ᠬᠥᠯᠥᠨ ᠪᠤᠶᠢᠷ ᠬᠤᠳᠠ ︽ᠡᠷᠡᠭᠦᠯ ᠮᠡᠨᠳᠦ ᠬᠥᠯᠥᠨ ᠪᠤᠶᠢᠷ︾ ᠸᠢᠴᠠᠲ ᠤᠨ ᠡᠮ ᠡᠮᠨᠡᠯᠭᠡ ᠶᠢᠨ ᠦᠢᠯᠡᠴᠢᠯᠡᠭᠡᠨ ᠤ ᠵᠠᠭᠪᠤᠷ ᠢ ᠬᠡᠷᠡᠭᠵᠢᠭᠦᠯᠵᠦ ᠪᠣᠢ
ᠨᠡᠶᠢᠲᠡᠯᠡᠭᠰᠡᠨ ᠴᠠᠭ᠄
2015/11/19
     ᠡᠮ ᠡᠮᠨᠡᠯᠭᠡ ᠶᠢᠨ ᠦᠢᠯᠡᠴᠢᠯᠡᠭᠡ ᠶᠢ ᠰᠢᠯᠢᠳᠡᠭᠵᠢᠭᠦᠯᠦᠨ᠂ ᠡᠪᠡᠳᠴᠢᠲᠡᠨ ᠪᠡᠶ᠎ᠡ ᠪᠠᠷ ᠢᠶᠠᠨ ᠣᠶᠢᠯᠠᠭᠠᠬᠤ ᠶᠢ ᠰᠠᠶᠢᠵᠢᠷᠠᠭᠤᠯᠬᠤ ᠪᠣᠯ ᠡᠮ ᠡᠮᠨᠡᠯᠭᠡ ᠶᠢᠨ ᠪᠠᠶᠢᠭᠤᠯᠤᠯ ᠤᠨ ᠥᠭᠡᠷᠡᠴᠢᠯᠡᠯᠲᠡ ᠶᠢᠨ ᠴᠢᠬᠤᠯᠠ ᠠᠭᠤᠯᠭ᠎ᠠ ᠶᠢᠨ ᠨᠢᠭᠡ ᠨᠢ ᠪᠣᠯᠬᠤ ᠶᠤᠮ᠃ ᠡᠭᠦᠨ ᠳᠤ ᠰᠢᠯᠵᠢᠮᠡᠯ ᠢᠨᠲ᠋ᠧᠷ ᠰᠦᠯᠵᠢᠶᠡᠨ ᠤ ᠳᠥᠭᠦᠮ ᠳᠥᠲᠡ ᠴᠢᠨᠠᠷ᠂ ᠳᠠᠶᠢᠴᠢᠯᠠᠨ ᠬᠥᠲᠥᠯᠥᠯᠴᠡᠬᠦ ᠴᠢᠨᠠᠷ ᠨᠢ ᠰᠠᠶᠢᠨ ᠠᠷᠭ᠎ᠠ ᠪᠠᠷᠢᠯ ᠪᠣᠯᠤᠨ ᠠᠵᠠ ᠲᠣᠬᠢᠶᠠᠯ ᠬᠠᠨᠭ᠍ᠭᠠᠪᠠ᠃ ᠸᠢᠴᠠᠲ ᠨᠢ ᠰᠢᠯᠵᠢᠮᠡᠯ ᠢᠨᠲ᠋ᠧᠷ ᠰᠦᠯᠵᠢᠶᠡᠨ ᠤ ᠰᠢᠨ᠎ᠡ ᠪᠠᠷ ᠮᠠᠨᠳᠤᠭᠰᠠᠨ ᠳᠠᠮᠵᠢᠭᠤᠯᠬᠤ ᠵᠠᠭᠤᠴᠢᠯᠠᠭᠤᠷ ᠪᠣᠯᠤᠭᠰᠠᠨ ᠤ ᠬᠤᠪᠢ ᠳᠤ᠂ ᠥᠷᠭᠡᠨ ᠳᠡᠯᠭᠡᠷ ᠴᠢᠨᠠᠷ᠂ ᠳᠥᠭᠦᠮ ᠳᠥᠲᠡ ᠴᠢᠨᠠᠷ᠂ ᠳᠠᠶᠢᠴᠢᠯᠠᠨ ᠬᠥᠲᠥᠯᠥᠯᠴᠡᠬᠦ ᠴᠢᠨᠠᠷ ᠢᠶᠠᠷ ᠢᠶᠠᠨ ᠡᠮ ᠡᠮᠨᠡᠯᠭᠡ ᠶᠢᠨ ᠮᠡᠳᠡᠭᠡ ᠵᠠᠩᠭᠢᠵᠢᠯᠲᠠ ᠶᠢᠨ ᠬᠥᠭᠵᠢᠯᠲᠡ ᠳᠤ ᠰᠢᠨ᠎ᠡ ᠬᠡᠷᠡᠭᠯᠡᠭᠡᠨ ᠤ ᠲᠠᠪᠴᠠᠩ ᠬᠠᠨᠭ᠍ᠭᠠᠪᠠ᠃      2015 ᠣᠨ ᠤ 3 ᠳ᠋ᠤᠭᠠᠷ ᠰᠠᠷ᠎ᠠ ᠳᠤ᠂ ᠬᠥᠯᠥᠨ ᠪᠤᠶᠢᠷ ᠬᠤᠳᠠ ᠶᠢᠨ ᠡᠷᠡᠭᠦᠯ ᠬᠠᠮᠠᠭᠠᠯᠠᠯ ᠲᠥᠯᠥᠪᠯᠡᠭᠡᠲᠦ ᠦᠷᠡᠵᠢᠯ ᠤᠨ ᠵᠦᠪᠯᠡᠯ ︽ᠡᠷᠡᠭᠦᠯ ᠮᠡᠨᠳᠦ ᠬᠥᠯᠥᠨ ᠪᠤᠶᠢᠷ︾ ᠸᠢᠴᠠᠲ ᠢᠶᠠᠷ ᠳ᠋ᠤᠭᠠᠷᠯᠠᠬᠤ ᠣᠯᠠᠨ ᠨᠡᠶᠢᠲᠡ ᠶᠢᠨ ᠲᠠᠪᠴᠠᠩ ᠢ ᠪᠠᠶᠢᠭᠤᠯᠵᠤ᠂ ᠪᠦᠬᠦ ᠬᠤᠲᠠ ᠶᠢᠨ ᠡᠮ ᠡᠮᠨᠡᠯᠭᠡ ᠶᠢᠨ ᠦᠢᠯᠡᠴᠢᠯᠡᠭᠡᠨ ᠤ ᠠᠵᠢᠯ ᠪᠣᠯᠣᠨ ᠰᠠᠭᠤᠭᠠᠯᠢ ᠠᠷᠠᠳ ᠤᠨ ᠥᠪᠡᠷ ᠤᠨ ᠪᠡᠶ᠎ᠡ ᠶᠢᠨ ᠡᠷᠡᠭᠦᠯ ᠮᠡᠨᠳᠦ ᠶᠢᠨ ᠬᠠᠮᠢᠶᠠᠷᠤᠯᠲᠠ ᠶᠢᠨ ᠬᠡᠷᠡᠭᠴᠡᠭᠡ ᠱᠠᠭᠠᠷᠳᠠᠯᠭ᠎ᠠ ᠠᠴᠠ ᠡᠭᠦᠰᠴᠦ᠂ ᠸᠢᠴᠠᠲ ᠤᠨ ︽ᠵᠠᠭᠤᠴᠢᠯᠠᠭᠤᠷ ᠤᠨ ᠲᠥᠷᠭᠡᠨ ᠦᠢᠯᠡᠴᠢᠯᠡᠭᠡ︾᠎ ᠶᠢᠨ ᠣᠨᠴᠠᠯᠢᠭ ᠲᠠᠢ ᠤᠶᠠᠯᠳᠤᠭᠤᠯᠵᠤ ᠂ ᠪᠦᠬᠦ ᠬᠤᠳᠠ ᠶᠢᠨ ᠰᠠᠭᠤᠭᠠᠯᠢ ᠠᠷᠠᠳ ᠲᠤ ᠳᠥᠭᠦᠮ ᠳᠥᠲᠡ ᠡᠮ ᠡᠮᠨᠡᠯᠭᠡ ᠶᠢᠨ ᠦᠢᠯᠡᠴᠢᠯᠡᠭᠡ ᠬᠠᠩᠭᠠᠬᠤ ᠪᠠᠷ ᠭᠤᠣᠯ ᠪᠣᠯᠭᠠᠭᠰᠠᠨ᠂ ᠮᠡᠳᠡᠭᠡ ᠵᠠᠩᠭᠢ ᠨᠡᠶᠢᠲᠡᠯᠡᠬᠦ ᠲᠠᠪᠴᠠᠩ᠂ ᠡᠷᠡᠭᠦᠯ ᠮᠡᠨᠲᠦ ᠶᠢᠨ ᠤᠬᠠᠭᠤᠯᠭ᠎ᠠ ᠶᠢᠨ ᠲᠠᠪᠴᠠᠩ᠂ ᠡᠷᠡᠭᠦᠯ ᠮᠡᠨᠳᠦ ᠶᠢᠨ ᠳᠠᠩᠰᠠ ᠡᠪᠬᠡᠮᠡᠯ ᠤᠨ ᠲᠠᠪᠴᠠᠩ᠂ ᠪᠣᠯᠵᠤᠨ ᠳ᠋ᠤᠭᠠᠷᠯᠠᠬᠤ ᠲᠠᠪᠴᠠᠩ᠂ ᠡᠮᠴᠢ ᠬᠢᠭᠡᠳ ᠡᠪᠡᠳᠴᠢᠲᠡᠨ ᠤ ᠬᠤᠭᠤᠷᠣᠨᠳᠣᠬᠢ ᠬᠠᠷᠢᠯᠴᠠᠨ ᠳᠠᠶᠢᠴᠢᠯᠠᠬᠤ ᠲᠠᠪᠴᠠᠩ ᠢ ᠬᠠᠪᠰᠤᠷᠭᠠᠭᠰᠠᠨ ︽ᠨᠢᠭᠡ ᠲᠥᠪ᠂ ᠲᠠᠪᠤᠨ ᠲᠠᠪᠴᠠᠩ︾᠎ ᠤᠨ ᠲᠥᠰᠦᠪᠯᠡᠯ ᠤᠨ ᠰᠡᠳᠬᠢᠮᠵᠢ ᠶᠢ ᠲᠣᠭᠲᠠᠭᠠᠪᠠ᠃      3-10 ᠳ᠋ᠤᠭᠠᠷ ᠰᠠᠷ᠎ᠠ ᠶᠢᠨ ᠸᠢᠴᠠᠲ ᠲᠠᠪᠴᠠᠩ ᠤᠨ ᠦᠢᠯᠡᠴᠢᠯᠡᠭᠡᠨ ᠤ ᠪᠠᠶᠢᠳᠠᠯ ᠤᠨ ᠪᠦᠷᠢᠳᠬᠡᠯ ᠢ ᠦᠨᠳᠦᠰᠦᠯᠡᠪᠡᠯ᠂ ᠨᠡᠶᠢᠲᠡ 4591 ᠬᠥᠮᠦᠨ ᠰᠡᠳᠬᠢᠯ ᠲᠠᠯᠪᠢᠵᠤ᠂ 600 ᠭᠠᠷᠤᠶ ᠮᠡᠳᠡᠭᠡ ᠵᠠᠩᠭᠢ ᠨᠡᠶᠢᠲᠡᠯᠡᠵᠦ᠂ ᠨᠡᠶᠢᠲᠡ130567 ᠬᠥᠮᠦᠨ ᠤᠡᠭᠰᠢᠵᠤ᠂ 205458 ᠤᠳᠠᠭ᠎ᠠ ᠣᠡᠭᠰᠢᠵᠤ᠂ 14712 ᠤᠳᠠᠭ᠎ᠠ ᠬᠤᠪᠢᠶᠠᠨ ᠡᠳ᠋ᠯᠡᠨ ᠳᠠᠮᠵᠢᠭᠤᠯᠵᠤ᠂ 627 ᠤᠳᠠᠭ᠎ᠠ ᠬᠠᠳᠠᠭᠠᠯᠠᠵᠤ᠂ ᠨᠡᠶᠢᠳᠠ 280 ᠤᠳᠠᠭ᠎ᠠ ᠮᠡᠳᠡᠭᠡ ᠵᠠᠩᠭᠢ ᠪᠠᠷ ᠳᠠᠶᠢᠴᠢᠯᠠᠨ ᠬᠥᠳᠡᠯᠦᠯᠴᠡᠵᠡᠢ᠃ ᠣᠳᠣᠬᠠᠨ ᠳᠤ 8 ᠡᠮᠨᠡᠯᠭᠡ ᠶᠢᠨ ᠬᠤᠷᠢᠶᠠᠨ ᠤ 144 ᠳᠡᠭᠡᠳᠦ ᠵᠡᠷᠭᠡ ᠶᠢᠨ ᠮᠡᠷᠭᠡᠵᠢᠯ ᠤᠨ ᠴᠣᠯᠠ ᠲᠠᠢ ᠲᠤᠰᠬᠠᠶ ᠮᠡᠷᠭᠡᠵᠢᠯᠲᠡᠨ ᠳᠤ 7 ᠡᠳᠦᠷ ᠤᠨ ᠡᠭᠦᠳᠡᠨ ᠡᠮᠨᠡᠯᠭᠡ ᠶᠢ ᠪᠣᠯᠵᠤᠨ ᠲᠣᠭᠲᠠᠨ ᠥᠭᠴᠦ᠂ ᠶᠡᠷᠦᠩᠬᠡᠢ ᠪᠣᠯᠵᠣᠯ ᠤᠨ ᠪᠥᠲᠦᠮᠵᠢ 349 ᠤᠳᠠᠭ᠎ᠠ ᠳᠤ ᠬᠦᠷᠴᠡᠢ᠃ ᠡᠮᠴᠢ ᠠᠴᠠ ᠰᠠᠭᠤᠭᠠᠯᠢ ᠠᠷᠠᠳ ᠲᠤ ᠡᠷᠡᠭᠦᠯ ᠮᠡᠨᠳᠦ ᠶᠢᠨ ᠦᠢᠯᠡᠴᠢᠯᠡᠭᠡᠨ ᠤ ᠲᠠᠪᠴᠠᠩ ᠲᠤ ᠭᠠᠷᠬᠤ ᠳᠠᠩᠰᠠᠨ ᠡᠷᠦᠬᠡ ᠪᠠᠶᠢᠭᠤᠯᠤᠨ ᠥᠭᠴᠦ᠂ ᠰᠠᠭᠤᠭᠠᠯᠢ ᠠᠷᠠᠳ ᠬᠡᠵᠢᠶ᠎ᠡ ᠴᠦ ᠬᠡᠰᠡᠨ ᠸᠢᠴᠠᠲ ᠤᠨ ᠲᠠᠪᠴᠠᠩ ᠲᠤ ᠭᠠᠷᠴᠤ ᠥᠪᠡᠷ ᠤᠨ ᠡᠷᠡᠭᠦᠯ ᠮᠡᠨᠳᠦ ᠶᠢᠨ ᠳᠠᠩᠰᠠ ᠡᠪᠬᠡᠮᠡᠯ ᠤᠨ ᠦᠨᠳᠦᠰᠦᠨ ᠮᠡᠳᠡᠭᠡ ᠵᠠᠩᠭᠢ ᠪᠠᠨ ᠪᠠᠶᠢᠴᠠᠭᠠᠨ ᠦᠵᠡᠵᠦ ᠴᠢᠳᠠᠬᠤ ᠪᠣᠯᠭᠠᠵᠤ᠂ ᠣᠳᠣ ᠨᠢᠭᠡᠨᠲᠡ545696 ᠬᠥᠮᠦᠨ ᠥᠪᠡᠷ ᠤᠨ ᠡᠷᠡᠭᠦᠯ ᠮᠡᠨᠳᠦ ᠳᠡᠭᠡᠨ ᠰᠡᠳᠬᠢᠯ ᠲᠠᠯᠪᠢᠬᠤ ᠪᠣᠯᠣᠭᠰᠠᠨ ᠪᠠ ᠳᠠᠩᠰᠠ ᠡᠪᠬᠡᠮᠡᠯ ᠢᠶᠠᠨ ᠪᠠᠶᠢᠴᠠᠭᠠᠨ ᠦᠵᠡᠭᠰᠡᠨ ᠪᠠᠶᠢᠨ᠎ᠠ᠃
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号