︵ᠠᠷᠪᠠᠨ ᠲᠦᠷᠪᠡ︶ ᠨᠠᠷᠠᠯᠠᠭ ᠭᠦᠯᠡᠮᠵᠢ ᠳᠤ ᠬᠠᠰᠢ ᠶᠢ ᠵᠠᠯᠭᠠᠵᠤ ᠲᠠᠷᠢᠵᠤ ᠤᠷᠭᠤᠭᠤᠯᠬᠤ ᠮᠡᠷᠭᠡᠵᠢᠯ
ᠨᠡᠶᠢᠲᠡᠯᠡᠭᠰᠡᠨ ᠴᠠᠭ᠄
2015/11/25

       1. ᠵᠠᠯᠭᠠᠵᠤ ᠲᠠᠷᠢᠬᠤ ᠬᠠᠰᠢ ᠶᠢᠨ ᠵᠠᠯᠭᠠᠳᠠᠰᠤ ᠳᠤ ᠶᠠᠮᠠᠷ ᠰᠤᠷᠲ ᠢ ᠰᠤᠩᠭᠤᠬᠤ ᠪᠤᠢ︖

        ︵1︶ ᠶᠠᠷᠤ ᠶᠢᠨ ᠬᠠᠰᠢ᠂ ᠪᠠᠰᠠ ᠤᠯᠠᠭᠠᠨ ᠬᠠᠰᠢ ᠭᠡᠳᠡᠭ᠃ ᠲᠤᠰ ᠰᠤᠷᠲ ᠨᠢ ᠭᠤᠤᠯ ᠨᠢ ᠦᠭᠦᠰᠢᠷᠡᠭᠦ ᠭᠡᠮ ᠢ ᠡᠰᠡᠷᠭᠦᠴᠡᠭᠦ ᠴᠢᠳᠠᠯ ᠲᠠᠢ᠂ ᠭᠦᠭᠡᠷᠡᠭᠦ ᠭᠡᠮ ᠢ ᠰᠡᠷᠭᠡᠶᠢᠯᠡᠭᠦ ᠳᠤ ᠪᠠᠷᠤᠠᠠᠳᠠᠢ ︵ᠰᠡᠷᠭᠡᠶᠢᠯᠡᠭᠦ ᠴᠢᠳᠠᠯ ᠨᠢ 80% ᠳᠤ ᠭᠦᠷᠳᠡᠭ︶ ᠪᠠᠶᠢᠳᠠᠭ᠃ ᠦᠷ᠎ᠠ ᠨᠢ ᠠᠮᠠᠷᠬᠠᠨ ᠰᠤᠶᠤᠭᠠᠯᠠᠵᠤ᠂ ᠵᠠᠯᠭᠠᠯᠳᠠ ᠶᠢᠨ ᠠᠮᠢᠵᠢᠷᠠᠯ ᠤᠨ ᠨᠤᠷᠮ᠎ᠠ ᠨᠢ ᠦᠨᠳᠤᠷ ᠪᠠᠶᠢᠵᠤ᠂ ᠶᠠᠷᠤ ᠶᠢᠨ ᠬᠠᠰᠢ ᠪᠠᠷ ᠵᠠᠯᠭᠠᠳᠠᠰᠤ ᠪᠤᠯᠭᠠᠪᠠᠯ ᠵᠠᠯᠭᠠᠪᠴᠢ ᠠᠴᠠ 7 ᠡᠳᠤᠷ ᠤᠨ ᠡᠮᠦᠨ᠎ᠠ ᠲᠠᠷᠢᠬᠤ ᠴᠢᠬᠤᠯᠠ ᠲᠠᠢ᠃ ᠰᠢᠷᠤᠢ ᠪᠠᠷ ᠲᠠᠮᠵᠢᠬᠤ ᠭᠡᠮᠳᠤᠯ ᠤᠨ ᠭᠦᠨᠦᠭᠡᠯ ᠭᠦᠨᠳᠤ ᠨᠤᠴᠢᠳᠡᠢ ᠭᠠᠵᠠᠷ ᠲᠤ ᠲᠤᠰ ᠰᠤᠷᠲ ᠢ ᠰᠤᠩᠭᠤᠨ ᠵᠠᠯᠭᠠᠳᠠᠰᠤ ᠪᠤᠯᠭᠠᠵᠤ ᠪᠤᠯᠬᠤ ᠦᠭᠡᠢ᠃

        ︵2︶ ᠦᠷᠭᠡᠰᠤᠳᠤ ᠬᠠᠰᠢ᠂ ᠲᠤᠰ ᠰᠤᠷᠲ ᠪᠤᠯ ᠰᠢᠷᠠᠯᠠᠨ ᠦᠭᠦᠭᠦ ᠡᠪᠡᠳᠴᠢᠨ ᠢ ᠡᠰᠡᠷᠭᠦᠴᠡᠭᠦ ᠨᠢ ᠰᠠᠶᠢᠨ ᠪᠠᠶᠢᠵᠤ᠂ ᠤᠳᠤᠬᠠᠨ ᠳᠤ ᠤᠮᠠᠷᠠᠳᠤ ᠶᠢᠨ ᠭᠠᠵᠠᠷ ᠤᠷᠤᠨ ᠤ ᠨᠡᠶᠢᠳᠡᠮ ᠭᠡᠷᠡᠭᠯᠡᠵᠤ ᠪᠠᠶᠢᠭ᠎ᠠ ᠵᠠᠯᠭᠠᠳᠠᠰᠤ ᠶᠢᠨ ᠰᠤᠷᠲ ᠪᠤᠯᠤᠨ᠎ᠠ᠃ ᠲᠤᠰ ᠰᠤᠷᠲ ᠨᠢ ᠰᠤᠶᠤᠭᠠᠯᠠᠬᠤ ᠨᠢ ᠲᠦᠷᠭᠡᠨ᠂ 24 ᠴᠠᠭ ᠲᠠᠪᠳᠦᠭᠡᠭᠰᠡᠨ ᠤ ᠰᠡᠭᠦᠯᠡᠷ ᠪᠠᠷᠤᠭ 10 ᠬᠤᠨᠤᠭ ᠲᠤ ᠪᠦᠭᠦᠨ ᠢᠶᠠᠷ ᠢᠶᠠᠨ ᠰᠤᠶᠤᠭᠠᠯᠠᠳᠠᠭ᠃ ᠪᠠᠰᠠ ᠲᠤᠤᠷ᠎ᠡ ᠲᠤᠯᠠᠭᠠᠨ ᠳᠤ ᠨᠡᠯᠢᠶᠡᠳ ᠲᠠᠰᠪᠤᠷᠢᠳᠡᠢ᠃ ᠨᠠᠮᠤᠷ ᠡᠪᠤᠯ ᠤᠨ ᠤᠯᠠᠷᠢᠯ ᠳᠤ ᠭᠦᠯᠡᠮᠵᠢᠨ ᠳᠤ ᠵᠠᠯᠭᠠᠵᠤ ᠲᠠᠷᠢᠬᠤ ᠳᠤ ᠲᠤᠭᠢᠷᠠᠨ᠎ᠠ᠃ ᠦᠷᠭᠡᠰᠤᠳᠤ ᠬᠠᠰᠢ ᠪᠠᠷ ᠵᠠᠯᠭᠠᠳᠠᠰᠤ ᠪᠤᠯᠭᠠᠬᠤ ᠳᠤ ᠵᠠᠯᠭᠠᠪᠴᠢ ᠠᠴᠠ 15~20 ᠬᠤᠨᠤᠭ ᠤᠨ ᠡᠮᠦᠨ᠎ᠠ ᠲᠠᠷᠢᠬᠤ ᠴᠢᠬᠤᠯᠠ ᠲᠠᠢ ᠪᠠᠶᠢᠳᠠᠭ᠃

        ︵3︶ ᠲᠦᠸᠧ ᠯᠤ᠋ ᠪᠠ ᠮᠤ᠋ ︵托鲁巴姆︶᠂ ᠲᠤᠰ ᠵᠠᠯᠭᠠᠳᠠᠰᠤᠨ ᠰᠤᠷᠲ ᠨᠢ ᠦᠭᠦᠰᠢᠷᠡᠭᠦ ᠭᠡᠮ᠂ ᠰᠢᠷᠠᠯᠠᠬᠤ ᠡᠪᠡᠳᠴᠢᠨ᠂ ᠭᠦᠭᠡᠷᠡᠭᠦ ᠭᠡᠮ᠂ ᠦᠨᠳᠤᠰᠤᠨ ᠤ ᠤᠳᠠᠰᠤᠨ ᠬᠤᠷᠤᠬᠠᠢ ᠵᠡᠷᠭᠡ ᠲᠦᠷᠪᠡᠨ ᠵᠦᠢᠯ ᠤᠨ ᠰᠢᠷᠤᠢ ᠪᠠᠷ ᠲᠠᠮᠵᠢᠨ ᠬᠠᠯᠳᠠᠪᠤᠷᠢᠯᠠᠬᠤ ᠭᠡᠮ ᠬᠤᠷᠤᠬᠠᠢ ᠶᠢ ᠡᠰᠡᠷᠭᠦᠴᠡᠭᠦ ᠴᠢᠳᠠᠯ ᠲᠠᠢ ᠪᠠ ᠦᠯᠤ ᠬᠠᠯᠳᠠᠭᠠᠬᠤ ᠴᠢᠳᠠᠯ ᠲᠠᠢ ᠪᠠᠶᠢᠳᠠᠭ᠃ ᠰᠤᠶᠤᠭᠠᠯᠠᠭᠤᠯᠤᠨ ᠲᠠᠷᠢᠬᠤ ᠳᠤ ᠵᠠᠯᠭᠠᠪᠴᠢ ᠠᠴᠠ 25 ᠬᠤᠨᠤᠭ ᠤᠷᠢᠳᠴᠢᠯᠠᠵᠤ᠂ ᠭᠡᠷᠪᠡ ᠦᠷ᠎ᠠ ᠶᠢ ᠲᠡᠪᠳᠦᠭᠡᠵᠤ ᠰᠢᠭᠤᠳ ᠲᠠᠷᠢᠪᠠᠯ 35 ᠬᠤᠨᠤᠭ ᠤᠷᠢᠳᠴᠢᠯᠠᠬᠤ ᠭᠡᠷᠡᠭᠳᠡᠢ᠃ ᠲᠦ᠋ ᠯᠤ᠋ ᠪᠠ ᠮᠤ᠋ ᠪᠤᠯ ᠤᠳᠤᠬᠠᠨ ᠳᠤ ᠦᠢᠯᠡᠳᠪᠤᠷᠢᠯᠡᠯ ᠤᠨ ᠲᠠᠯ᠎ᠠ ᠪᠠᠷ ᠨᠡᠯᠢᠶᠡᠳ ᠨᠠᠶᠢᠳᠡᠮ ᠭᠡᠷᠡᠭᠯᠡᠵᠤ ᠪᠠᠶᠢᠭ᠎ᠠ ᠬᠠᠰᠢ ᠵᠠᠯᠭᠠᠵᠤ ᠲᠠᠷᠢᠬᠤ ᠵᠠᠯᠭᠠᠳᠠᠰᠤ ᠶᠢᠨ ᠰᠤᠷᠲ ᠪᠤᠯᠤᠨ᠎ᠠ᠃

       2. ᠵᠠᠯᠭᠠᠳᠠᠰᠤᠨ ᠦᠷ᠎ᠡ ᠪᠠᠨ ᠭᠡᠷᠭᠢᠨ ᠰᠢᠢᠳᠪᠤᠷᠢᠯᠡᠭᠦ ᠪᠤᠢ︖

       ᠵᠠᠯᠭᠠᠳᠠᠰᠤ ᠶᠢᠨ ᠦᠷ᠎ᠡ ᠪᠠᠨ 55℃ ᠤᠨ ᠤᠰᠤᠨ ᠳᠤ 15 ᠮᠢᠨᠦ᠋ᠲ ᠲᠠᠪᠳᠦᠭᠡᠵᠤ᠂ ᠲᠠᠷᠠᠭ᠎ᠠ ᠪᠠᠷ ᠨᠢ 20℃~30℃ ᠪᠤᠯᠭᠠᠨ ᠪᠠᠭᠤᠷᠠᠭᠤᠯᠵᠤ᠂ 24 ᠴᠠᠭ ᠲᠠᠪᠳᠦᠭᠡᠵᠤ᠂ ᠲᠠᠭᠢᠨ ᠴᠠᠪᠡᠷ ᠤᠰᠤ ᠪᠠᠷ ᠴᠠᠪᠡᠷᠭᠡᠨ ᠤᠭᠢᠶᠠᠵᠤ᠂ ᠵᠢᠵᠢᠭ ᠪᠦᠰ ᠤᠭᠤᠳᠠᠨ ᠳᠤ ᠭᠢᠵᠤ᠂ 20℃~30℃ ᠤᠨ ᠲᠤᠯᠠᠭᠠᠨ ᠳᠤ ᠰᠤᠶᠤᠭᠠᠯᠠᠭᠤᠯᠤᠨ᠎ᠠ᠃ ᠵᠠᠯᠭᠠᠪᠴᠢ ᠶᠢᠨ ᠦᠷ᠎ᠡ ᠠᠴᠠ 20~35 ᠬᠤᠨᠤᠭ ᠤᠷᠢᠳᠴᠢᠯᠠᠵᠤ ᠲᠠᠷᠢᠬᠤ ᠴᠢᠬᠤᠯᠠ ᠲᠠᠢ᠃

       3. ᠵᠠᠯᠭᠠᠪᠴᠢ ᠶᠢᠨ ᠦᠷ᠎ᠡ ᠳᠤ ᠶᠠᠮᠠᠷ ᠰᠤᠷᠲ ᠢ ᠰᠤᠩᠭᠤᠵᠤ᠂ ᠭᠡᠷᠭᠢᠨ ᠰᠢᠢᠳᠪᠤᠷᠢᠯᠡᠭᠦ ᠪᠤᠢ︖

       ᠵᠠᠯᠭᠠᠪᠴᠢ ᠶᠢᠨ ᠦᠷ᠎ᠡ ᠳᠤ ᠲᠢᠶᠠᠠᠵᠢᠨ ᠤ ᠺᠤᠸᠠᠢ ᠶᠤᠸᠠᠨ ︵快圆︶ ᠬᠠᠰᠢ᠂ ᠰᠢ ᠠᠨ ᠤ ᠨᠤᠭᠤᠭᠠᠨ ᠬᠠᠰᠢ ᠵᠡᠷᠭᠡ ᠶᠢ ᠰᠤᠩᠭᠤᠵᠤ ᠪᠤᠯᠤᠨ᠎ᠠ᠃ ᠦᠷ᠎ᠡ ᠪᠠᠨ 55℃ ᠤᠨ ᠤᠰᠤᠨ ᠳᠤ 15 ᠮᠢᠨᠦ᠋ᠲ ᠲᠠᠪᠳᠦᠭᠡᠵᠤ᠂ ᠲᠠᠭᠢᠨ ᠤᠰᠤᠨ ᠤ ᠬᠠᠯᠠᠭᠤᠨ ᠢ 20℃~30℃ ᠪᠤᠯᠭᠠᠨ ᠪᠠᠭᠤᠷᠠᠭᠤᠯᠵᠤ᠂ 12 ᠴᠠᠭ ᠲᠡᠪᠳᠦᠭᠡᠭᠡᠳ᠂ ᠴᠠᠪᠠᠷ ᠤᠰᠤ ᠪᠠᠷ ᠵᠠᠶᠢᠯᠠᠨ ᠤᠭᠢᠶᠠᠵᠤ᠂ ᠵᠢᠵᠢᠭ ᠪᠦᠰ ᠤᠭᠤᠳᠠᠨ ᠳᠤ ᠭᠢᠵᠤ᠂ ᠨᠦᠢᠳᠡᠨ ᠠᠯᠴᠢᠭᠤᠷ ᠢᠶᠠᠷ ᠪᠤᠭᠤᠵᠤ᠂ 20℃~30℃ ᠤᠨ ᠲᠤᠯᠠᠭᠠᠨ ᠳᠤ ᠲᠠᠯᠪᠢᠨ ᠰᠤᠶᠤᠭᠠᠯᠠᠭᠤᠯᠤᠨ᠎ᠠ᠃ ᠡᠳᠤᠷ ᠪᠦᠷᠢ 30℃ ᠤᠨ ᠬᠠᠯᠠᠭᠤᠨ ᠤᠰᠤᠨ ᠳᠤ 2~3 ᠤᠳᠠᠭ᠎ᠠ ᠵᠠᠶᠢᠯᠤᠨ ᠤᠭᠢᠶᠠᠵᠤ᠂ ᠨᠢᠭᠡᠨ ᠭᠠᠷᠠᠭ ᠤᠷᠴᠢᠮ ᠪᠤᠯᠪᠠᠯ ᠰᠤᠶᠤᠭᠠᠯᠠᠳᠠᠭ᠃

       4. ᠶᠠᠮᠠᠷ ᠴᠠᠭ ᠦᠶ᠎ᠠ ᠳᠤ ᠲᠠᠷᠢᠪᠡᠯ ᠲᠤᠭᠢᠷᠠᠮᠵᠢᠳᠡᠢ ᠪᠤᠢ︖


       ᠲᠠᠷᠢᠬᠤ ᠴᠠᠭ ᠤᠨ ᠲᠠᠯ᠎ᠠ ᠪᠠᠷ ᠪᠤᠯ ᠡᠪᠤᠯ ᠬᠠᠪᠤᠷ ᠤᠨ ᠭᠤᠤᠷᠰᠤ ᠶᠢᠨ ᠬᠠᠰᠢ ᠶᠢ 7 ᠳ᠋ᠤᠭᠠᠷ ᠰᠠᠷ᠎ᠠ ᠶᠢᠨ ᠲᠤᠮᠳᠡᠴᠢ ᠠᠴᠠ 8 ᠳ᠋ᠤᠭᠠᠷ ᠰᠠᠷ᠎ᠠ ᠶᠢᠨ ᠲᠤᠮᠳᠡᠴᠢ ᠪᠠᠷ ᠵᠠᠯᠭᠠᠳᠠᠰᠤ ᠶᠢᠨ ᠦᠷ᠎ᠡ ᠪᠠᠨ ᠲᠠᠷᠢᠵᠤ᠂ ᠵᠠᠯᠭᠠᠳᠠᠰᠤ ᠨᠢ ᠴᠢᠭᠢᠯᠡᠭᠰᠡᠨ ᠤ ᠰᠡᠭᠦᠯᠡᠷ ᠵᠠᠯᠭᠠᠪᠴᠢ ᠪᠠᠨ ᠲᠠᠷᠢᠨ᠎ᠠ᠃ ᠶᠠᠷᠦᠩᠭᠡᠢ ᠳᠡᠭᠡᠨ ᠲᠠᠷᠢᠬᠤ ᠴᠠᠭ ᠢ 25~35 ᠬᠤᠨᠤᠭ ᠤᠨ ᠵᠦᠷᠢᠶ᠎ᠠ ᠲᠠᠢ ᠪᠠᠶᠢᠯᠭᠠᠨ᠎ᠠ᠃

       ᠲᠠᠷᠢᠬᠤ ᠭᠡᠮᠵᠢᠶ᠎ᠠ ᠶᠢᠨ ᠲᠠᠯ᠎ᠠ ᠪᠠᠷ ᠪᠤᠯ ᠶᠠᠷᠦᠩᠭᠡᠢ ᠳᠡᠭᠡᠨ ᠮᠤ᠋ ᠪᠦᠷᠢ 40~50g ᠭᠡᠷᠡᠭᠯᠡᠨ᠎ᠡ᠃ ᠭᠡᠪᠡᠴᠤ ᠡᠷᠭᠡᠪᠰᠢ 20% ᠶᠢᠨ ᠪᠡᠯᠡᠳᠭᠡᠯ ᠴᠢᠭᠢ ᠲᠠᠢ ᠪᠠᠶᠢᠬᠤ ᠭᠡᠷᠡᠭᠳᠡᠢ᠃

      ᠲᠠᠷᠢᠬᠤ ᠠᠷᠭ᠎ᠠ ᠶᠢᠨ ᠲᠠᠯ᠎ᠠ ᠪᠠᠷ ᠪᠤᠯ ᠲᠠᠷᠢᠬᠤ ᠠᠴᠠ ᠪᠠᠨ ᠨᠢᠭᠡ ᠡᠳᠤᠷ ᠤᠨ ᠡᠮᠦᠨ᠎ᠠ ᠴᠢᠭᠢ ᠪᠤᠶᠢᠵᠢᠭᠤᠯᠬᠤ ᠲᠠᠯᠠᠪᠠᠢ ᠪᠠᠨ ᠲᠠᠪᠳᠦᠳᠡᠯ᠎ᠠ ᠤᠰᠤᠯᠠᠨ᠎ᠠ᠃ ᠲᠠᠷᠢᠬᠤ ᠠᠴᠠ ᠪᠠᠨ ᠡᠮᠦᠨ᠎ᠠ ᠪᠠᠰᠠ ᠬᠤᠷᠤᠬᠠᠢ ᠤᠰᠠᠳᠬᠠᠬᠤ ᠡᠮ ᠢ ᠰᠢᠷᠤᠢ ᠲᠠᠢ ᠬᠤᠯᠢᠨ ᠡᠮᠳᠤ ᠰᠢᠷᠤᠢ ᠪᠤᠯᠭᠠᠵᠤ᠂ ᠨᠠᠶᠢᠳᠡᠮ ᠪᠠᠷᠤᠭ 1cm ᠵᠤᠵᠠᠭᠠᠨ ᠰᠠᠴᠤᠵᠤ᠂ ᠭᠦᠷᠦᠰᠤᠨ ᠲᠤᠤᠷᠠᠭᠢ ᠭᠦᠨᠦᠭᠡᠯᠳᠤ ᠬᠤᠷᠤᠬᠠᠢ ᠶᠢ ᠰᠡᠷᠭᠡᠶᠢᠯᠡᠵᠤ᠂ ᠪᠠᠰᠠ ᠲᠡᠭᠰᠢ ᠲᠦᠷᠪᠡᠯᠵᠢᠨ ᠮᠧᠲᠷ ᠲᠠᠯᠠᠪᠠᠢ ᠪᠦᠷᠢ 8g 50% ᠶᠢᠨ ᠳ᠋ᠦᠸᠧ ᠵᠢᠶᠦ᠋ᠨ ᠯᠢᠩ ︵多菌灵︶ ᠡᠮ ᠢ ᠨᠠᠷᠢᠨ ᠰᠢᠷᠤᠢ ᠲᠠᠢ ᠬᠤᠯᠢᠨ ᠵᠢᠭᠳᠡᠭᠡᠨ ᠰᠠᠴᠤᠵᠤ᠂ ᠭᠡᠨᠡᠳᠳᠡ ᠤᠨᠠᠬᠤ ᠭᠡᠮ ᠢ ᠰᠠᠷᠭᠡᠶᠢᠯᠡᠨ᠎ᠡ᠃ ᠲᠠᠷᠠᠭ᠎ᠠ ᠪᠠᠷ ᠨᠢ ᠵᠠᠯᠭᠠᠳᠠᠰᠤ ᠶᠢᠨ ᠦᠷ᠎ᠡ ᠪᠠᠨ ᠲᠠᠷᠢᠵᠤ᠂ ᠲᠠᠷᠢᠠᠠᠰᠠᠨ ᠤ ᠰᠡᠭᠦᠯᠡᠷ ᠪᠠᠰᠠ ᠰᠠᠶᠢᠵᠠᠳ᠋ᠬᠠᠰᠠᠨ ᠨᠠᠷᠢᠨ ᠡᠮᠳᠤ ᠰᠢᠷᠤᠢ ᠪᠠᠷ 1cm ᠵᠤᠵᠠᠭᠠᠨ ᠬᠤᠴᠢᠵᠤ ᠲᠠᠷᠤᠠᠠᠰᠠᠨ ᠤ ᠰᠡᠭᠦᠯᠡᠷ ᠪᠦᠷᠭᠦᠭᠦᠯ ᠢᠶᠠᠨ ᠪᠦᠷᠢᠵᠤ ᠵᠢᠵᠢᠭ ᠰᠠᠷᠠᠪᠴᠢ ᠪᠤᠰᠬᠠᠨ ᠴᠢᠭᠢᠭ ᠲᠤᠯᠠᠭᠠᠨ ᠢ ᠨᠡᠮᠡᠭᠳᠡᠭᠦᠯᠦᠨ᠎ᠠ᠃ ᠡᠳᠤᠷ ᠤᠨ ᠲᠤᠯᠠᠭᠠᠨ ᠤ ᠭᠡᠮᠵᠢᠶ᠎ᠠ ᠶᠢ 25℃~30℃᠂ ᠰᠦᠨᠢ ᠶᠢᠨ ᠬᠢ ᠶᠢ 18℃ ᠠᠴᠠ ᠲᠡᠭᠡᠭᠰᠢ ᠪᠠᠶᠢᠯᠭᠠᠵᠤ᠂ 3~5 ᠬᠤᠨᠤᠭ ᠪᠤᠯᠵᠤ ᠴᠢᠭᠢᠯᠡᠭᠰᠡᠨ ᠤ ᠰᠡᠭᠦᠯᠡᠷ ᠪᠦᠷᠭᠦᠭᠦᠯ ᠢᠶᠠᠨ ᠠᠪᠤᠨ᠎ᠠ᠃

       ᠴᠢᠭᠢ ᠰᠠᠯᠭᠠᠬᠤ ᠲᠠᠯ᠎ᠠ ᠪᠠᠷ ᠪᠤᠯ ᠵᠠᠯᠭᠠᠳᠠᠰᠤ ᠶᠢᠨ ᠴᠢᠭᠢ ᠨᠢ 2~3 ᠵᠢᠩᠭᠢᠨᠢ ᠨᠠᠪᠴᠢᠯᠬᠠᠰᠠᠨ ᠦᠶᠡᠰ 10 × 10cm ᠤᠨ ᠰᠢᠮ᠎ᠠ ᠲᠡᠵᠢᠭᠡᠯᠳᠤ ᠫᠸᠡᠭᠰᠡ ᠳᠤ ᠰᠢᠯᠵᠢᠭᠦᠯᠵᠤ᠂ ᠮᠦᠨ ᠠᠳᠠᠯᠢ ᠪᠠᠷᠢᠮᠵᠢᠶ᠎ᠠ ᠪᠠᠷ ᠵᠠᠯᠭᠠᠪᠴᠢ ᠶᠢᠨ ᠴᠢᠭᠢ ᠪᠠᠨ ᠴᠢᠭᠢ ᠪᠤᠶᠢᠵᠢᠭᠤᠯᠬᠤ ᠲᠠᠯᠠᠪᠠᠢ ᠳᠠᠭᠠᠨ ᠰᠢᠯᠵᠢᠭᠦᠯᠵᠤ᠂ ᠰᠢᠮ᠎ᠠ ᠲᠡᠵᠢᠭᠡᠯᠳᠤ ᠰᠢᠷᠤᠢ ᠨᠠᠶᠢᠷᠠᠭᠤᠯᠬᠤ ᠪᠠ ᠬᠠᠮᠳᠤ ᠲᠠᠷᠢᠬᠤ ᠲᠠᠯᠠᠪᠠᠢ ᠪᠠᠨ ᠠᠷᠢᠭᠤᠳᠬᠠᠨ᠎ᠠ᠃ ᠴᠢᠭᠢ ᠰᠠᠯᠭᠠᠠᠠᠰᠠᠨ ᠤ ᠰᠡᠭᠦᠯᠡᠷ ᠲᠠᠷᠦ᠋ᠢᠬᠠᠨ ᠤᠰᠤᠯᠠᠵᠤ᠂ ᠲᠤᠯᠠᠭᠠᠨ ᠴᠢᠭᠢᠭ ᠢ ᠬᠠᠮᠠᠭᠠᠯᠠᠨ᠂ ᠡᠳᠤᠷ ᠤᠨ ᠲᠤᠯᠠᠭᠠᠨ ᠤ ᠭᠡᠮᠵᠢᠶ᠎ᠠ ᠶᠢ 20℃~30℃᠂ ᠰᠦᠨᠢ ᠶᠢᠨ ᠬᠢ ᠶᠢ 18℃ ᠪᠠᠶᠢᠯᠭᠠᠵᠤ᠂ ᠵᠠᠯᠠᠳᠤ ᠴᠢᠭᠢ ᠨᠢ ᠭᠡᠪ ᠲᠡᠭᠡᠨ ᠤᠷᠭᠤᠠᠠᠰᠠᠨ ᠤ ᠰᠡᠭᠦᠯᠡᠷ ᠰᠦᠨᠢ ᠶᠢᠨ ᠲᠤᠯᠠᠭᠠᠨ ᠤ ᠭᠡᠮᠵᠢᠶ᠎ᠠ ᠶᠢ 15℃ ᠪᠤᠯᠳᠠᠯ᠎ᠠ ᠪᠠᠭᠤᠷᠠᠭᠤᠯᠤᠨ᠎ᠠ᠃

         5. ᠭᠡᠷᠭᠢᠨ ᠵᠠᠯᠭᠠᠬᠤ ᠪᠤᠢ︖

         ᠵᠠᠯᠭᠠᠳᠠᠰᠤ ᠭᠢᠭᠡᠳ ᠵᠠᠯᠭᠠᠪᠴᠢ ᠨᠢ 6~8 ᠨᠠᠪᠴᠢᠯᠠᠵᠤ᠂ ᠡᠰᠢ ᠨᠢ ᠬᠠᠭᠠᠰ ᠮᠤᠳᠤᠴᠢᠯᠠᠵᠤ᠂ 5mm ᠪᠦᠳᠦᠭᠦᠷᠡᠵᠤ᠂ ᠡᠳᠤᠷ ᠤᠨ ᠲᠤᠯᠠᠭᠠᠨ ᠤ ᠭᠡᠮᠵᠢᠶ᠎ᠠ 18℃~25℃ ᠪᠤᠯᠬᠤ ᠦᠶᠡᠰ ᠡᠭᠢᠯᠡᠨ ᠵᠠᠯᠭᠠᠨ᠎ᠠ᠃ ᠵᠠᠯᠭᠠᠬᠤ ᠠᠴᠠ ᠪᠠᠨ ᠨᠢᠭᠡ ᠭᠠᠷᠠᠭ ᠤᠨ ᠲᠤᠳᠤᠷ᠎ᠠ ᠬᠠᠰᠢ ᠶᠢᠨ ᠴᠢᠭᠢ ᠪᠠᠨ ᠤᠰᠤᠯᠠᠵᠤ ᠪᠤᠯᠬᠤ ᠦᠭᠡᠢ᠃ ᠵᠠᠯᠭᠠᠬᠤ ᠳᠠᠭᠠᠨ ᠵᠦᠰᠦᠵᠤ ᠬᠠᠭᠠᠯᠤᠨ ᠵᠠᠯᠭᠠᠬᠤ ᠠᠷᠭ᠎ᠠ ᠪᠠᠷ ᠵᠠᠯᠭᠠᠨ᠎ᠠ᠃ ᠵᠠᠯᠭᠠᠬᠤ ᠳᠤ ᠭᠡᠷᠡᠭᠯᠡᠭᠦ ᠭᠢᠳᠤᠭ᠎ᠠ ᠪᠠᠨ ᠡᠷᠭᠡᠪᠰᠢ 75% ᠶᠢᠨ ᠰᠫᠢᠷᠲ ᠢᠶᠠᠷ ᠠᠷᠢᠭᠤᠳᠬᠠᠬᠤ ᠭᠡᠷᠡᠭᠳᠡᠢ᠃ ᠵᠠᠯᠭᠠᠬᠤ ᠳᠠᠭᠠᠨ ᠤᠷᠢᠳ ᠢᠶᠠᠷ ᠵᠠᠯᠭᠠᠳᠠᠰᠤᠨ ᠤ ᠭᠤᠷᠪᠡᠳᠤᠭᠠᠷ ᠨᠠᠪᠴᠢᠨ ᠤ ᠲᠡᠭᠡᠳᠤ ᠭᠡᠰᠡᠭ ᠢ ᠨᠢ ᠲᠠᠰᠤᠳᠠᠵᠤ᠂ ᠲᠠᠷᠠᠭ᠎ᠠ ᠪᠠᠷ ᠨᠢ ᠭᠢᠳᠤᠭ᠎ᠠ ᠪᠠᠷ ᠡᠰᠢᠨ ᠤ ᠲᠤᠮᠳᠠ ᠭᠡᠰᠡᠭ ᠲᠤ 1cm ᠭᠦᠨ ᠡᠭ᠍ᠴᠡ ᠵᠦᠰᠦᠵᠤ᠂ ᠵᠠᠯᠭᠠᠳᠠᠰᠤ ᠲᠠᠢ ᠨᠠᠷᠢᠨ ᠪᠦᠳᠦᠭᠦᠨ ᠨᠢ ᠠᠳᠠᠯᠢ ᠵᠠᠯᠭᠠᠪᠴᠢ ᠴᠢᠭᠢ ᠶᠢ ᠠᠪᠴᠤ᠂ ᠲᠡᠭᠦᠨ ᠤ ᠬᠠᠭᠠᠰ ᠮᠤᠳᠤᠴᠢᠯᠬᠠᠰᠠᠨ ᠭᠡᠰᠡᠭ ᠤᠨ ᠲᠤᠤᠷ᠎ᠡ ᠭᠡᠰᠡᠭ ᠢ ᠨᠢ ᠤᠠᠠᠳᠤᠯᠤᠨ ᠬᠠᠶᠠᠵᠤ᠂ 2~3 ᠨᠠᠪᠴᠢ ᠦᠯᠡᠳᠡᠭᠡᠵᠤ᠂ 1cm ᠭᠢᠷᠢ ᠲᠠᠢ ᠱᠤᠷᠤᠯᠠᠨ
ᠵᠤᠷᠭᠤᠵᠤ᠂ ᠵᠠᠯᠭᠠᠳᠠᠰᠤᠨ ᠤ ᠤᠠᠠᠳᠤᠯᠤᠭᠠᠰᠤᠨ ᠳᠤ ᠰᠢᠭᠠᠨ ᠤᠷᠤᠭᠤᠯᠵᠤ᠂ ᠵᠢᠭᠳᠡ ᠪᠤᠯᠭᠠᠠᠠᠰᠠᠨ ᠤ ᠰᠡᠭᠦᠯᠡᠷ ᠲᠠᠭᠢᠨ ᠲᠤᠭᠤᠷᠢᠭ ᠵᠠᠯᠭᠠᠯᠳᠠ ᠶᠢᠨ ᠬᠠᠪᠴᠢᠭᠤᠷ ᠢᠶᠠᠷ ᠬᠠᠪᠴᠢᠨ ᠲᠤᠠᠠᠳᠠᠪᠤᠷᠢᠵᠢᠭᠤᠯᠤᠨ᠎ᠠ᠃ ᠭᠡᠷᠪᠡ ᠲᠤᠬᠠᠢ ᠶᠢᠨ ᠦᠶᠡᠰ ᠵᠠᠯᠭᠠᠪᠴᠢ ᠶᠢᠨ ᠴᠢᠭᠢ ᠭᠡᠳᠦᠷᠭᠡᠢ ᠵᠢᠵᠢᠭ ᠪᠤᠶᠤ ᠨᠠᠷᠢᠨ ᠪᠤᠯ ᠵᠠᠯᠭᠠᠪᠴᠢ ᠶᠢ ᠵᠠᠯᠭᠠᠳᠠᠰᠤ ᠶᠢᠨ ᠡᠰᠢᠨ ᠤ ᠨᠢᠭᠡ ᠲᠠᠯ᠎ᠠ ᠳᠤ ᠡᠭ᠍ᠴᠡᠯᠡᠨ᠎ᠡ᠃ ᠢᠡᠭᠭᠢᠪᠡᠯ ᠠᠮᠢᠳᠤᠷᠠᠬᠤ ᠳᠤᠨᠢ ᠠᠰᠢᠠᠠᠳᠠᠢ ᠪᠠᠶᠢᠳᠠᠭ᠃

