28. ᠤᠰᠤ ᠶᠢ ᠵᠤᠬᠢᠰᠲᠠᠢ ᠬᠡᠷᠡᠭᠯᠡᠬᠦ
ᠨᠡᠶᠢᠲᠡᠯᠡᠭᠰᠡᠨ ᠴᠠᠭ᠄
2015/11/24

      ᠴᠠᠬᠢᠯᠭᠠᠨ ᠤᠰᠤ ᠬᠠᠯᠠᠭᠠᠭᠤᠷ ᠢ ᠬᠠᠯᠠᠭᠤᠨ ᠲᠠᠰᠤᠯᠤᠪᠴᠢ ᠮᠠᠲ᠋ᠧᠷᠢᠶᠠᠯ ᠢᠶᠠᠷ ᠤᠷᠢᠶᠠᠬᠤ᠄ ᠵᠠᠷᠢᠮ ᠴᠠᠬᠢᠯᠭᠠᠨ ᠤᠰᠤ ᠬᠠᠯᠠᠭᠠᠭᠤᠷ ᠨᠢ ᠬᠠᠯᠠᠭᠤᠨ ᠲᠠᠰᠤᠯᠤᠪᠴᠢ ᠲᠠᠪᠬᠤᠷᠭ᠎ᠠ ᠲᠤᠳᠠᠭᠳᠠᠭᠰᠠᠨ ᠠᠴᠠ ᠴᠠᠬᠢᠯᠭᠠᠨ ᠢ ᠪᠦᠷᠢᠯᠭᠡᠨ ᠰᠦᠢᠳᠭᠡᠬᠦ ᠶᠤᠮ᠃ ᠬᠡᠷᠪᠡ ᠭᠡᠷ ᠤᠨ ᠴᠠᠬᠢᠯᠭᠠᠨ ᠤᠰᠤ ᠬᠠᠯᠠᠭᠠᠭᠤᠷ ᠤᠨ ᠭᠠᠳᠠᠷ ᠲᠠᠯ᠎ᠠ ᠶᠢᠨ ᠲᠤᠯᠠᠭᠠᠨ ᠤ ᠬᠡᠮᠵᠢᠶ᠎ᠡ ᠨᠢ ᠦᠨᠳᠦᠷ ᠪᠠᠶᠢᠪᠠᠯ ᠦᠪᠡᠷ ᠢᠶᠠᠨ ᠭᠠᠷ ᠬᠦᠳᠡᠯᠵᠦ ᠨᠢᠭᠡ ᠳᠠᠪᠬᠤᠷᠭ᠎ᠠ ᠬᠠᠯᠠᠭᠤᠨ ᠲᠠᠰᠤᠯᠤᠪᠴᠢ ᠮᠠᠲ᠋ᠧᠷᠢᠶᠠᠯ ᠢ ᠤᠷᠢᠶᠠᠵᠤ ᠪᠤᠯᠤᠨ᠎ᠠ᠃ ᠴᠠᠬᠢᠯᠭᠠᠨ ᠤᠰᠤ ᠬᠠᠯᠠᠭᠠᠭᠤᠷ ᠮᠠᠰᠢᠨ ᠪᠦᠷᠢ ᠳᠤ ᠪᠦᠷ ᠢᠡᠭᠭᠢᠵᠦ ᠬᠢᠪᠡᠯ ᠵᠢᠯ ᠪᠦᠷᠢ 96W ᠴᠠᠬᠢᠯᠭᠠᠨ ᠠᠷᠪᠢᠯᠠᠵᠤ᠂ ᠬᠠᠷᠢᠴᠠᠩᠭᠤᠢ ᠪᠠᠷ ᠨᠡᠭᠦᠷᠡᠰᠦᠳᠦ᠋ᠷᠦᠭᠴᠢ ᠶᠢᠨ ᠳᠠᠪᠬᠤᠷ ᠢᠰᠦᠯ ᠤᠨ ᠪᠤᠬᠢᠷᠳᠤᠯ ᠢ 92.5 ᠲᠦᠮᠡᠨ t ᠪᠠᠭᠠᠰᠬᠠᠵᠤ ᠴᠢᠳᠠᠨ᠎ᠠ᠃

