23. ᠴᠠᠬᠢᠯᠭᠠᠨ ᠱᠠᠳᠤ ᠶᠢ ᠠᠯᠢ ᠴᠢᠳᠠᠬᠤ ᠪᠠᠷ ᠳᠤᠳᠠᠭᠤ ᠬᠡᠷᠡᠭᠯᠡᠬᠦ
ᠨᠡᠶᠢᠲᠡᠯᠡᠭᠰᠡᠨ ᠴᠠᠭ᠄
2015/11/24

      ᠤᠳᠤᠬᠠᠨ ᠳᠤ ᠪᠦᠬᠦ ᠤᠯᠤᠰ ᠤᠨ ᠨᠢᠬᠡ ᠵᠢᠯ ᠤᠨ ᠴᠠᠬᠢᠯᠭᠠᠨ ᠱᠠᠳᠤ ᠶᠢ ᠬᠡᠷᠡᠭᠯᠡᠬᠦ ᠴᠠᠬᠢᠯᠭᠠᠨ ᠤ ᠬᠡᠮᠵᠢᠶ᠎ᠡ ᠪᠠᠷᠤᠭ 300 ᠳ᠋ᠦᠩᠰᠢᠭᠤᠷ W ᠲᠤ ᠬᠦᠷᠴᠦ ᠪᠠᠶᠢᠳᠠᠭ᠃ ᠠᠰᠠᠷ ᠤᠨ ᠳᠤᠤᠷ᠎ᠠ ᠳᠠᠪᠬᠤᠷ ᠢᠶᠠᠷ ᠰᠠᠭᠤᠭᠴᠢᠳ ᠠᠯᠬᠤᠵᠤ ᠭᠠᠷᠴᠤ ᠪᠠᠭᠤᠵᠤ ᠴᠠᠬᠢᠯᠭᠠᠨ ᠱᠠᠳᠤ ᠶᠢ ᠨᠡᠬᠡᠭᠡᠬᠦ ᠦᠭᠡᠢ ᠪᠠᠷ ᠠᠮᠠᠷᠠᠭᠤᠯᠪᠠᠯ ᠴᠠᠬᠢᠯᠭᠠᠨ ᠤ ᠬᠡᠷᠡᠭᠯᠡᠯᠲᠡ ᠶᠢ 10% ᠪᠠᠷ ᠪᠠᠭᠠᠰᠬᠠᠵᠤ ᠴᠢᠳᠠᠬᠤ ᠪᠤᠯᠤᠨ᠎ᠠ᠃ ᠴᠠᠬᠢᠯᠭᠠᠨ ᠱᠠᠳᠤ ᠪᠦᠬᠦᠨ ᠢ ᠪᠦᠷ ᠢᠡᠭᠭᠢᠵᠦ ᠬᠡᠷᠡᠭᠯᠡᠬᠦ ᠳᠤ ᠬᠦᠷᠪᠡᠯ ᠵᠢᠯ ᠪᠦᠷᠢ 5000W ᠴᠠᠬᠢᠯᠭᠠᠨ ᠢ ᠠᠷᠪᠢᠯᠠᠵᠤ ᠴᠢᠳᠠᠬᠤ ᠪᠦᠭᠡᠳ ᠬᠠᠷᠢᠴᠠᠩᠭᠤᠢ ᠪᠠᠷ ᠨᠡᠭᠦᠷᠡᠰᠦᠳᠦ᠋ᠷᠦᠭᠴᠢ ᠶᠢᠨ ᠳᠠᠪᠬᠤᠷ ᠢᠰᠦᠯ ᠤᠨ ᠪᠤᠬᠢᠷᠳᠤᠯ ᠢ 4.8 t ᠪᠠᠭᠠᠰᠬᠠᠵᠤ ᠴᠢᠳᠠᠨ᠎ᠠ᠃ ᠪᠦᠬᠦ ᠤᠯᠤᠰ ᠤᠨ 60 ᠲᠦᠮᠡᠨ ᠰᠠᠭᠤᠷᠢ ᠤᠷᠴᠢᠮ ᠤᠨ ᠴᠠᠬᠢᠯᠭᠠᠨ ᠱᠠᠳᠤ ᠨᠢ ᠡᠶᠢᠮᠦᠷᠬᠦᠦ ᠠᠷᠭ᠎ᠠ ᠬᠡᠮᠵᠢᠶ᠎ᠡ ᠠᠪᠤᠪᠠᠯ 30 ᠳ᠋ᠦᠡᠭᠰᠢᠭᠤᠷ W ᠴᠠᠬᠢᠯᠭᠠᠨ ᠠᠷᠪᠢᠯᠠᠵᠤ᠂ ᠨᠡᠭᠦᠷᠡᠰᠦᠳᠦ᠋ᠷᠦᠭᠴᠢ ᠶᠢᠨ ᠳᠠᠪᠬᠤᠷ ᠢᠰᠦᠯ ᠤᠨ ᠪᠤᠬᠢᠷᠳᠤᠯ ᠢ 288 ᠲᠦᠮᠡᠨ t ᠪᠠᠭᠠᠰᠬᠠᠵᠤ ᠴᠢᠳᠠᠬᠤ ᠪᠤᠯᠤᠨ᠎ᠠ᠃  

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