       6. ᠵᠠᠯᠭᠠᠠᠠᠰᠠᠨ ᠤ ᠰᠡᠭᠦᠯᠡᠷ ᠴᠢᠭᠢ ᠶᠢ ᠭᠡᠷᠭᠢᠨ ᠠᠷᠠᠴᠢᠯᠠᠬᠤ ᠪᠤᠢ︖

        ᠡᠭᠦᠨ ᠳᠤ 1.2m ᠦᠷᠭᠡᠨ᠂ 60cm ᠦᠨᠳᠤᠷ ᠵᠢᠵᠢᠭ ᠰᠠᠷᠠᠪᠴᠢ ᠭᠠᠷᠭᠠᠵᠤ᠂ ᠴᠢᠭᠢ ᠪᠤᠶᠢᠵᠢᠭᠤᠯᠬᠤ ᠲᠠᠯᠠᠪᠠᠢ ᠪᠠᠨ ᠰᠠᠶᠢᠳᠤᠷ ᠤᠰᠤᠯᠠᠵᠤ᠂ ᠬᠠᠰᠢ ᠪᠠᠨ ᠵᠠᠯᠭᠠᠠᠠᠰᠠᠨ ᠤ ᠰᠡᠭᠦᠯᠡᠷ ᠲᠠᠷᠦ᠋ᠢᠬᠠᠨ ᠤᠷᠢᠳᠴᠢᠯᠠᠨ ᠪᠡᠯᠡᠳᠭᠡᠭᠰᠡᠨ ᠰᠦᠯᠢᠶᠤᠤ ᠵᠢᠵᠢᠭ ᠰᠠᠷᠠᠪᠴᠢᠨ ᠳᠠᠭᠠᠨ ᠲᠠᠯᠪᠢᠵᠤ᠂ ᠨᠠᠪᠴᠢᠨ ᠲᠠᠭᠡᠷ᠎ᠡ ᠨᠢ ᠤᠰᠤ ᠰᠦᠷᠴᠢᠨ ᠴᠢᠭᠢᠭ ᠢ ᠨᠢ ᠪᠠᠳᠤᠯᠠᠨ᠎ᠠ᠃ ᠵᠠᠯᠭᠠᠠᠠᠰᠠᠨ ᠤ ᠰᠡᠭᠦᠯᠡᠷᠭᠢ 3~4 ᠡᠳᠤᠷ ᠲᠤ ᠡᠳᠤᠷ ᠤᠨ ᠲᠤᠯᠠᠭᠠᠨ ᠤ ᠭᠡᠮᠵᠢᠶ᠎ᠠ ᠶᠢ 25℃~28℃᠂ ᠰᠦᠨᠢ ᠶᠢᠨ ᠲᠤᠯᠠᠭᠠᠨ ᠤ ᠭᠡᠮᠵᠢᠶ᠎ᠠ ᠶᠢ 20℃~22℃ ᠪᠠᠶᠢᠯᠭᠠᠵᠤ᠂ ᠰᠤᠨᠢᠨ ᠤ ᠴᠠᠭᠠᠰᠤ ᠪᠤᠶᠤ ᠭᠡᠷᠡᠯ ᠤᠨ ᠬᠠᠯᠬᠠᠪᠴᠢ ᠪᠠᠷ ᠭᠡᠷᠡᠯ ᠢ ᠪᠦᠷᠢᠮᠦᠰᠤᠨ ᠬᠠᠯᠬᠠᠯᠠᠵᠤ᠂ ᠭᠡᠢ ᠠᠭᠠᠷ ᠤᠨ ᠴᠢᠭᠢᠭ ᠤᠨ ᠭᠡᠮᠵᠢᠶ᠎ᠠ ᠶᠢ 95% ᠠᠴᠠ ᠲᠡᠭᠡᠭᠰᠢ ᠪᠠᠶᠢᠯᠭᠠᠨ᠎ᠠ᠃ ᠴᠢᠭᠢᠭ ᠢ ᠬᠠᠮᠠᠭᠠᠯᠠᠬᠤ ᠪᠤᠯ ᠵᠠᠯᠭᠠᠯᠳᠠ ᠶᠢᠨ ᠢᠯᠠᠵᠤ ᠢᠯᠬᠠᠳᠠᠬᠤ ᠶᠢᠨ ᠵᠠᠩᠭᠢᠯᠠᠭ᠎ᠠ ᠮᠦᠨ᠃ ᠵᠠᠯᠭᠠᠠᠠᠰᠠᠨ ᠴᠢᠭᠢ ᠨᠢ 7~10 ᠡᠳᠤᠷ ᠪᠤᠯᠵᠤ ᠡᠳᠡᠭᠡᠷᠡᠭᠰᠡᠨ ᠤ ᠰᠡᠭᠦᠯᠡᠷ ᠵᠠᠯᠭᠠᠪᠴᠢ ᠡᠭᠢᠯᠡᠨ ᠤᠷᠭᠤᠬᠤ ᠪᠦᠭᠡᠳ ᠵᠠᠯᠭᠠᠳᠠᠰᠤ ᠶᠢᠨ ᠬᠠᠵᠠᠭᠤ ᠶᠢᠨ ᠨᠠᠭᠢᠶ᠎ᠠ ᠨᠢ ᠴᠤ ᠲᠦᠷᠭᠡᠨ ᠤᠷᠭᠤᠬᠤ ᠲᠤᠯᠠ ᠡᠷᠭᠡᠪᠰᠢ ᠴᠠᠭ ᠲᠠᠷᠤᠢ ᠳᠤᠨᠢ ᠠᠪᠴᠤ ᠬᠠᠶᠠᠬᠤ ᠭᠡᠷᠡᠭᠳᠡᠢ᠃ ᠵᠠᠯᠭᠠᠠᠠᠰᠠᠨ ᠤ ᠲᠠᠷᠠᠭᠠᠭᠢ 3~4 ᠡᠳᠤᠷ ᠠᠴᠠ ᠡᠭᠢᠯᠡᠨ ᠠᠭᠠᠵᠢᠮ ᠢᠶᠠᠷ ᠭᠡᠷᠡᠯ ᠲᠤᠰᠬᠠᠨ ᠰᠠᠯᠭᠢ ᠨᠡᠪᠳᠡᠷᠡᠭᠦᠯᠵᠤ᠂ ᠴᠢᠭᠢᠭ ᠲᠤᠯᠭᠠᠨ ᠤ ᠭᠡᠮᠵᠢᠶ᠎ᠠ ᠶᠢ ᠪᠠᠭᠤᠷᠠᠭᠤᠯᠵᠤ᠂ 10 ᠡᠳᠤᠷ ᠠᠴᠠ ᠬᠤᠶᠢᠰᠢ ᠵᠢᠵᠢᠭ ᠰᠠᠷᠠᠪᠴᠢ ᠪᠠᠨ ᠠᠪᠴᠤ ᠶᠠᠷᠤ ᠶᠢᠨ ᠶᠤᠰᠤᠭᠠᠷ ᠠᠷᠠᠴᠢᠯᠠᠬᠤ ᠭᠡᠷᠡᠭᠳᠡᠢ᠃ ᠠᠷᠠᠴᠢᠯᠠᠬᠤ ᠶᠠᠪᠤᠴᠠ ᠳᠠᠭᠠᠨ ᠵᠠᠯᠭᠠᠳᠠᠰᠤ ᠶᠢᠨ ᠬᠠᠵᠠᠭᠤ ᠶᠢᠨ ᠨᠠᠪᠴᠢ ᠨᠠᠮᠠᠭ᠎ᠠ᠂ ᠰᠢᠷᠠᠯᠬᠠᠰᠠᠨ ᠨᠠᠪᠴᠢ᠂ ᠦᠭᠦᠭᠰᠡᠨ ᠴᠢᠭᠢ ᠶᠢ ᠲᠠᠷᠦ᠋ᠢᠬᠠᠨ ᠴᠡᠪᠡᠷᠯᠡᠨ ᠠᠪᠴᠤ᠂ ᠲᠤᠮᠤ ᠵᠢᠵᠢᠭ ᠴᠢᠭᠢ ᠶᠢ ᠲᠦᠷᠦᠯ ᠬᠤᠪᠢᠶᠠᠨ ᠠᠷᠠᠴᠢᠯᠡᠵᠤ᠂ ᠰᠠᠭᠤᠷᠢᠰᠢᠭᠤᠯᠤᠨ ᠲᠠᠷᠢᠬᠤ ᠳᠤ ᠪᠡᠯᠡᠳᠭᠡᠭᠦ ᠭᠡᠷᠡᠭᠳᠡᠢ᠃