      ᠫᠧᠡᠭᠰᠠ ᠤᠬᠢᠶᠠᠯᠭ᠎ᠠ ᠶᠢ ᠭᠤᠭᠤᠵᠢᠭᠤᠷ ᠤᠬᠢᠶᠠᠯᠭ᠎ᠠ ᠪᠠᠷ ᠤᠷᠤᠯᠠᠭᠤᠯᠬᠤ ᠪᠠ ᠤᠬᠢᠶᠠᠬᠤ ᠴᠠᠭ ᠢ ᠬᠢᠵᠠᠭᠠᠷᠯᠠᠬᠤ᠄ ᠫᠧᠡᠭᠰᠠ ᠤᠬᠢᠶᠠᠯᠭ᠎ᠠ ᠪᠤᠯ ᠲᠦᠢᠯ ᠤᠨ ᠶᠡᠭᠡ ᠤᠰᠤ ᠰᠦᠢᠳᠭᠡᠬᠦ ᠤᠬᠢᠶᠠᠬᠤ ᠠᠷᠭ᠎ᠠ ᠪᠤᠯᠤᠨ᠎ᠠ᠃ ᠬᠡᠷᠪᠡ ᠭᠤᠭᠤᠵᠢᠭᠤᠷ ᠤᠬᠢᠶᠠᠯᠭ᠎ᠠ ᠪᠠᠷ ᠤᠷᠤᠯᠠᠭᠤᠯᠪᠠᠯ ᠬᠦᠮᠦᠨ ᠪᠦᠷᠢ ᠤᠳᠠᠭ᠎ᠠ ᠪᠦᠷᠢ 170L ᠤᠰᠤ ᠠᠷᠪᠢᠯᠠᠵᠤ᠂ ᠲᠡᠭᠦᠨᠴᠢᠯᠡᠨ ᠲᠡᠩᠴᠡᠭᠦᠦ ᠬᠡᠮᠵᠢᠶᠡᠨ ᠤ ᠪᠤᠬᠢᠷᠳᠤᠯ ᠢ ᠪᠠᠭᠠᠰᠬᠠᠵᠤ᠂ 3.1kg ᠪᠠᠷᠢᠮᠵᠢᠶᠠᠳᠤ ᠨᠡᠭᠦᠷᠡᠰᠦ ᠶᠢ ᠠᠷᠪᠢᠯᠠᠬᠤ ᠪᠦᠭᠡᠳ ᠬᠠᠷᠢᠴᠠᠩᠭᠤᠢ ᠪᠠᠷ ᠨᠡᠭᠦᠷᠡᠰᠦᠳᠦ᠋ᠷᠦᠭᠴᠢ ᠶᠢᠨ ᠳᠠᠪᠬᠤᠷ ᠢᠰᠦᠯ ᠤᠨ ᠪᠤᠬᠢᠷᠳᠤᠯ ᠢ 8.1kg ᠪᠠᠭᠠᠰᠬᠠᠵᠤ ᠴᠢᠳᠠᠨ᠎ᠠ᠃ ᠬᠡᠷᠪᠡ ᠪᠦᠬᠦ ᠤᠯᠤᠰ ᠤᠨ 1000 ᠲᠦᠮᠡᠨ ᠫᠧᠡᠭᠰᠠ ᠤᠬᠢᠶᠠᠯᠭ᠎ᠠ ᠬᠡᠷᠡᠭᠯᠡᠬᠦ ᠬᠦᠮᠦᠰ ᠢᠡᠭᠭᠢᠵᠦ ᠬᠢᠬᠦ ᠳᠤ ᠬᠦᠷᠪᠡᠯ ᠳᠠᠷᠤᠢ 574 ᠲᠦᠮᠡᠨ t ᠪᠠᠷᠢᠮᠵᠢᠶᠠᠳᠤ ᠨᠡᠭᠦᠷᠡᠰᠦ ᠶᠢ ᠠᠷᠪᠢᠯᠠᠵᠤ᠂ ᠨᠡᠭᠦᠷᠡᠰᠦᠳᠦ᠋ᠷᠦᠭᠴᠢ ᠶᠢᠨ ᠳᠠᠪᠬᠤᠷ ᠢᠰᠦᠯ ᠤᠨ ᠪᠤᠬᠢᠷᠳᠤᠯ ᠢ 1475 ᠲᠦᠮᠡᠨ t ᠪᠠᠭᠠᠰᠬᠠᠵᠤ ᠴᠢᠳᠠᠬᠤ ᠪᠤᠯᠤᠨ᠎ᠠ᠃
