠥᠶ᠎ᠡ ᠳᠤ ᠬᠠᠵᠠᠭᠤ ᠳᠤᠨᠢ ᠵᠠᠪᠠᠯ ᠬᠥᠮᠥᠨ | ᠬᠠᠷᠠᠵᠤ ᠪᠠᠶᠢᠬᠤ ᠭᠡᠷᠡᠭᠳᠡᠢ᠃ | ⑤ ᠴᠠᠬᠢᠯᠭᠠᠨ ᠤᠳᠠᠰᠤ᠂ ᠴᠠᠬᠢᠯᠭᠠᠨ ᠭᠡᠷᠡᠭᠰᠡᠯ ᠢ ᠥᠨᠳᠥᠷ ᠬᠠᠯᠠᠭᠤᠨ ᠤ ᠪᠤᠳᠠᠰ ᠯᠤᠭ᠎ᠠ ᠤᠢᠢᠷᠠᠳᠤᠭᠤᠯᠬᠤ ᠶᠢ ᠴᠡᠭᠡᠷᠯᠡᠵᠤ᠂ ᠠᠮᠠᠷᠬᠠᠨ ᠨᠤᠴᠤᠵᠤ | ᠰᠢᠳᠠᠬᠤ ᠪᠤᠳᠠᠰ ᠠᠴᠠ ᠴᠢᠳᠠᠬᠤ ᠶᠢᠨ ᠲᠤᠳᠤᠷ᠎ᠠ ᠬᠤᠯᠠ ᠪᠠᠶᠢᠯᠭᠠᠨ᠎ᠠ᠃ | ⑥ ᠬᠥᠮᠥᠰ ᠡᠳᠥᠷ ᠲᠤᠳᠤᠮ ᠤᠨ ᠠᠮᠢᠳᠤᠷᠠᠯ ᠳᠠᠭᠠᠨ ᠭᠡᠷ ᠠᠴᠠ ᠪᠠᠨ ᠭᠠᠷᠴᠤ ᠶᠠᠪᠤᠪᠠᠯ ᠴᠠᠬᠢᠯᠭᠠᠨ ᠢ ᠲᠠᠰᠤᠯᠵᠤ ᠵᠤᠭᠰᠤᠭᠠᠬᠤ ᠰᠠᠶᠢᠬᠠᠨ ᠲᠠᠳᠬᠠᠯ ᠲᠠᠢ | ᠪᠠᠶᠢᠬᠤ ᠭᠡᠷᠡᠭᠳᠡᠢ᠃ ᠴᠠᠬᠢᠯᠭᠠᠨ ᠵᠤᠭᠰᠤᠭᠰᠠᠨ ᠥᠶ᠎ᠡ ᠳᠤ ᠴᠤ ᠭᠡᠳ ᠴᠠᠬᠢᠯᠭᠠᠨ ᠢᠶᠠᠨ ᠲᠥᠷ ᠴᠠᠭ ᠲᠠᠰᠤᠯᠬᠤ ᠭᠡᠷᠡᠭᠳᠡᠢ᠃ | ︵3︶ ᠴᠠᠬᠢᠯᠭᠠᠨ ᠱᠠᠳᠤ ᠶᠢᠨ ᠡ᠊ᠨᠳᠡᠯ | ᠴᠠᠬᠢᠯᠭᠠᠨ ᠱᠠᠳᠤ ᠪᠤᠯ ᠥᠨᠳᠥᠷ ᠲᠠᠪᠬᠤᠷᠭᠠᠳᠤ ᠪᠠᠷᠢᠯᠭ᠎ᠠ ᠶᠢᠨ ᠴᠢᠬᠤᠯᠠ ᠠᠴᠢᠶᠠᠯᠠᠪᠤᠷᠢ ᠶᠢᠨ ᠪᠠᠭᠠᠵᠢ ᠮᠥᠨ᠃ ᠭᠡᠷᠪᠡ ᠡ᠊ᠨᠳᠡᠯ ᠡᠬᠦᠰᠬᠦ ᠳᠤ ᠬᠥᠷᠪᠡᠯ | ᠬᠥᠮᠥᠨ ᠬᠤᠷᠢᠭᠳᠠᠬᠤ᠂ ᠤᠨᠠᠵᠤ ᠤᠢᠢᠴᠢᠬᠤ ᠲᠤᠯᠠ ᠬᠥᠮᠥᠰ ᠠᠶᠤᠨ ᠰᠠᠨᠳᠤᠷᠬᠤ᠂ ᠴᠢᠨᠠᠭᠰᠢᠯᠠᠪᠠᠯ ᠠᠶᠤᠯ ᠲᠠᠢ ᠡ᠊ᠨᠳᠡᠯ ᠭᠠᠷᠬᠤ ᠪᠤᠯᠤᠨ᠎ᠠ᠃ ᠴᠠᠬᠢᠯᠭᠠᠨ ᠱᠠᠳᠤ ᠶᠢᠨ | ᠡ᠊ᠨᠳᠡᠯ ᠤᠨ ᠪᠠᠴᠢᠮ ᠪᠠᠶᠢᠳᠠᠯ ᠢ ᠠᠷᠭᠠᠴᠠᠬᠤ ᠳᠤ᠄ | ① ᠴᠠᠬᠢᠯᠭᠠᠨ ᠱᠠᠳᠤ ᠶᠢᠨ ᠬᠤᠷᠳᠤᠴᠠ ᠨᠢ ᠭᠡᠪ ᠤᠨ ᠪᠤᠰᠤ ᠪᠠᠶᠢᠪᠠᠯ᠂ ᠪᠡᠶ᠎ᠡ ᠪᠠᠨ ᠪᠥᠬᠦ᠋ᠢᠨ ᠬᠤᠶᠠᠷ ᠬᠥᠯ ᠢᠶᠠᠨ ᠲᠡᠩᠴᠡᠬᠦᠷᠢ ᠲᠠᠢ ᠪᠠᠶᠢᠯᠭᠠᠵᠤ᠂ | ᠭᠠᠷᠴᠤ ᠮᠡᠳᠡᠭᠦ ᠠᠳᠡᠯ ᠢ ᠠᠷᠭᠠᠴᠠᠬᠤ ᠭᠡᠷᠡᠭᠳᠡᠢ᠃ | ② ᠭᠡᠷᠪᠡ ᠴᠠᠬᠢᠯᠭᠠᠨ ᠱᠠᠳᠤᠨ ᠲᠤᠳᠤᠷ᠎ᠠ ᠬᠤᠷᠢᠭᠳᠠᠪᠠᠯ᠂ ᠲᠡᠷᠡ ᠲᠤᠤᠷ᠎ᠠ ᠨᠢ ᠴᠠᠬᠢᠯᠭᠠᠨ ᠱᠠᠳᠤᠨ ᠲᠤᠳᠤᠷᠠᠬᠢ ᠰᠡᠷᠡᠮᠵᠢ ᠶᠢᠨ ᠬᠤᠨᠭ᠍ᠬᠤ᠂ ᠶᠠᠷᠢᠯᠴᠠᠬᠤ | ᠮᠠᠰᠢᠨ ᠪᠠ ᠳ᠋ᠢᠶᠠᠩᠬᠤᠸᠠ ᠪᠠᠷ ᠬᠠᠮᠢᠶᠠᠷᠬᠤ ᠬᠥᠮᠥᠨ ᠲᠠᠢ ᠬᠠᠷᠢᠯᠴᠠᠵᠤ᠂ ᠭᠠᠳᠠᠨ᠎ᠠ ᠠᠴᠠ ᠠᠪᠤᠷᠠᠨ ᠲᠤᠰᠠᠯᠠᠬᠤ ᠶᠢ ᠬᠥᠯᠢᠶᠡᠬᠦ ᠭᠡᠷᠡᠭᠳᠡᠢ᠃ ᠭᠡᠷᠪᠡ ᠰᠡᠷᠡᠮᠵᠢ ᠶᠢᠨ | ᠬᠤᠨᠭ᠍ᠬᠤ ᠨᠢ ᠲᠤᠰᠠ ᠥᠭᠡᠢ ᠪᠤᠯ ᠶᠡᠭᠡ ᠲᠠᠭᠤᠨ ᠢᠶᠠᠷ ᠬᠠᠰᠬᠢᠷᠬᠤ ᠪᠤᠶᠤ ᠴᠠᠬᠢᠯᠭᠠᠨ ᠱᠠᠳᠤᠨ ᠤ ᠡᠬᠦᠳᠡ ᠶᠢ ᠵᠠᠪᠰᠠᠷᠯᠠᠭᠤᠯᠤᠨ ᠠᠯᠠᠭᠠᠳᠠᠬᠤ ᠭᠡᠷᠡᠭᠳᠡᠢ᠃ | ③ ᠴᠠᠬᠢᠯᠭᠠᠨ ᠱᠠᠳᠤ ᠵᠤᠭᠰᠤᠬᠤ | ᠥᠶᠡᠰ ᠴᠠᠬᠢᠯᠭᠠᠨ ᠱᠠᠳᠤ ᠭᠡᠨᠡᠳᠳᠡ ᠬᠥᠳᠡᠯᠬᠦ ᠶᠢ ᠰᠡᠷᠭᠡᠶᠢᠯᠡᠬᠦ ᠶᠢᠨ ᠲᠥᠯᠥᠭᠡ᠂ ᠪᠤᠯᠬᠤ ᠶᠢᠨ ᠲᠤᠳᠤᠷ᠎ᠠ ᠡᠬᠦᠳᠡ ᠶᠢ ᠨᠢ ᠨᠡᠭᠡᠭᠡᠨ ᠮᠥᠯᠬᠦᠵᠤ ᠭᠠᠷᠬᠤ | ᠬᠡᠷᠡᠭᠳᠠᠢ᠃ | ④ ᠴᠠᠬᠢᠯᠭᠠᠨ ᠱᠠᠳᠤ ᠠᠵᠢᠯᠯᠠᠭᠠᠨ ᠳᠠᠭᠠᠨ ᠪᠠᠶᠢᠬᠤ ᠳᠤᠨᠢ ᠤᠰᠤ ᠤᠷᠤᠪᠠᠯ ᠴᠠᠬᠢᠯᠭᠠᠨ ᠱᠠᠳᠤ ᠶᠢ ᠬᠠᠮᠤᠭ ᠲᠡᠭᠡᠷ᠎ᠡ ᠲᠠᠪᠬᠤᠷᠭ᠎ᠠ ᠳᠤ ᠬᠥᠷᠬᠡᠬᠦ ᠶᠢᠨ | ᠬᠠᠮᠳᠤ ᠰᠡᠯᠪᠢᠨ ᠵᠠᠰᠠᠬᠤ ᠠᠵᠢᠯᠳᠠᠨ ᠳᠤ ᠮᠡᠳᠡᠭᠦᠯᠦᠨ᠎ᠡ᠃ | ⑤ ᠭᠡᠷᠪᠡ ᠠᠵᠢᠯᠯᠠᠭᠠᠨ ᠳᠠᠭᠠᠨ ᠪᠠᠶᠢᠭ᠎ᠠ ᠴᠠᠬᠢᠯᠭᠠᠨ ᠱᠠᠳᠤ ᠭᠠᠯ ᠨᠤᠴᠤᠪᠠᠯ᠂ ᠴᠠᠬᠢᠯᠭᠠᠨ ᠱᠠᠳᠤ ᠶᠢ ᠤᠢᠢᠷ᠎ᠠ ᠪᠠᠶᠢᠭ᠎ᠠ ᠲᠠᠪᠬᠤᠷᠭ᠎ᠠ ᠳᠤ ᠵᠤᠭᠰᠤᠭᠠᠬᠤ ᠶᠢᠨ | ᠬᠠᠮᠳᠤ ᠠᠰᠠᠷ ᠤᠨ ᠱᠠᠳᠤ ᠪᠠᠷ ᠬᠤᠷᠳᠤᠨ ᠲᠤᠳᠠᠭᠠᠨ ᠵᠠᠶᠢᠯᠠᠬᠤ ᠨᠢ ᠴᠢᠬᠤᠯᠨ᠃ | ᠰᠠᠨᠠᠭᠤᠯᠬᠤ ᠨᠢ᠄ | ① ᠴᠠᠬᠢᠯᠭᠠᠨ ᠱᠠᠳᠤᠨ ᠳᠤ ᠬᠥᠮᠥᠨ ᠬᠤᠷᠢᠭᠳᠠᠬᠤ ᠥᠵᠡᠭᠳᠡᠯ ᠨᠢ ᠨᠢᠭᠡ ᠵᠥᠢᠯ ᠤᠨ ᠬᠠᠮᠠᠭᠠᠯᠠᠯᠳᠠ ᠶᠢᠨ ᠪᠠᠶᠢᠳᠠᠯ ᠪᠤᠯᠤᠨ᠎ᠠ᠂ ᠬᠠᠷᠢᠨ ᠠᠶᠤᠯ ᠲᠠᠢ | ᠪᠠᠶᠢᠳᠠᠯ ᠪᠢᠰᠢ᠂ ᠡᠶᠢᠮᠥ ᠠᠴᠠ ᠠᠶᠤᠵᠤ ᠰᠠᠨᠳᠤᠷᠬᠤ ᠭᠡᠷᠡᠭ ᠥᠭᠡᠢ᠃ | ② ᠭᠠᠵᠠᠷ ᠬᠥᠳᠡᠯᠥᠯᠳᠡ᠂ ᠭᠠᠯ ᠤᠨ ᠭᠠᠮᠰᠢᠭ᠂ ᠴᠠᠬᠢᠯᠭᠠᠨ ᠱᠠᠳᠤᠨ ᠳᠤ ᠤᠰᠤ ᠤᠷᠤᠬᠤ ᠵᠡᠷᠭᠡ ᠪᠠᠴᠢᠮ ᠪᠠᠶᠢᠳᠠᠯ ᠳᠤ ᠴᠠᠬᠢᠯᠭᠠᠨ ᠱᠠᠳᠤ ᠭᠡᠷᠡᠭᠯᠡᠬᠦ ᠶᠢ | ᠡᠷᠡᠰ ᠴᠠᠭᠠᠵᠠᠯᠠᠵᠤ᠂ ᠭᠠᠯ ᠤᠨᠳᠠᠷᠠᠭᠠᠬᠤ ᠨᠡᠪᠳᠡᠷᠡᠯᠭᠡ ᠶᠢᠨ ᠵᠠᠮ ᠪᠤᠶᠤ ᠠᠰᠠᠷ ᠤᠨ ᠱᠠᠳᠤ ᠪᠠᠷ ᠶᠠᠪᠤᠬᠤ ᠭᠡᠷᠡᠭᠳᠡᠢ᠃ | ︵4︶ ᠰᠢᠳᠠᠮᠠᠬᠠᠢ ᠭᠡᠢ ᠶᠢᠨ ᠡ᠊ᠨᠳᠡᠯ | ᠭᠡᠢ ᠠᠭᠠᠷ ᠨᠢ ᠨᠡᠪᠳᠡᠷᠡᠬᠦ ᠨᠢ ᠮᠠᠭᠤ ᠪᠠᠶᠢᠬᠤ ᠥᠷᠥᠭᠡᠨ ᠳᠤ ᠰᠢᠳᠠᠮᠠᠬᠠᠢ ᠭᠡᠢ ᠶᠢᠨ ᠤᠰᠤᠨ ᠬᠠᠯᠠᠭᠠᠭᠤᠷ ᠵᠠᠷᠤᠬᠤ᠂ ᠥᠷᠥᠭᠡᠨ ᠳᠠᠬᠢ ᠰᠢᠳᠠᠮᠠᠬᠠᠢ ᠭᠡᠢ ᠶᠢᠨ | ᠲᠥᠬᠦᠭᠡᠷᠥᠮᠵᠢ ᠶᠢ ᠲᠤᠷ᠎ᠠ ᠪᠠᠷ ᠢᠶᠠᠨ ᠵᠠᠰᠠᠨ ᠥᠭᠡᠷᠡᠴᠢᠯᠡᠬᠦ ᠵᠢᠴᠢ ᠰᠢᠳᠠᠮᠠᠬᠠᠢ ᠭᠡᠢ ᠶᠢᠨ ᠲᠡᠷᠤᠯᠳᠠ ᠲᠤᠬᠢᠷᠠᠭᠤᠯᠬᠤ ᠭᠠᠵᠠᠷ᠂ ᠲᠡᠷᠤᠯᠳᠠ ᠲᠤᠬᠢᠷᠠᠭᠤᠯᠬᠤ ᠬᠠᠶᠢᠷᠴᠠᠭ᠂ | ᠰᠢᠳᠠᠮᠠᠬᠠᠢ ᠭᠡᠢ ᠶᠢᠨ ᠬᠤᠳᠳᠤᠭ ᠤᠨ ᠬᠠᠭᠠᠯᠭ᠎ᠠ ᠶᠢᠨ ᠤᠷᠴᠢᠨ ᠳᠤ ᠭᠠᠯ ᠬᠡᠷᠡᠭᠰᠡᠬᠦ᠂ ᠫᠤᠤᠵᠢᠩ ᠲᠠᠯᠪᠢᠬᠤ ᠳᠤ ᠬᠥᠷᠪᠡᠯ ᠠᠮᠠᠷᠬᠠᠨ ᠰᠢᠳᠠᠮᠠᠬᠠᠢ ᠭᠡᠢ ᠶᠢᠨ | ᠬᠤᠤᠷᠳᠠᠭᠳᠠᠯ᠂ ᠭᠠᠯ ᠤᠨ ᠭᠠᠮᠰᠢᠭ ᠪᠤᠶᠤ ᠲᠡᠯᠪᠡᠷᠡᠯᠳᠡ ᠵᠡᠷᠭᠡ ᠬᠥᠨᠳᠤ ᠨᠤᠴᠢᠳᠠᠢ ᠡ᠊ᠨᠳᠡᠯ ᠡᠬᠦᠰᠭᠡᠳᠡᠭ᠃ ᠰᠢᠳᠠᠮᠠᠬᠠᠢ ᠭᠡᠢ ᠶᠢᠨ ᠡ᠊ᠨᠳᠡᠯ ᠤᠨ ᠪᠠᠴᠢᠮ ᠪᠠᠶᠢᠳᠠᠯ ᠢ | ᠠᠷᠭᠠᠴᠠᠬᠤ ᠳᠤ᠄ | ① ᠰᠢᠳᠠᠮᠠᠬᠠᠢ ᠭᠡᠢ ᠵᠠᠳᠠᠷᠠᠪᠠᠯ ᠲᠡᠷᠡ ᠲᠤᠤᠷ᠎ᠠ ᠨᠢ ᠭᠡᠢ ᠶᠢᠨ ᠢᠷᠡᠯᠳᠡ ᠶᠢ ᠨᠢ ᠲᠠᠰᠤᠯᠵᠤ᠂ ᠡᠬᠦᠳᠡ ᠴᠤᠩᠬᠤ ᠪᠠᠨ ᠲᠥᠷᠭᠡᠨ ᠨᠡᠭᠡᠭᠡᠵᠤ ᠭᠡᠢ ᠠᠭᠠᠷ | ᠨᠡᠪᠳᠡᠷᠡᠬᠦᠯᠬᠦ ᠭᠡᠷᠡᠭᠳᠡᠢ᠃ ᠭᠡᠬᠦ ᠳᠡᠭᠡᠨ ᠠᠷᠭ᠎ᠠ ᠬᠢᠳᠡᠯ ᠬᠥᠡᠭᠭᠡᠨ᠂ ᠲᠡᠮᠦᠷᠯᠢᠭ ᠤᠨ ᠵᠥᠢᠯ ᠰᠢᠷᠥᠬᠦᠨ ᠱᠥᠷᠬᠦᠯᠳᠥᠵᠤ ᠭᠠᠯ ᠤᠨ ᠤᠴᠢ ᠭᠠᠷᠴᠤ ᠲᠡᠯᠪᠡᠷᠡᠯᠳᠡ ᠡᠬᠦᠰᠬᠦ | ᠶᠢ ᠰᠡᠷᠭᠡᠶᠢᠯᠡᠨ᠎ᠡ᠃ | ② ᠰᠢᠳᠠᠮᠠᠬᠠᠢ ᠭᠡᠢ ᠵᠠᠳᠠᠷᠠᠪᠠᠯ ᠶᠠᠮᠠᠷᠪᠠ ᠴᠠᠬᠢᠯᠭᠠᠨ ᠭᠡᠷᠡᠭᠰᠡᠯ ᠢ ᠨᠡᠭᠡᠭᠡᠬᠦ ᠪᠤᠶᠤ ᠬᠠᠭᠠᠵᠤ ᠶᠠᠭᠠᠬᠢᠭᠰᠠᠨ ᠴᠤ ᠪᠤᠯᠬᠤ ᠥᠭᠡᠢ᠃ ᠲᠤᠰᠤᠨ ᠤᠳᠤᠭ᠎ᠠ ᠶᠢᠨ | ᠰᠤᠷᠤᠭᠤᠯ ᠪᠤᠶᠤ ᠠᠭᠠᠷ ᠲᠤᠭᠢᠷᠠᠭᠤᠯᠤᠭᠴᠢ ᠶᠢ ᠨᠡᠭᠡᠭᠡᠵᠤ ᠭᠡᠢ ᠠᠭᠠᠷ ᠰᠤᠯᠢᠵᠤ ᠪᠤᠯᠬᠤ ᠥᠭᠡᠢ᠂ ᠰᠢᠳᠠᠮᠠᠬᠠᠢ ᠭᠡᠢ ᠵᠠᠳᠠᠷᠠᠭᠰᠠᠨ ᠥᠷᠥᠭᠡᠨ ᠳᠤ ᠳ᠋ᠢᠶᠠᠩᠬᠤᠸᠠ ᠪᠠᠷ | ᠶᠠᠷᠢᠵᠤ ᠪᠤᠯᠬᠤ ᠥᠭᠡᠢ᠂ ᠭᠠᠯ ᠤᠨ ᠤᠴᠢ ᠭᠠᠷᠴᠤ ᠲᠡᠯᠪᠡᠷᠡᠯᠳᠡ ᠡᠬᠦᠰᠬᠦ ᠶᠢ ᠰᠡᠷᠭᠡᠶᠢᠯᠡᠨ᠎ᠡ᠃ | ③ ᠰᠢᠳᠠᠮᠠᠬᠠᠢ ᠭᠡᠢ ᠵᠠᠳᠠᠷᠠᠪᠠᠯ ᠥᠷᠥᠭᠡᠨ ᠳᠤ ᠪᠠᠶᠢᠵᠤ ᠪᠤᠯᠬᠤ ᠥᠭᠡᠢ᠃ ᠠᠮᠢᠰᠬᠤᠭ᠎ᠠ ᠪᠥᠭᠯᠡᠷᠡᠬᠦ᠂ ᠬᠤᠤᠷᠳᠠᠭᠳᠠᠬᠤ ᠶᠢ ᠰᠡᠷᠭᠡᠶᠢᠯᠡᠬᠦ ᠭᠡᠷᠡᠭᠳᠡᠢ᠃ | ④ ᠰᠢᠩᠭᠡᠵᠢᠯ ᠭᠡᠢ ᠶᠢᠨ ᠰᠠᠪᠠ ᠭᠠᠯ ᠨᠤᠴᠤᠪᠠᠯ᠂ ᠲᠡᠷᠡ ᠲᠤᠤᠷ᠎ᠠ ᠨᠢ ᠨᠦᠢᠳᠠᠨ ᠠᠯᠴᠢᠭᠤᠷ᠂ ᠬᠥᠨᠵᠢᠯᠡ ᠲᠡᠪᠢᠰᠭᠡᠷ᠂ ᠬᠤᠪᠴᠠᠰᠤ ᠬᠤᠨᠠᠷ ᠢᠶᠠᠷ ᠭᠠᠯ ᠢ | ᠲᠠᠷᠤᠨ ᠤᠨᠳᠠᠷᠠᠭᠠᠬᠤ ᠶᠢᠨ ᠬᠠᠮᠳᠤ ᠰᠢᠩᠭᠡᠵᠢᠯ ᠭᠡᠢ ᠶᠢᠨ ᠰᠠᠪᠠ ᠶᠢᠨ ᠨᠡᠭᠡᠯᠡᠭᠡᠢ ᠶᠢ ᠲᠤᠤᠷ᠎ᠠ ᠨᠢ ᠬᠠᠭᠠᠬᠤ ᠭᠡᠷᠡᠭᠳᠡᠢ᠃ | ᠰᠠᠨᠠᠭᠤᠯᠬᠤ ᠨᠢ᠄ | ① ᠶᠠᠮᠠᠷᠪᠠ ᠰᠢᠳᠠᠮᠠᠬᠠᠢ ᠭᠡᠢ ᠶᠢ ᠭᠡᠷᠡᠭᠯᠡᠬᠦ ᠳᠤ ᠥᠷᠥᠭᠡᠨ ᠲᠤᠳᠤᠷᠠᠬᠢ ᠭᠡᠢ ᠠᠭᠠᠷ ᠢ ᠴᠥᠮ ᠨᠡᠪᠳᠡᠷᠡᠯᠳᠡ ᠰᠠᠶᠢᠳᠠᠢ ᠪᠠᠶᠢᠯᠭᠠᠨ᠎ᠠ᠃ | ② ᠭᠤᠤᠷᠰᠤ ᠪᠤᠯᠤᠨ ᠭᠤᠤᠷᠰᠤᠨ ᠤ ᠵᠠᠯᠭᠠᠳᠠᠰᠤᠨ ᠲᠡᠭᠡᠷ᠎ᠡ ᠪᠠᠨ ᠰᠠᠪᠤᠩ ᠲᠥᠷᠬᠢᠵᠤ᠂ ᠭᠡᠢ ᠵᠠᠳᠠᠷᠠᠵᠤ ᠪᠠᠶᠢᠬᠤ ᠡᠰᠡᠬᠦ ᠶᠢ ᠥᠷᠬᠦᠯᠵᠢ ᠪᠠᠶᠢᠴᠠᠭᠠᠬᠤ | ᠭᠡᠷᠡᠭᠳᠡᠢ᠃ | ③ ᠭᠤᠤᠷᠰᠤᠨ ᠵᠠᠮ ᠤᠨ ᠰᠢᠳᠠᠮᠠᠬᠠᠢ ᠭᠡᠢ ᠶᠢ ᠭᠡᠷᠡᠭᠯᠡᠬᠦ ᠶᠠᠪᠤᠴᠠ ᠪᠤᠯᠤᠨ ᠭᠡᠷᠡᠭᠯᠡᠬᠦ ᠠᠴᠠ ᠡᠮᠥᠨ᠎ᠡ ᠰᠢᠳᠠᠮᠠᠬᠠᠢ ᠭᠡᠢ ᠨᠢ ᠭᠡᠨᠡᠳᠳᠡ ᠲᠠᠰᠤᠷᠠᠬᠤ ᠪᠤᠶᠤ ᠭᠡᠢ | ᠥᠭᠡᠢ ᠪᠤᠯᠬᠤ ᠥᠶᠡᠰ ᠰᠢᠳᠠᠮᠠᠬᠠᠢ ᠭᠡᠢ ᠶᠢᠨ ᠭᠡᠷᠡᠭᠰᠡᠯ ᠤᠨ ᠨᠡᠭᠡᠯᠡᠭᠡᠢ ᠵᠢᠴᠢ ᠰᠢᠳᠠᠮᠠᠬᠠᠢ ᠭᠡᠢ ᠶᠢᠨ ᠭᠡᠮᠵᠢᠬᠦᠷ ᠤᠨ ᠨᠡᠬᠡᠬᠡᠯᠬᠡ ᠶᠢ ᠴᠤᠭ ᠲᠤᠨᠢ ᠬᠠᠭᠠᠵᠤ᠂ ᠭᠡᠢ | ᠬᠠᠨᠭ᠍ᠭᠠᠵᠤ ᠪᠥᠬᠦᠢ ᠨᠢᠭᠡᠴᠢ ᠳᠤ ᠲᠠᠷᠦ᠋ᠢᠬᠠᠨ ᠤᠳᠠᠰᠤ ᠪᠠᠷ ᠮᠡᠳᠡᠭᠳᠡᠵᠤ᠂ ᠭᠡᠪ ᠤᠨ ᠶᠤᠰᠤᠭᠠᠷ ᠭᠡᠢ ᠬᠠᠨᠭ᠍ᠭᠠᠭᠰᠠᠨ ᠮᠡᠳᠡᠭᠳᠡᠯ ᠢ ᠤᠯᠤᠭᠰᠠᠨ ᠤ ᠰᠡᠬᠦᠯᠡᠷ ᠥᠷᠬᠦᠯᠵᠢᠯᠡᠨ | ᠭᠡᠷᠡᠭᠯᠡᠵᠤ ᠪᠤᠯᠤᠨ᠎ᠠ᠃ | ④ ᠰᠢᠳᠠᠮᠠᠬᠠᠢ ᠭᠡᠢ ᠶᠢᠨ ᠪᠠᠭᠠᠵᠢ ᠭᠡᠷᠡᠭᠰᠡᠯ ᠢ ᠭᠡᠷᠡᠭᠯᠡᠬᠦ ᠥᠶᠡᠰ᠂ ᠭᠡᠷᠪᠡ ᠭᠠᠯ ᠤᠨ ᠰᠤᠷ ᠨᠢ ᠰᠢᠷᠭᠠᠯ ᠥᠡᠭᠭᠡ ᠲᠠᠢ ᠪᠠᠶᠢᠪᠠᠯ ᠭᠡᠪ ᠤᠨ ᠪᠤᠰᠤ ᠪᠠᠷ | ᠰᠢᠳᠠᠵᠤ ᠪᠠᠶᠢᠬᠤ ᠪᠤᠯᠬᠤᠷ ᠡᠨᠡ ᠥᠶᠡᠰ ᠡᠷᠭᠡᠪᠰᠢ ᠡᠬᠦᠳᠡ ᠴᠤᠩᠬᠤ ᠪᠠᠨ ᠨᠡᠭᠡᠭᠡᠵᠤ ᠰᠠᠯᠬᠢ ᠨᠡᠪᠳᠡᠷᠡᠭᠦᠯᠤᠨ᠎ᠠ᠃ | ⑤ ᠰᠢᠳᠠᠮᠠᠬᠠᠢ ᠭᠡᠢ ᠶᠢ ᠭᠡᠷᠡᠭᠯᠡᠬᠦ ᠪᠠᠨ ᠵᠤᠭᠰᠤᠬᠤ ᠪᠤᠶᠤ ᠤᠨᠳᠠᠬᠤ ᠠᠴᠠ ᠪᠠᠨ ᠡᠮᠥᠨ᠎ᠡ᠂ ᠰᠢᠳᠠᠮᠠᠬᠠᠢ ᠭᠡᠢ ᠶᠢᠨ ᠪᠠᠭᠠᠵᠢ ᠭᠡᠷᠡᠭᠰᠡᠯ ᠢᠶᠠᠨ ᠪᠠᠶᠢᠴᠠᠭᠠᠨ | ᠥᠵᠡᠵᠤ᠂ ᠵᠤᠤᠬᠠᠨ ᠤ ᠨᠡᠬᠡᠬᠡᠯᠬᠡ ᠪᠤᠯᠤᠨ ᠮᠤᠰᠬᠢᠭᠤᠷ ᠪᠥᠭᠯᠡᠭᠡ ᠶᠢ ᠰᠠᠶᠢᠳᠤᠷ ᠬᠠᠭᠠᠵᠤ᠂ ᠭᠡᠢ ᠵᠠᠳᠠᠷᠠᠬᠤ ᠠᠴᠠ ᠰᠡᠷᠭᠡᠶᠢᠯᠡᠨ᠎ᠡ᠃ | ⑥ ᠰᠢᠳᠠᠮᠠᠬᠠᠢ ᠭᠡᠢ ᠶᠢᠨ ᠰᠠᠪᠠ ᠶᠢᠨ ᠥᠯᠡᠳᠡᠪᠥᠷᠢ ᠰᠢᠭᠠᠷᠤ ᠶᠢ ᠭᠠᠯ ᠤᠨ ᠠᠶᠤᠯ ᠭᠠᠷᠬᠤ ᠠᠴᠠ ᠰᠡᠷᠭᠡᠶᠢᠯᠡᠬᠦ ᠶᠢᠨ ᠲᠤᠯᠠᠳᠠ ᠲᠤᠷ᠎ᠠ ᠪᠠᠷ ᠢᠶᠠᠨ | ᠰᠢᠢᠳᠪᠥᠷᠢᠯᠡᠵᠤ ᠪᠤᠯᠬᠤ ᠥᠭᠡᠢ᠃ | ⑦ ᠤᠯᠤᠰ ᠠᠴᠠ ᠭᠡᠷᠡᠭᠯᠡᠬᠦ ᠶᠢ ᠨᠢ ᠢᠯᠡ ᠪᠠᠷ ᠴᠠᠭᠠᠵᠠᠯᠠᠭᠰᠠᠨ ᠰᠢᠭᠤᠳ ᠭᠤᠭᠤᠵᠢᠭᠤᠷ ᠭᠡᠯᠪᠡᠷᠢ ᠶᠢᠨ ᠰᠢᠳᠠᠮᠠᠬᠠᠢ ᠭᠡᠢ ᠶᠢᠨ ᠤᠰᠤ ᠬᠠᠯᠠᠭᠠᠬᠤ ᠪᠠᠭᠠᠵᠢ | ᠶᠢ ᠭᠡᠷᠡᠭᠯᠡᠵᠤ ᠪᠤᠯᠬᠤ ᠥᠭᠡᠢ᠃ | ︵5︶ ᠤᠰᠤᠨ ᠬᠠᠨᠭ᠍ᠭᠠᠯᠭ᠎ᠠ ᠶᠢᠨ ᠡ᠊ᠨᠳᠡᠯ | ᠲᠥᠭᠡᠭᠡᠯ ᠤᠰᠤᠨ ᠤ ᠥᠢᠯᠡᠳᠪᠥᠷᠢ ᠶᠢᠨ ᠤᠰᠤᠨ ᠤ ᠤᠷᠤᠰᠬᠠᠯ ᠤᠨ ᠬᠠᠷᠰᠢ᠂ ᠤᠰᠤ ᠬᠠᠨᠭ᠍ᠭᠠᠬᠤ ᠬᠤᠭᠤᠯᠠᠢ ᠶᠢᠨ ᠡᠪᠳᠡᠷᠡᠯ ᠵᠢᠴᠢ ᠰᠠᠨᠠᠭᠠᠨ ᠳᠤ ᠥᠭᠡᠢ | ᠭᠠᠳᠠᠭᠠᠳᠤ ᠬᠥᠴᠥᠨ ᠤ ᠡᠪᠳᠡᠭᠳᠡᠯ ᠵᠡᠷᠭᠡ ᠰᠢᠯᠳᠠᠭᠠᠨ ᠠᠴᠠ ᠴᠥᠮ ᠤᠰᠤᠨ ᠤ ᠬᠠᠨᠭ᠍ᠭᠠᠯᠭ᠎ᠠ ᠶᠢᠨ ᠠᠳᠡᠯ ᠡᠬᠦᠰᠳᠡᠭ᠃ ᠤᠰᠤᠨ ᠬᠠᠨᠭ᠍ᠭᠠᠯᠭ᠎ᠠ ᠶᠢᠨ ᠡ᠊ᠨᠳᠡᠯ ᠤᠨ ᠪᠠᠴᠢᠮ | ᠪᠠᠶᠢᠳᠠᠯ ᠢ ᠠᠷᠭᠠᠴᠠᠬᠤ ᠳᠤ᠄ | ① ᠤᠰᠤᠨ ᠤ ᠬᠠᠨᠭ᠍ᠭᠠᠯᠭ᠎ᠠ ᠶᠢᠨ ᠬᠤᠭᠤᠯᠠᠢ ᠶᠢᠨ ᠤᠰᠤ ᠵᠤᠭᠰᠤᠬᠤ᠂ ᠤᠰᠤ ᠭᠤᠭᠤᠵᠢᠬᠤ ᠵᠡᠷᠭᠡ ᠡ᠊ᠨᠳᠡᠯ ᠡᠬᠦᠰᠪᠡᠯ ᠲᠠᠷᠦ᠋ᠢᠬᠠᠨ ᠤᠰᠤᠨ ᠤ ᠬᠠᠨᠭ᠍ᠭᠠᠯᠭ᠎ᠠ | ᠶᠢᠨ ᠨᠢᠭᠡᠴᠢ ᠳᠤ ᠮᠡᠳᠡᠭᠳᠡᠨ᠂ ᠲᠥᠷᠭᠡᠨ ᠵᠠᠰᠠᠭᠤᠯᠵᠤ᠂ ᠤᠰᠤᠨ ᠤ ᠡᠬᠢ ᠪᠠᠶᠠᠯᠢᠬ ᠤᠨ ᠬᠤᠬᠢᠷᠠᠯ ᠢ ᠪᠠᠭᠠᠰᠬᠠᠨ᠎ᠠ᠃ | ② ᠤᠰᠤᠨ ᠤ ᠲᠠᠷᠤᠯᠳᠠ ᠭᠡᠨᠡᠳᠳᠡ ᠪᠠᠭᠤᠷᠠᠬᠤ ᠥᠶᠡᠰ᠂ ᠰᠠᠭᠤᠭᠠᠯᠢ ᠠᠷᠠᠳ ᠭᠡᠷ ᠤᠨ ᠭᠡᠷᠡᠭᠯᠡᠭᠡᠨ ᠤ ᠴᠡᠪᠡᠷ ᠰᠠᠪᠠᠨ ᠳᠤ ᠤᠰᠤ ᠬᠠᠳᠠᠭᠠᠯᠠᠵᠤ᠂ ᠪᠠᠴᠢᠮ | ᠪᠠᠶᠢᠳᠠᠯ ᠢ ᠠᠷᠭᠠᠴᠠᠬᠤ ᠳᠤ ᠬᠡᠷᠡᠭᠯᠡᠨ᠎ᠡ᠃ | ③ ᠭᠡᠷᠪᠡ ᠲᠥᠭᠡᠭᠡᠯ ᠤᠰᠤ ᠨᠢ ᠪᠤᠯᠠᠩᠬᠢᠷᠳᠤᠬᠤ᠂ ᠥᠡᠭᠭᠡ ᠨᠢ ᠬᠤᠪᠢᠷᠠᠬᠤ ᠪᠠ ᠰᠤᠨᠢᠨ ᠥᠨᠥᠷ ᠠᠮᠳᠠ ᠲᠠᠢ ᠪᠤᠯᠪᠠᠯ ᠲᠠᠷᠦ᠋ᠢᠬᠠᠨ ᠭᠡᠷᠡᠭᠯᠡᠬᠦ ᠪᠠᠨ | ᠵᠤᠭᠰᠤᠬᠤ ᠶᠢᠨ ᠲᠠᠭᠠᠤ ᠤᠰᠤᠨ ᠤ ᠬᠠᠨᠭ᠍ᠭᠠᠯᠭ᠎ᠠ ᠶᠢᠨ ᠰᠠᠯᠠᠭ᠎ᠠ ᠮᠥᠴᠢᠷ ᠲᠤ ᠮᠡᠳᠡᠭᠦᠯᠦᠨ᠎ᠡ᠃ | ᠰᠠᠨᠠᠭᠤᠯᠬᠤ ᠨᠢ᠄ | ① ᠭᠤᠤᠷᠰᠤ ᠬᠤᠭᠤᠯᠠᠢ ᠲᠡᠯᠪᠡᠷᠡᠭᠰᠡᠨ᠂ ᠤᠰᠤ ᠭᠤᠭᠤᠵᠢᠭᠰᠠᠨ ᠲᠤᠬᠠᠢ ᠶᠢᠨ ᠭᠠᠵᠠᠷ ᠤᠨ ᠤᠷᠴᠢᠮ ᠳᠠᠬᠢ ᠬᠥᠮᠥᠰ ᠪᠤᠯᠤᠨ ᠲᠡᠷᠭᠡ ᠬᠥᠰᠭᠡ ᠨᠢ ᠡ᠊ᠨᠳᠡᠯ | ᠭᠠᠷᠤᠭᠰᠠᠨ ᠬᠤᠳᠤᠭᠤᠷ ᠭᠠᠵᠠᠷ ᠠᠴᠠ ᠲᠡᠷᠦ᠋ᠢᠬᠠᠨ ᠵᠠᠶᠢᠯᠠᠵᠤ᠂ ᠤᠰᠤᠨ ᠳᠤ ᠠᠪᠳᠠᠬᠤ ᠠᠴᠠ ᠰᠡᠷᠭᠡᠶᠢᠯᠡᠨ᠎ᠡ᠃ | ② ᠥᠡᠭᠭᠡᠷᠡᠵᠤ ᠭᠠᠷᠬᠤ ᠲᠡᠷᠭᠡ ᠪᠠ ᠬᠥᠮᠥᠰ ᠵᠠᠪᠳᠤᠨ ᠵᠠᠰᠠᠬᠤ ᠲᠤᠬᠠᠢ ᠶᠢᠨ ᠭᠠᠵᠠᠷ ᠠᠴᠠ ᠬᠤᠯᠠ ᠵᠠᠶᠢᠯᠠᠵᠤ᠂ ᠬᠥᠷᠥᠰᠥ ᠰᠢᠷᠤᠢ ᠲᠡᠪᠳᠥᠵᠤ᠂ ᠤᠰᠤ | ᠰᠢᠷᠤᠢ ᠶᠢᠨ ᠤᠷᠤᠰᠬᠠᠯ ᠠᠴᠠ ᠪᠤᠯᠤᠭᠠᠳ ᠭᠠᠵᠠᠷ ᠰᠢᠷᠤᠢ ᠬᠥᠨᠳᠡᠶᠢᠷᠡᠬᠦ ᠪᠠ ᠨᠤᠷᠠᠵᠤ ᠬᠤᠳᠦ᠋ᠢᠭᠠᠳ ᠬᠡᠮᠳᠥᠯ ᠳᠤ ᠤᠴᠠᠷᠠᠬᠤ ᠠᠴᠠ ᠰᠡᠷᠭᠡᠶᠢᠯᠡᠬᠦ ᠭᠡᠷᠡᠭᠳᠡᠢ᠃ | ③ ᠤᠰᠤ ᠬᠠᠨᠭ᠍ᠭᠠᠬᠤ ᠬᠤᠭᠤᠯᠠᠢ ᠲᠤᠤᠷ ᠢ ᠵᠠᠰᠠᠭᠰᠠᠨ ᠤ ᠰᠡᠬᠦᠯᠡᠷ᠂ ᠤᠰᠤᠨ ᠴᠤᠷᠭᠤ ᠪᠠᠨ ᠨᠡᠭᠡᠭᠡᠵᠤ᠂ ᠭᠤᠤᠷᠰᠤᠨ ᠳᠤ ᠬᠤᠷᠠᠭᠰᠠᠨ ᠪᠤᠵᠠᠷ ᠪᠤᠷᠳᠠᠭ | ᠤᠰᠤ ᠶᠢ ᠬᠥᠢᠴᠡᠳ ᠭᠤᠭᠤᠵᠢᠭᠤᠯᠤᠭᠠᠳ ᠤᠰᠤ ᠬᠠᠨᠭ᠍ᠭᠠᠬᠤ ᠰᠠᠯᠠᠭ᠎ᠠ ᠮᠥᠴᠢᠷ ᠠᠴᠠ ᠤᠰᠤᠨ ᠤ ᠴᠢᠨᠠᠷ ᠪᠠᠷᠢᠮᠵᠢᠶ᠎ᠠ ᠳᠤ ᠬᠥᠷᠥᠭᠰᠡᠨ ᠢ ᠮᠡᠳᠡᠭᠳᠡᠭᠰᠡᠨ ᠤ ᠰᠡᠬᠦᠯᠡᠷ᠂ | ᠤᠤᠭᠤᠵᠤ ᠭᠡᠷᠡᠭᠯᠡᠵᠤ ᠪᠤᠯᠤᠨ᠎ᠠ᠃ | ︵6︶ ᠤᠤᠭᠤᠬᠤ ᠤᠰᠤᠨ ᠤ ᠪᠤᠬᠢᠷᠳᠤᠯ ᠤᠨ ᠡ᠊ᠨᠳᠡᠯ | ᠤᠰᠤᠨ ᠤ ᠰᠤᠷᠪᠤᠯᠵᠢ ᠶᠢᠨ ᠪᠤᠬᠢᠷᠳᠤᠯ᠂ ᠭᠤᠤᠷᠰᠤ ᠬᠤᠭᠤᠯᠠᠢ ᠶᠢᠨ ᠲᠤᠤᠷ ᠤᠨ ᠪᠤᠬᠢᠷᠳᠤᠯ᠂ ᠬᠤᠶᠠᠷᠳᠡᠬᠢ ᠤᠰᠤ ᠬᠠᠨᠭ᠍ᠭᠠᠯᠳᠠ ᠶᠢᠨ ᠪᠤᠬᠢᠷᠳᠤᠯ ᠵᠡᠷᠭᠡ ᠨᠢ | ᠴᠥᠮ ᠤᠤᠭᠤᠬᠤ ᠤᠰᠤᠨ ᠳᠤ ᠡᠪᠡᠳᠴᠢᠨ ᠤ ᠪᠠᠺᠲ᠋ᠧᠷᠢ᠂ ᠬᠤᠤᠷᠳᠠᠯ᠂ ᠬᠥᠨᠥᠭᠡᠯ ᠤᠨ ᠵᠥᠢᠯᠡᠰ ᠢ ᠪᠤᠢ ᠪᠤᠯᠭᠠᠳᠠᠭ ᠪᠠᠶᠢᠨ᠎ᠠ᠃ ᠤᠤᠭᠤᠬᠤ ᠤᠰᠤᠨ ᠤ ᠥᠡᠭᠭᠡ ᠨᠢ | ᠪᠤᠯᠠᠩᠬᠢᠷᠳᠤᠬᠤ᠂ ᠬᠥᠭᠡᠰᠥᠷᠡᠬᠦ᠂ ᠠᠮᠳᠠ ᠨᠢ ᠬᠤᠪᠢᠷᠠᠬᠤ ᠪᠤᠶᠤ ᠤᠰᠤᠨ ᠤ ᠲᠤᠯᠠᠭᠠᠨ ᠨᠢ ᠢᠯᠡᠳᠳᠡ ᠭᠡᠪ ᠤᠨ ᠪᠤᠰᠤ ᠪᠤᠯᠬᠤ ᠥᠶ᠎ᠡ ᠳᠤ ᠪᠠᠷᠤᠭ ᠤᠰᠤᠨ ᠤ | ᠪᠤᠬᠢᠷᠳᠤᠯ ᠡᠬᠦᠰᠥᠭᠰᠡᠨ ᠪᠠᠶᠢᠵᠤ ᠮᠡᠳᠡᠨ᠎ᠡ᠃ ᠤᠤᠭᠤᠬᠤ ᠤᠰᠤᠨ ᠤ ᠪᠤᠬᠢᠷᠳᠤᠯ ᠤᠨ ᠡ᠊ᠨᠳᠡᠯ ᠤᠨ ᠪᠠᠴᠢᠮ ᠪᠠᠶᠢᠳᠠᠯ ᠢ ᠠᠷᠭᠠᠴᠠᠬᠤ ᠳᠤ᠄ | ① ᠤᠤᠭᠤᠬᠤ ᠤᠰᠤ ᠪᠤᠬᠢᠷᠳᠤᠭᠰᠠᠨ ᠥᠶᠡᠰ ᠲᠡᠷᠦ᠋ᠢᠬᠠᠨ ᠭᠡᠷᠡᠭᠯᠡᠬᠦ ᠪᠠᠨ ᠵᠤᠭᠰᠤᠵᠤ᠂ ᠡᠷᠡᠬᠦᠯ ᠬᠠᠮᠠᠭᠠᠯᠠᠯ ᠤᠨ ᠬᠢᠨᠠᠯᠳᠠ ᠲᠠᠯᠪᠢᠬᠤ ᠰᠠᠯᠠᠭ᠎ᠠ ᠮᠥᠴᠢᠷ | ᠪᠤᠶᠤ ᠭᠢᠵᠢᠭ ᠡᠪᠡᠳᠴᠢᠨ ᠢ ᠤᠷᠢᠳᠴᠢᠯᠠᠨ ᠰᠡᠷᠭᠡᠶᠢᠯᠡᠨ ᠬᠤᠷᠢᠬᠯᠠᠬᠤ ᠲᠥᠪ ᠲᠤ ᠲᠡᠷᠦ᠋ᠢᠬᠠᠨ ᠪᠠᠶᠢᠳᠠᠯ ᠢᠶᠠᠨ ᠮᠡᠳᠡᠬᠦᠯᠬᠦ ᠶᠢᠨ ᠲᠠᠭᠠᠤ ᠰᠠᠭᠤᠭᠠᠯᠢ ᠠᠷᠠᠳ ᠤᠨ | ᠵᠥᠪᠯᠡᠯ᠂ ᠠᠳᠠᠯ ᠠᠬᠤᠢ ᠶᠢᠨ ᠰᠠᠯᠠᠭ᠎ᠠ ᠮᠥᠴᠢᠷ ᠪᠤᠯᠤᠨ ᠬᠥᠷᠰᠢ ᠵᠡᠷᠭᠡᠯᠡᠳᠡᠭᠡ ᠶᠢᠨ ᠬᠢᠨ ᠳᠡᠭᠡᠨ ᠮᠡᠳᠡᠭᠳᠡᠵᠤ ᠭᠡᠷᠡᠭᠯᠡᠬᠦ ᠪᠠᠨ ᠵᠤᠭᠰᠤᠨ᠎ᠠ᠃ | ② ᠴᠡᠪᠡᠷ ᠰᠠᠪᠠᠨ ᠳᠤ 3~5L ᠰᠠᠪᠠᠯᠠᠨ ᠥᠯᠢᠭᠡᠷ ᠭᠡᠪ ᠪᠤᠯᠭᠠᠵᠤ᠂ ᠡᠷᠡᠬᠦᠯ ᠬᠠᠮᠠᠭᠠᠯᠠᠯ ᠤᠨ ᠬᠢᠵᠢᠭ ᠰᠡᠷᠭᠡᠶᠢᠯᠡᠯᠳᠡ ᠶᠢᠨ ᠰᠠᠯᠠᠭ᠎ᠠ ᠮᠥᠴᠢᠷ ᠲᠤ | ᠬᠠᠨᠭ᠍ᠭᠠᠨ ᠥᠭᠬᠦ ᠭᠡᠷᠡᠭᠳᠡᠢ᠃ | ③ ᠰᠠᠨᠠᠮᠰᠠᠷ ᠥᠭᠡᠢ ᠪᠠᠷ ᠪᠤᠬᠢᠷᠳᠤᠭᠰᠠᠨ ᠤᠰᠤ ᠤᠤᠭᠤᠭᠰᠠᠨ ᠪᠤᠯ ᠪᠡᠶ᠎ᠡ ᠶᠢᠨ ᠪᠠᠶᠢᠳᠠᠯ ᠢᠶᠠᠨ ᠨᠢᠬᠳᠠ ᠠᠩᠬᠠᠷᠴᠤ᠂ ᠶᠡᠷᠥ ᠪᠤᠰᠤ ᠶᠢᠨ ᠪᠠᠶᠢᠳᠠᠯ | ᠢᠯᠡᠷᠡᠪᠡᠯ ᠲᠡᠷᠦ᠋ᠢᠬᠠᠨ ᠡᠮᠨᠡᠯᠭᠡ ᠳᠤ ᠬᠥᠷᠴᠤ ᠡᠮᠨᠡᠭᠦᠯᠦᠨ᠎ᠡ᠃ | ᠰᠠᠨᠠᠭᠤᠯᠬᠤ ᠨᠢ᠄ | ① ᠵᠠᠰᠠᠭ ᠤᠨ ᠤᠷᠳᠤᠨ ᠤ ᠬᠠᠮᠢᠶᠠᠷᠤᠯᠳᠠ ᠶᠢᠨ ᠰᠠᠯᠠᠭ᠎ᠠ ᠮᠥᠴᠢᠷ ᠤᠨ ᠤᠰᠤᠨ ᠤ ᠪᠤᠬᠢᠷᠳᠤᠯ ᠢ ᠰᠢᠢᠳᠪᠥᠷᠢᠯᠡᠭᠰᠡᠨ ᠬᠠᠮᠢᠶ᠎ᠠ ᠪᠥᠬᠦᠢ ᠵᠢᠩᠬᠢᠨᠢ | ᠮᠡᠳᠡᠭᠳᠡᠯ ᠢ ᠤᠯᠤᠭᠰᠠᠨ ᠤ ᠲᠠᠷᠠᠭ᠎ᠠ ᠰᠠᠶ᠋ᠢ ᠤᠤᠭᠤᠬᠤ ᠤᠰᠤ ᠶᠢ ᠲᠡᠬᠢᠨ ᠭᠡᠷᠡᠭᠯᠡᠵᠤ ᠪᠤᠯᠤᠨ᠎ᠠ᠃ | ② ᠲᠥᠭᠡᠭᠡᠯ ᠤᠰᠤᠨ ᠤ ᠭᠤᠤᠷᠰᠤ ᠬᠤᠭᠤᠯᠠᠢ ᠶᠢ ᠲᠤᠷ᠎ᠠ ᠪᠠᠷ ᠢᠶᠠᠨ ᠥᠭᠡᠷᠡᠴᠢᠯᠡᠨ ᠤᠭᠰᠠᠷᠠᠵᠦ ᠪᠤᠯᠬᠤ ᠥᠭᠡᠢ᠃ | ③ ᠤᠤᠭᠤᠬᠤ ᠤᠰᠤᠨ ᠤ ᠭᠡᠷᠡᠭᠯᠡᠬᠦᠷ ᠮᠠᠰᠢᠨ ᠢᠶᠠᠨ ᠲᠤᠭᠳᠠᠮᠠᠯ ᠬᠤᠭᠤᠴᠠᠭ᠎ᠠ ᠲᠠᠢ ᠪᠠᠷ ᠴᠡᠪᠡᠷᠯᠡᠨ ᠠᠷᠢᠭᠤᠳᠬᠠᠬᠤ ᠭᠡᠷᠡᠭᠳᠡᠢ᠃ |