        7. ᠰᠠᠭᠤᠷᠢᠰᠢᠭᠤᠯᠤᠨ ᠲᠠᠷᠢᠠᠠᠰᠠᠨ ᠤ ᠰᠡᠭᠦᠯᠡᠷ ᠶᠠᠮᠠᠷ ᠠᠷᠭ᠎ᠠ ᠪᠠᠷ ᠠᠷᠠᠴᠢᠯᠠᠬᠤ ᠪᠤᠢ︖

        ︵1︶ ᠭᠠᠵᠠᠷ ᠢᠶᠠᠨ ᠲᠡᠭᠰᠢᠯᠡᠨ ᠪᠤᠷᠳᠤᠭᠤᠷ ᠤᠷᠤᠭᠤᠯᠬᠤ᠄ ᠬᠠᠰᠢ ᠶᠢ ᠵᠠᠯᠭᠠᠵᠤ ᠲᠠᠷᠢᠠᠠᠰᠠᠨ ᠤ ᠰᠡᠭᠦᠯᠡᠷ ᠤᠷᠭᠤᠯᠳᠠ ᠨᠢ ᠢᠳᠡᠷᠡᠭᠦᠨ᠂ ᠬᠤᠷᠢᠶᠠᠯᠳᠠ ᠨᠢ ᠦᠨᠳᠤᠷ ᠪᠤᠯᠬᠤ ᠲᠤᠯᠠ ᠭᠠᠵᠠᠷ ᠢᠶᠠᠨ ᠭᠦᠨ ᠤᠷᠪᠠᠭᠤᠯᠵᠤ᠂ ᠮᠤ᠋ ᠪᠦᠷᠢ ᠴᠢᠨᠠᠷ ᠰᠠᠶᠢᠳᠠᠢ ᠤᠷᠭᠠᠨᠢᠭ ᠪᠤᠷᠳᠤᠭᠤᠷ ᠢ 5000kg ᠠᠴᠠ ᠲᠡᠭᠡᠭᠰᠢ ᠤᠷᠤᠭᠤᠯᠵᠤ᠂ ᠹᠤᠰᠹᠤᠷ ᠭᠦᠴᠢᠯ ᠤᠨ ᠬᠤᠶᠠᠷᠴᠢ ᠠᠮᠮᠤᠨᠢ ᠪᠤᠯᠤᠨ ᠭᠦᠭᠦᠷ ᠭᠦᠴᠢᠯ ᠤᠨ ᠺᠠᠯᠢ ᠶᠢ ᠲᠤᠰᠪᠤᠷᠢ 30kg ᠤᠷᠤᠭᠤᠯᠤᠨ᠎ᠠ᠃ ᠲᠠᠭᠢᠨᠳᠡ ᠨᠢᠭᠡ ᠤᠳᠠᠭ᠎ᠠ ᠭᠦᠨ ᠤᠷᠪᠠᠭᠤᠯᠤᠨ ᠪᠤᠷᠳᠤᠭᠤᠷ ᠰᠢᠷᠤᠢ ᠶᠢ ᠰᠠᠶᠢᠳᠤᠷ ᠬᠤᠯᠢᠭᠠᠳ ᠲᠠᠯᠠᠩ ᠪᠤᠰᠬᠠᠨ᠎ᠠ᠃ ᠲᠠᠯᠠᠩ ᠤᠨ ᠦᠷᠭᠡᠨ ᠢ 80cm᠂ ᠦᠨᠳᠤᠷ ᠢ 20cm᠂ ᠬᠤᠭᠤᠷᠤᠨᠳᠤᠭᠢ ᠵᠠᠢ ᠶᠢ 50cm ᠪᠠᠶᠢᠯᠭᠠᠨ᠎ᠠ᠃

       ᠨᠠᠮᠤᠭ ᠤᠨ ᠪᠤᠷᠳᠤᠭᠤᠷ ᠲᠠᠢ ᠭᠠᠵᠠᠷ ᠤᠷᠤᠨ ᠪᠤᠯ ᠨᠠᠮᠤᠭ ᠤᠨ ᠰᠢᠭᠠᠷᠤ ᠪᠠᠷ ᠰᠠᠭᠤᠷᠢ ᠪᠤᠷᠳᠤᠭᠤᠷ ᠪᠤᠯᠭᠠᠵᠤ ᠪᠤᠯᠤᠨ᠎ᠠ᠃ ᠭᠢᠭᠦ ᠠᠷᠭ᠎ᠠ ᠨᠢ ᠭᠡᠪᠡᠯ ᠮᠤ᠋ ᠪᠦᠷᠢ 2000kg ᠰᠠᠶᠢᠳᠤᠷ ᠦᠤᠵᠦ ᠢᠯᠵᠠᠷᠠᠭᠰᠠᠨ ᠨᠠᠮᠤᠭ ᠤᠨ ᠰᠢᠭᠠᠷᠤ ᠶᠢ ᠰᠠᠭᠤᠷᠢᠰᠢᠭᠤᠯᠤᠨ ᠲᠠᠷᠢᠠᠠᠰᠠᠨ ᠨᠦᠭᠡᠨ ᠳᠡᠭᠡᠨ ᠤᠷᠤᠭᠤᠯᠵᠤ᠂ ᠨᠦᠭᠡᠨ ᠳᠠᠬᠢ ᠰᠢᠷᠤᠢ ᠲᠠᠢ ᠰᠠᠶᠢᠳᠤᠷ ᠬᠤᠯᠢᠠᠠᠰᠠᠨ ᠤ ᠰᠡᠭᠦᠯᠡᠷ ᠪᠦᠷᠭᠦᠭᠦᠯ ᠢᠶᠠᠷ ᠢᠶᠠᠨ ᠪᠦᠷᠢᠨ᠎ᠠ᠃

        ︵2︶ ᠰᠠᠭᠤᠷᠢᠰᠢᠭᠤᠯᠤᠨ ᠲᠠᠷᠢᠬᠤ ᠨᠢᠠᠠᠳᠠᠴᠠ᠄ ᠰᠠᠭᠤᠷᠢᠰᠢᠭᠤᠯᠤᠨ ᠲᠠᠷᠢᠬᠤ ᠨᠢᠠᠠᠳᠠᠴᠠ ᠶᠢ ᠵᠠᠯᠭᠠᠯᠳᠠ ᠶᠢᠨ ᠪᠤᠰᠤ ᠴᠢᠭᠢ ᠠᠴᠠ 10% ᠪᠠᠷ ᠪᠠᠭᠤᠷᠠᠭᠤᠯᠵᠤ᠂ ᠲᠤᠮᠤ ᠵᠢᠵᠢᠭ ᠵᠤᠷᠠᠭ᠎ᠠ ᠪᠠᠷ ᠰᠠᠭᠤᠷᠢᠰᠢᠭᠤᠯᠤᠨ ᠲᠠᠷᠢᠵᠤ᠂ ᠲᠤᠮᠤ ᠵᠤᠷᠠᠭ᠎ᠠ ᠶᠢᠨ ᠵᠠᠢ ᠶᠢ 80cm᠂ ᠨᠠᠷᠢᠨ ᠵᠤᠷᠠᠭ᠎ᠠ ᠶᠢᠨ ᠵᠠᠢ ᠶᠢ 50cm ᠪᠠᠶᠢᠯᠭᠠᠵᠤ᠂ ᠮᠤ᠋ ᠪᠦᠷᠢ 2200~2500 ᠰᠠᠭᠤᠷᠢ ᠦᠯᠡᠳᠡᠭᠡᠨ᠎ᠡ᠃ ᠰᠠᠭᠤᠷᠢᠰᠢᠭᠤᠯᠤᠨ ᠲᠠᠷᠢᠬᠤ ᠳᠠᠭᠠᠨ ᠵᠠᠯᠭᠠᠭᠠᠰᠤ ᠶᠢ ᠭᠠᠵᠠᠷ ᠠᠴᠠ 3cm ᠦᠨᠳᠤᠷ ᠪᠠᠶᠢᠯᠭᠠᠬᠤ ᠶᠢ ᠠᠩᠬᠠᠷᠴᠤ᠂ ᠵᠠᠯᠭᠠᠪᠴᠢ ᠳᠤᠨᠢ ᠰᠢᠷᠤᠢ ᠪᠠᠷ ᠲᠠᠮᠵᠢᠵᠤ ᠭᠡᠮ ᠬᠤᠷᠤᠬᠠᠢ ᠬᠠᠯᠳᠠᠪᠤᠷᠢᠯᠡᠬᠤ ᠠᠴᠠ ᠰᠡᠷᠭᠡᠶᠢᠯᠡᠨ᠎ᠡ᠃ ᠰᠠᠭᠤᠷᠢᠰᠢᠭᠤᠯᠤᠨ ᠲᠠᠷᠢᠠᠠᠰᠠᠨ ᠤ ᠪᠠᠨ ᠰᠡᠭᠦᠯᠡᠷ ᠴᠢᠭᠢ ᠪᠠᠨ ᠰᠠᠶᠢᠳᠤᠷ ᠤᠰᠤᠯᠠᠵᠤ᠂ ᠤᠰᠤ ᠨᠢ ᠰᠢᠮᠡᠳᠦᠭᠰᠡᠨ ᠤ ᠰᠡᠭᠦᠯᠡᠷ ᠲᠠᠷᠦ᠋ᠢᠬᠠᠨ ᠰᠢᠷᠤᠢ ᠪᠠᠷ ᠪᠠᠭᠢᠯᠡᠵᠤ᠂ ᠴᠢᠭᠢᠭ ᠲᠤᠯᠠᠭᠠᠨ ᠢ ᠬᠠᠮᠠᠭᠠᠯᠠᠨ᠎ᠠ᠃ ᠰᠠᠭᠤᠷᠢᠰᠢᠭᠤᠯᠤᠨ ᠲᠠᠷᠢᠠᠠᠰᠠᠨ ᠤ ᠪᠠᠨ ᠲᠠᠷᠠᠭ᠎ᠠ ᠵᠠᠯᠭᠠᠰᠤ ᠠᠴᠠ ᠲᠤᠷᠤᠠᠠᠰᠢᠭᠢ ᠨᠠᠪᠴᠢ ᠨᠠᠭᠢᠶ᠎ᠠ ᠶᠢ ᠴᠠᠭ ᠲᠤᠬᠠᠢ ᠳᠤᠨᠢ ᠠᠷᠢᠯᠭᠠᠬᠤ ᠶᠢᠨ ᠲᠠᠭᠠᠤ ᠬᠠᠰᠢ ᠨᠢ ᠴᠡᠴᠡᠭ ᠲᠡᠯᠭᠡᠷᠡᠵᠤ ᠦᠷᠡᠯᠡᠭᠦ ᠠᠴᠠ ᠨᠢ ᠡᠮᠦᠨ᠎ᠠ ᠵᠠᠯᠭᠠᠯᠳᠠ ᠶᠢᠨ ᠬᠠᠪᠴᠢᠭᠤᠷ ᠢᠶᠠᠨ ᠰᠠᠯᠭᠠᠵᠤ ᠠᠪᠤᠨ᠎ᠠ᠃