      ᠭᠤᠭᠤᠵᠢᠭᠤᠷ ᠤᠬᠢᠶᠠᠯᠭ᠎ᠠ ᠶᠢᠨ ᠬᠠᠯᠠᠭᠤᠨ ᠤ ᠬᠡᠮᠵᠢᠶ᠎ᠡ ᠶᠢ ᠪᠠᠭ᠎ᠠ ᠳᠤᠤᠷ᠎ᠠ ᠪᠤᠯᠭᠠᠵᠤ ᠲᠤᠬᠢᠷᠠᠭᠤᠯᠬᠤ᠄ ᠭᠤᠭᠤᠵᠢᠭᠤᠷ ᠤᠬᠢᠶᠠᠯᠭ᠎ᠠ ᠶᠢᠨ ᠬᠠᠯᠠᠭᠤᠨ ᠤ ᠬᠡᠮᠵᠢᠶ᠎ᠡ ᠶᠢ 1℃ ᠳᠤᠷᠤᠭᠰᠢ ᠪᠤᠯᠭᠠᠵᠤ ᠲᠤᠬᠢᠷᠠᠭᠤᠯᠪᠠᠯ᠂ ᠬᠦᠮᠦᠨ ᠪᠦᠷᠢ ᠤᠳᠠᠭ᠎ᠠ ᠪᠦᠷᠢ ᠬᠠᠷᠢᠴᠠᠩᠭᠤᠢ ᠪᠠᠷ ᠨᠡᠭᠦᠷᠡᠰᠦᠳᠦ᠋ᠷᠦᠭᠴᠢ ᠶᠢᠨ ᠳᠠᠪᠬᠤᠷ ᠢᠰᠦᠯ ᠤᠨ ᠪᠤᠬᠢᠷᠳᠤᠯ ᠢ 35g ᠪᠠᠭᠠᠰᠬᠠᠵᠤ ᠴᠢᠳᠠᠨ᠎ᠠ᠃ ᠬᠡᠷᠪᠡ ᠪᠦᠬᠦ ᠤᠯᠤᠰ ᠲᠤ 13 ᠳ᠋ᠦᠡᠭᠰᠢᠭᠤᠷ ᠬᠦᠮᠦᠨ ᠤ 20% ᠨᠢ ᠢᠡᠭᠭᠢᠵᠦ ᠬᠢᠬᠦ ᠳᠤ ᠬᠦᠷᠪᠡᠯ ᠳᠠᠷᠤᠢ 64.4 ᠲᠦᠮᠡᠨ t ᠪᠠᠷᠢᠮᠵᠢᠶᠠᠳᠤ ᠨᠡᠭᠦᠷᠡᠰᠦ ᠶᠢ ᠠᠷᠪᠢᠯᠠᠵᠤ᠂ ᠨᠡᠭᠦᠷᠡᠰᠦᠳᠦ᠋ᠷᠦᠭᠴᠢ ᠶᠢᠨ ᠳᠠᠪᠬᠤᠷ ᠢᠰᠦᠯ ᠤᠨ ᠪᠤᠬᠢᠷᠳᠤᠯ ᠢ 165 ᠲᠦᠮᠡᠨ t ᠪᠠᠭᠠᠰᠬᠠᠵᠤ ᠴᠢᠳᠠᠬᠤ ᠪᠤᠯᠤᠨ᠎ᠠ᠃
      ᠪᠡᠶ᠎ᠡ ᠪᠠᠨ ᠤᠭᠢᠶᠡᠵᠦ  ᠪᠠᠷᠠᠪᠠᠯ ᠤᠰᠦ ᠪᠠᠨ ᠴᠠᠭ ᠳᠠᠷᠤᠢ ᠳᠤᠨᠢ  ᠬᠠᠭᠠᠬᠤ᠄ ᠪᠡᠶ᠎ᠡ ᠤᠬᠢᠶᠠᠬᠤ ᠳᠤ ᠤᠰᠤ ᠶᠢ ᠬᠡᠷᠡᠭᠯᠡᠬᠦ ᠦᠭᠡᠢ ᠦᠶ᠎ᠡ ᠳᠤ ᠤᠰᠤᠨ ᠤ ᠨᠡᠬᠡᠭᠡᠯᠭᠡ ᠶᠢ ᠴᠠᠭ ᠳᠠᠷᠤᠢ ᠳᠤᠨᠢ ᠬᠠᠭᠠᠵᠤ᠂ ᠪᠦᠷᠢᠯᠭᠡᠨ ᠰᠦᠢᠳᠭᠡᠬᠦ ᠶᠢ ᠬᠢᠴᠢᠶᠡᠬᠦ ᠬᠡᠷᠡᠭᠲᠡᠢ᠃ ᠢᠡᠭᠭᠢᠪᠡᠯ ᠬᠦᠮᠦᠨ ᠪᠦᠷᠢ ᠤᠳᠠᠭ᠎ᠠ ᠪᠦᠷᠢ ᠬᠠᠷᠢᠴᠠᠩᠭᠤᠢ ᠪᠠᠷ ᠨᠡᠭᠦᠷᠡᠰᠦᠳᠦ᠋ᠷᠦᠭᠴᠢ ᠶᠢᠨ ᠳᠠᠪᠬᠤᠷ ᠢᠰᠦᠯ ᠤᠨ ᠪᠤᠬᠢᠷᠳᠤᠯ ᠢ 98g ᠪᠠᠭᠠᠰᠬᠠᠵᠤ ᠴᠢᠳᠠᠨ᠎ᠠ᠃ ᠬᠡᠷᠪᠡ ᠪᠦᠬᠦ ᠤᠯᠤᠰ ᠤᠨ 3 ᠳ᠋ᠦᠡᠭᠰᠢᠭᠤᠷ ᠬᠦᠮᠦᠨ ᠢᠡᠭᠭᠢᠵᠦ ᠬᠢᠬᠦ ᠳᠤ ᠬᠦᠷᠪᠡᠯ ᠵᠢᠯ ᠪᠦᠷᠢ 210 ᠲᠦᠮᠡᠨ t ᠪᠠᠷᠢᠮᠵᠢᠶᠠᠳᠤ ᠨᠡᠭᠦᠷᠡᠰᠦ ᠶᠢ ᠠᠷᠪᠢᠯᠠᠵᠤ᠂ ᠨᠡᠭᠦᠷᠡᠰᠦᠳᠦ᠋ᠷᠦᠭᠴᠢ ᠶᠢᠨ ᠳᠠᠪᠬᠤᠷ ᠢᠰᠦᠯ ᠤᠨ ᠪᠤᠬᠢᠷᠳᠤᠯ ᠢ 536 ᠲᠦᠮᠡᠨ t ᠪᠠᠭᠠᠰᠬᠠᠵᠤ ᠴᠢᠳᠠᠬᠤ ᠪᠤᠯᠤᠨ᠎ᠠ᠃
      ᠤᠰᠤ ᠠᠷᠪᠢᠯᠠᠬᠤ  ᠤᠰᠤᠨ ᠴᠤᠷᠭᠤ ᠬᠡᠷᠡᠭᠯᠡᠬᠦ᠄
      ᠤᠰᠦ ᠠᠷᠪᠢᠯᠠᠬᠤ ᠤᠰᠤᠨ ᠴᠤᠷᠭᠤ ᠬᠡᠷᠡᠭᠯᠡᠬᠦ ᠨᠢ ᠭᠠᠷ ᠬᠦᠳᠡᠯᠭᠡᠭᠦᠷ ᠴᠤᠷᠭᠤ ᠠᠴᠠ 30% ᠤᠷᠴᠢᠮ ᠡᠨᠧᠷᠬᠢ ᠠᠷᠪᠢᠯᠠᠵᠤ ᠴᠢᠳᠠᠨ᠎ᠠ᠃ ᠡᠭᠦᠨ ᠤ ᠤᠯᠠᠮ ᠢᠶᠠᠷ ᠡᠷᠦᠬᠡ ᠪᠦᠷᠢ ᠵᠢᠯ ᠪᠦᠷᠢ 9.6kg ᠪᠠᠷᠢᠮᠵᠢᠶᠠᠳᠤ ᠨᠡᠭᠦᠷᠡᠰᠦ ᠶᠢ ᠠᠷᠪᠢᠯᠠᠵᠤ᠂ ᠬᠠᠷᠢᠴᠠᠩᠭᠤᠢ ᠪᠠᠷ ᠨᠡᠭᠦᠷᠡᠰᠦᠳᠦ᠋ᠷᠦᠭᠴᠢ ᠶᠢᠨ ᠳᠠᠪᠬᠤᠷ ᠢᠰᠦᠯ ᠤᠨ ᠪᠤᠬᠢᠷᠳᠤᠯ ᠢ 24.8kg ᠪᠠᠭᠠᠰᠬᠠᠵᠤ ᠴᠢᠳᠠᠨ᠎ᠠ᠃ ᠬᠡᠷᠪᠡ ᠪᠦᠬᠦ ᠤᠯᠤᠰ ᠲᠤ ᠵᠢᠯ ᠪᠦᠷᠢ 200 ᠲᠦᠮᠡᠨ ᠭᠡᠷ ᠡᠷᠦᠬᠡ ᠤᠰᠤ ᠠᠷᠪᠢᠯᠠᠬᠤ ᠤᠰᠤᠨ ᠴᠤᠷᠭᠤ ᠶᠢ ᠬᠡᠷᠡᠭᠯᠡᠬᠦ ᠳᠤ ᠬᠦᠷᠪᠡᠯ ᠳᠠᠷᠤᠢ 2 ᠲᠦᠮᠡᠨ t ᠪᠠᠷᠢᠮᠵᠢᠶᠠᠳᠤ ᠨᠡᠭᠦᠷᠡᠰᠦ ᠶᠢ ᠠᠷᠪᠢᠯᠠᠬᠤ ᠪᠦᠭᠡᠳ ᠨᠡᠭᠦᠷᠡᠰᠦᠳᠦ᠋ᠷᠦᠭᠴᠢ ᠶᠢᠨ ᠳᠠᠪᠬᠤᠷ ᠢᠰᠦᠯ ᠤᠨ ᠪᠤᠬᠢᠷᠳᠤᠯ ᠢ 5 ᠲᠦᠮᠡᠨ t ᠪᠠᠭᠠᠰᠬᠠᠵᠤ ᠴᠢᠳᠠᠬᠤ ᠪᠤᠯᠤᠨ᠎ᠠ᠃
      ᠭᠡᠷ ᠤᠨ ᠤᠰᠤ ᠬᠡᠷᠡᠭᠯᠡᠬᠦ ᠳᠤ ᠲᠤᠰᠤᠯᠠᠬᠤ᠂ ᠭᠤᠭᠤᠵᠢᠬᠤ ᠶᠢ ᠰᠡᠷᠭᠡᠶᠢᠯᠡᠬᠦ᠄ ᠤᠰᠤᠨ ᠴᠤᠷᠭᠤ ᠪᠠᠨ ᠲᠤᠬᠢᠲᠠᠢ ᠰᠠᠶᠢᠨ ᠬᠠᠭᠠᠬᠤ ᠦᠭᠡᠢ ᠦᠶᠡᠰ᠂ ᠨᠢᠭᠡ ᠰᠠᠷ᠎ᠠ ᠳᠤᠳᠤᠷ᠎ᠠ ᠪᠠᠷᠤᠭ 2t ᠤᠰᠤ ᠭᠤᠭᠤᠵᠢᠵᠤ᠂ ᠨᠢᠭᠡ ᠵᠢᠯ 24t ᠤᠰᠤ ᠭᠤᠭᠤᠵᠢᠵᠤ ᠰᠦᠢᠳᠭᠡᠬᠦ ᠪᠤᠯᠤᠨ᠎ᠠ᠃ ᠲᠡᠭᠦᠨᠴᠢᠯᠡᠨ ᠲᠡᠩᠴᠡᠭᠦᠦ ᠬᠡᠮᠵᠢᠶᠡᠨ ᠤ ᠪᠤᠬᠢᠷᠳᠤᠯ ᠢ ᠲᠠᠯᠪᠢᠵᠤ ᠭᠠᠷᠭᠠᠬᠤ ᠪᠤᠯᠤᠨ᠎ᠠ᠃ ᠬᠡᠷᠪᠡ ᠪᠦᠬᠦ ᠤᠯᠤᠰ ᠤᠨ 3.9 ᠳ᠋ᠦᠡᠭᠰᠢᠭᠤᠷ ᠭᠡᠷ ᠡᠷᠦᠬᠡ ᠡᠶᠢᠮᠦᠷᠬᠦᠦ ᠤᠴᠢᠷ ᠢ ᠭᠠᠷᠭᠠᠬᠤ ᠦᠭᠡᠢ ᠪᠠᠷ ᠠᠷᠪᠢᠯᠠᠵᠤ ᠬᠡᠷᠡᠭᠯᠡᠪᠡᠯ ᠵᠢᠯ ᠪᠦᠷᠢ 340 ᠲᠦᠮᠡᠨ t ᠪᠠᠷᠢᠮᠵᠢᠶᠠᠳᠤ ᠨᠡᠭᠦᠷᠡᠰᠦ ᠶᠢ ᠠᠷᠪᠢᠯᠠᠵᠤ᠂ ᠬᠠᠷᠢᠴᠠᠩᠭᠤᠢ ᠪᠠᠷ ᠨᠡᠭᠦᠷᠡᠰᠦᠳᠦ᠋ᠷᠦᠭᠴᠢ ᠶᠢᠨ ᠳᠠᠪᠬᠤᠷ ᠢᠰᠦᠯ ᠤᠨ ᠪᠤᠬᠢᠷᠳᠤᠯ ᠢ 868 ᠲᠦᠮᠡᠨ t ᠪᠠᠭᠠᠰᠬᠠᠵᠤ ᠴᠢᠳᠠᠬᠤ ᠪᠤᠯᠤᠨ᠎ᠠ᠃