        ︵3︶ ᠴᠢᠭᠢᠭ ᠲᠤᠯᠠᠭᠠᠨ ᠤ ᠬᠠᠮᠢᠶᠠᠷᠤᠯᠳᠠ᠄ ᠬᠠᠰᠢ ᠪᠤᠯ ᠲᠤᠯᠠᠭᠠᠨ ᠴᠢᠨᠠᠷ ᠲᠠᠢ ᠤᠷᠭᠤᠮᠠᠯ ᠮᠦᠨ᠃ ᠤᠮᠠᠷᠠᠳᠤ ᠤᠷᠤᠨ ᠳᠤ ᠡᠪᠤᠯ ᠤᠨ ᠤᠯᠠᠷᠢᠯ ᠳᠤ ᠨᠠᠷᠠᠨ ᠤ ᠭᠡᠷᠡᠯ ᠤᠨ ᠭᠦᠯᠡᠮᠵᠢᠨ ᠳᠤ ᠲᠠᠷᠢᠬᠤ ᠳᠠᠭᠠᠨ ᠭᠦᠪᠤᠩ ᠭᠦᠨᠵᠢᠯᠡ ᠪᠤᠶᠤ ᠤᠯᠠᠨ ᠲᠠᠪᠬᠤᠷ ᠴᠠᠭᠠᠰᠤᠨ ᠪᠦᠳᠡᠭᠡᠯᠭᠡ ᠪᠠᠷ ᠪᠦᠳᠡᠭᠡᠭᠦ ᠭᠡᠷᠡᠭᠳᠡᠢ᠃ 1᠂ 2 ᠳ᠋ᠤᠭᠠᠷ ᠰᠠᠷ᠎ᠠ ᠳᠤ ᠡᠳᠤᠷ ᠤᠨ ᠲᠤᠯᠠᠭᠠᠨ ᠤ ᠭᠡᠮᠵᠢᠶ᠎ᠠ ᠶᠢ ᠠᠯᠢ ᠴᠢᠳᠠᠬᠤ ᠪᠠᠷ 28℃~32℃᠂ ᠰᠦᠨᠢ ᠶᠢᠨ ᠬᠢ ᠶᠢ 15℃~20℃ ᠪᠠᠶᠢᠯᠭᠠᠵᠤ᠂ ᠦᠷᠯᠦᠭᠡ ᠡᠷᠳᠡ 13℃ ᠪᠤᠯᠳᠠᠯ᠎ᠠ ᠪᠠᠭᠤᠷᠠᠭᠤᠯᠬᠤ ᠭᠡᠷᠡᠭᠳᠡᠢ᠃ ᠦᠳᠡ ᠶᠢᠨ 12 ᠴᠠᠭ ᠠᠴᠠ 13 ᠴᠠᠭ ᠲᠤ ᠰᠠᠯᠭᠢᠨ ᠤ ᠠᠮᠠ ᠶᠢ ᠨᠡᠭᠡᠭᠡᠵᠤ᠂ ᠴᠢᠭᠢᠭ ᠢ ᠨᠢ ᠭᠠᠷᠭᠠᠨ ᠭᠡᠢ ᠠᠭᠠᠷ ᠢ ᠰᠤᠯᠢᠬᠤ ᠭᠡᠷᠡᠭᠳᠡᠢ᠃ ᠭᠠᠵᠠᠷ ᠤᠨ ᠲᠤᠯᠠᠭᠠᠨ ᠢ ᠲᠡᠭᠡᠭᠰᠢᠯᠡᠭᠦᠯᠭᠦ ᠪᠠ ᠴᠢᠭᠢᠭ ᠤᠨ ᠭᠡᠮᠵᠢᠶ᠎ᠠ ᠶᠢ ᠪᠠᠭᠤᠷᠠᠭᠤᠯᠬᠤ ᠶᠢᠨ ᠲᠤᠰᠠᠳᠠ ᠲᠠᠯᠠᠩ ᠤᠨ ᠭᠤᠤ ᠳᠠᠭᠠᠨ 5cm ᠵᠤᠵᠠᠭᠠᠨ ᠡᠪᠡᠰᠤ ᠲᠠᠪᠢᠰᠴᠤ ᠪᠤᠯᠤᠨ᠎ᠠ᠃ ᠴᠢᠩᠭ᠎ᠠ ᠭᠦᠢᠳᠡᠨ ᠠᠭᠤᠷ ᠠᠮᠢᠰᠬᠤᠯ ᠲᠤᠭᠢᠶᠠᠯᠳᠤᠪᠠᠯ᠂ ᠰᠠᠷᠠᠪᠴᠢᠨ ᠤ ᠲᠤᠯᠠᠭᠠᠨ ᠢᠶᠠᠨ ᠠᠯᠢ ᠴᠢᠳᠠᠬᠤ ᠪᠠᠷ ᠨᠡᠮᠡᠭᠳᠡᠭᠦᠯᠵᠤ᠂ ᠭᠡᠷᠡᠮ ᠢ ᠵᠤᠵᠠᠭᠠᠯᠠᠬᠤ ᠠᠷᠭ᠎ᠠ ᠪᠠᠷ ᠭᠦᠯᠡᠮᠵᠢᠨ ᠤ ᠪᠠᠨ ᠲᠤᠳᠤᠷ᠎ᠠ ᠤᠯᠠᠨ ᠲᠠᠪᠬᠤᠷ ᠴᠠᠭᠠᠰᠤᠨ ᠪᠦᠳᠡᠭᠡᠯᠭᠡ ᠨᠡᠮᠡᠪᠡᠯ ᠭᠦᠢᠳᠡᠨ ᠠᠭᠤᠷ ᠠᠮᠢᠰᠬᠤᠯ ᠤᠨ ᠨᠦᠯᠦᠭᠡ ᠶᠢ ᠪᠦᠳᠦᠮᠵᠢᠳᠡᠢ ᠪᠠᠷ ᠰᠡᠷᠭᠡᠶᠢᠯᠡᠵᠤ ᠴᠢᠳᠠᠨ᠎ᠠ᠃ ᠴᠡᠴᠡᠭ ᠲᠡᠯᠭᠡᠷᠡᠵᠤ ᠵᠢᠮᠢᠰᠯᠡᠭᠦ ᠬᠤᠭᠤᠴᠠᠭᠠᠨ ᠳᠤ ᠡᠳᠤᠷ ᠤᠨ ᠲᠤᠯᠠᠭᠠᠨ ᠤ ᠭᠡᠮᠵᠢᠶ᠎ᠠ ᠶᠢ 28℃~32℃᠂ ᠡᠮᠦᠨ᠎ᠠ ᠬᠠᠭᠠᠰ ᠰᠦᠨᠢ ᠶᠢᠨ ᠬᠢ ᠶᠢ 18℃~24℃᠂ ᠰᠡᠭᠦᠯ ᠤᠨ ᠬᠠᠭᠠᠰ ᠰᠦᠨᠢ ᠶᠢᠨ ᠬᠢ ᠶᠢ 15℃~18℃ ᠪᠠᠶᠢᠯᠭᠠᠵᠤ᠂ 3 ᠳ᠋ᠤᠭᠠᠷ ᠰᠠᠷ᠎ᠠ ᠳᠤ ᠲᠤᠯᠠᠭᠠᠨ ᠤ ᠭᠡᠮᠵᠢᠶ᠎ᠠ ᠦᠨᠳᠤᠷᠵᠢᠭᠦ ᠶᠢ ᠲᠠᠭᠠᠯᠳᠤᠭᠤᠯᠤᠨ᠂ ᠰᠠᠯᠭᠢ ᠨᠡᠪᠳᠡᠷᠡᠭᠦᠯᠭᠦ ᠠᠮᠠ ᠪᠠ ᠰᠠᠯᠭᠢ ᠨᠡᠪᠳᠡᠷᠭᠦᠯᠭᠦ ᠴᠠᠭ ᠢᠶᠠᠨ ᠢᠳᠡᠭ ᠢᠳᠡᠭ ᠢᠶᠠᠷ ᠨᠡᠮᠡᠭᠳᠡᠭᠦᠯᠭᠦ ᠭᠡᠷᠡᠭᠳᠡᠢ᠃