     ᠨᠤᠭᠤᠭ᠎ᠠ ᠶᠢ ᠫᠧᠡᠭᠰᠠᠨ ᠳᠤ ᠬᠢᠵᠦ ᠤᠬᠢᠶᠠᠬᠤ᠄ ᠨᠤᠭᠤᠭ᠎ᠠ ᠶᠢ ᠤᠬᠢᠶᠠᠬᠤ ᠳᠠᠭᠠᠨ ᠫᠧᠡᠭᠰᠠᠨ ᠳᠤ ᠬᠢᠵᠦ ᠤᠬᠢᠶᠠᠪᠠᠯ ᠭᠡᠷ ᠡᠷᠦᠬᠡ ᠪᠦᠷᠢ ᠵᠢᠯ ᠪᠦᠷᠢ ᠪᠠᠷᠤᠭ 1.64t ᠤᠰᠤ ᠠᠷᠪᠢᠯᠠᠵᠤ᠂ ᠲᠡᠭᠦᠨᠴᠢᠯᠡᠨ ᠠᠳᠠᠯᠢ ᠬᠡᠮᠵᠢᠶᠡᠨ ᠤ ᠪᠤᠬᠢᠷᠳᠤᠯ ᠢ ᠪᠠᠭᠠᠰᠬᠠᠵᠤ᠂ ᠬᠠᠷᠢᠴᠠᠩᠭᠤᠢ ᠪᠠᠷ ᠨᠡᠭᠦᠷᠡᠰᠦᠳᠦ᠋ᠷᠦᠭᠴᠢ ᠶᠢᠨ ᠳᠠᠪᠬᠤᠷ ᠢᠰᠦᠯ ᠢ 0.74kg ᠪᠠᠭᠠᠰᠬᠠᠵᠤ ᠴᠢᠳᠠᠨ᠎ᠠ᠃ ᠬᠡᠷᠪᠡ ᠪᠦᠬᠦ ᠤᠯᠤᠰ ᠲᠤ 1.8 ᠳ᠋ᠦᠡᠭᠰᠢᠭᠤᠷ ᠬᠤᠳᠠ ᠪᠠᠯᠭᠠᠰᠤ ᠶᠢᠨ ᠭᠡᠷ ᠡᠷᠦᠬᠡ ᠢᠡᠭᠭᠢᠵᠦ ᠬᠢᠬᠦ ᠳᠤ ᠬᠦᠷᠪᠡᠯ ᠵᠢᠯ ᠪᠦᠷᠢ 5.1 ᠲᠦᠮᠡᠨ t ᠪᠠᠷᠢᠮᠵᠢᠶᠠᠳᠤ ᠨᠡᠭᠦᠷᠡᠰᠦ ᠶᠢ ᠠᠷᠪᠢᠯᠠᠵᠤ᠂ ᠨᠡᠭᠦᠷᠡᠰᠦᠳᠦ᠋ᠷᠦᠭᠴᠢ ᠶᠢᠨ ᠳᠠᠪᠬᠤᠷ ᠢᠰᠦᠯ ᠤᠨ ᠪᠤᠬᠢᠷᠳᠤᠯ ᠢ 13.4 ᠲᠦᠮᠡᠨ t ᠪᠠᠭᠠᠰᠬᠠᠵᠤ ᠴᠢᠳᠠᠬᠤ ᠪᠤᠯᠤᠨ᠎ᠠ᠃  

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