       ︵4︶ ᠭᠡᠷᠡᠯ ᠤᠨ ᠲᠤᠰᠤᠯᠳᠠ ᠶᠢᠨ ᠬᠠᠮᠢᠶᠠᠷᠤᠯᠳᠠ᠄ ᠬᠠᠰᠢ ᠶᠢᠨ ᠤᠷᠭᠤᠯᠳᠠ ᠨᠢ ᠭᠡᠷᠡᠯ ᠤᠨ ᠲᠤᠰᠤᠯᠳᠠ ᠳᠤ ᠮᠠᠰᠢ ᠴᠢᠩᠭ᠎ᠠ ᠱᠠᠭᠠᠷᠳᠠᠯᠭ᠎ᠠ ᠲᠠᠢ ᠪᠠᠶᠢᠳᠠᠭ᠃ ᠬᠠᠭᠢᠷ ᠡᠪᠤᠯ ᠤᠨ ᠤᠯᠠᠷᠢᠯ ᠳᠤ ᠭᠦᠯᠡᠮᠵᠢ ᠶᠢᠨ ᠢᠶᠠᠨ ᠠᠷᠤ ᠲᠤᠯᠭᠠᠭᠤᠷᠢ ᠶᠢᠨ ᠵᠡᠭᠦᠨ ᠪᠠᠷᠠᠭᠤᠨ ᠴᠢᠭᠯᠡᠯ ᠤᠨ ᠲᠠᠮᠤᠷ ᠤᠳᠠᠰᠤᠨ ᠲᠡᠭᠡᠷ᠎ᠡ ᠭᠡᠷᠡᠯ ᠤᠨ ᠤᠶᠢᠯᠳᠡ ᠶᠢᠨ ᠭᠦᠰᠢᠭᠡ ᠲᠠᠳᠠᠪᠠᠯ ᠨᠠᠷᠠᠨ ᠤ ᠭᠡᠷᠡᠯ ᠨᠢ ᠤᠶᠢᠯᠳᠡ ᠶᠢᠨ ᠭᠦᠰᠢᠭᠡᠨ ᠲᠡᠭᠡᠷ᠎ᠡ ᠲᠤᠰᠤᠠᠠᠰᠠᠨ ᠤ ᠰᠡᠭᠦᠯᠡᠷ ᠤᠷᠭᠤᠮᠠᠯ ᠪᠤᠶᠤ ᠭᠠᠵᠠᠷ ᠲᠡᠭᠡᠷ᠎ᠡ ᠤᠶᠢᠵᠦ ᠲᠤᠰᠴᠤ᠂ ᠭᠡᠷᠡᠯ ᠤᠨ ᠨᠦᠭᠦᠴᠡᠯ ᠢ ᠰᠠᠶᠢᠵᠢᠷᠠᠭᠤᠯᠵᠤ᠂ ᠭᠡᠷᠡᠯ ᠤᠨ ᠲᠤᠰᠤᠯᠳᠠ ᠶᠢ ᠨᠡᠮᠡᠭᠳᠡᠭᠦᠯᠵᠤ᠂ ᠭᠠᠵᠠᠷ ᠤᠨ ᠲᠤᠯᠠᠭᠠᠨ ᠢ ᠲᠡᠭᠡᠭᠰᠢᠯᠡᠭᠦᠯᠭᠦ ᠦᠢᠯᠡᠳᠦᠯ ᠦᠵᠡᠭᠦᠯᠵᠤ ᠲᠠᠶᠢᠯᠦᠨ᠎ᠠ᠃ ᠡᠭᠦᠨ ᠠᠴᠠ ᠭᠠᠳᠠᠨ᠎ᠠ ᠪᠠᠰᠠ ᠪᠦᠷᠭᠦᠭᠦᠯ ᠤᠨ ᠢᠶᠠᠨ ᠦᠡᠭᠭᠡᠨ ᠲᠠᠯ᠎ᠠ ᠶᠢᠨ ᠭᠭᠢᠷ ᠲᠤᠭᠤᠰᠤ ᠶᠢ ᠦᠷᠭᠦᠯᠵᠢ ᠴᠡᠪᠡᠷᠯᠡᠨ ᠠᠷᠢᠯᠭᠠᠵᠤ᠂ ᠭᠡᠷᠡᠯ ᠤᠨ ᠨᠡᠪᠳᠡᠷᠡᠯᠳᠡ ᠶᠢ ᠨᠡᠮᠡᠭᠳᠡᠭᠦᠯᠭᠦ ᠭᠡᠷᠡᠭᠳᠡᠢ᠃ ᠪᠠᠰᠠ ᠪᠦᠷᠭᠦᠭᠦᠯ ᠢᠶᠠᠨ ᠡᠷᠳᠡ ᠨᠡᠬᠡᠬᠡᠵᠦ᠂ ᠤᠷᠤᠢ ᠪᠦᠳᠡᠭᠡᠨ᠂ ᠭᠡᠷᠡᠯ ᠤᠨ ᠲᠤᠰᠤᠯᠳᠠ ᠶᠢᠨ ᠴᠠᠭ ᠢ ᠤᠷᠳᠤᠳᠬᠠᠬᠤ ᠪᠠ ᠪᠦᠷᠭᠦᠭ ᠴᠠᠰᠤ ᠲᠠᠢ ᠡᠳᠤᠷ ᠭᠦᠯᠡᠮᠵᠢᠨ ᠳᠡᠭᠡᠨ ᠭᠡᠷᠡᠯᠳᠦᠭᠦᠯᠭᠡ ᠶᠢᠨ ᠪᠡᠯᠡᠳᠭᠡᠮᠵᠢ ᠲᠤᠭᠢᠷᠠᠭᠤᠯᠬᠤ ᠭᠡᠷᠡᠭᠳᠡᠢ᠃

        ︵5︶ ᠤᠰᠤ ᠪᠤᠷᠳᠤᠭᠤᠷ ᠤᠨ ᠬᠠᠮᠢᠶᠠᠷᠤᠯᠳᠠ᠄ ᠰᠠᠭᠤᠷᠢᠰᠢᠭᠤᠯᠤᠨ ᠲᠠᠷᠢᠵᠤ ᠴᠢᠭᠢᠯᠡᠯᠳᠡ ᠶᠢᠨ ᠤᠰᠤᠯᠠᠯᠳᠠ ᠭᠢᠭᠰᠡᠨ ᠠᠴᠠ ᠬᠤᠶᠢᠰᠢ ᠬᠠᠰᠢ ᠭᠠᠷᠬᠤ ᠭᠦᠷᠳᠡᠯ᠎ᠠ ᠤᠰᠤᠯᠠᠬᠤ ᠭᠡᠷᠡᠭᠳᠡᠢ᠃ ᠤᠰᠤᠯᠠᠯᠳᠠ ᠲᠠᠢ ᠤᠶᠠᠯᠳᠤᠭᠤᠯᠤᠨ ᠤᠳᠠᠭ᠎ᠠ ᠪᠤᠯᠭᠠᠨ ᠮᠤ᠋ ᠪᠦᠷᠢ 15~20kg ᠰᠢᠭᠡᠰᠦᠯᠢᠭ ᠡᠳ᠋ ᠪᠤᠶᠤ ᠬᠤᠶᠠᠷᠴᠢ ᠠᠮᠮᠤᠨᠢ᠂ 10kg ᠭᠦᠭᠦᠷ ᠭᠦᠴᠢᠯ ᠤᠨ ᠺᠠᠯᠢ ᠨᠦᠭᠦᠨ ᠤᠷᠤᠭᠤᠯᠵᠤ᠂ 12 ᠳ᠋ᠤᠭᠠᠷ ᠰᠠᠷ᠎ᠠ ᠳᠤ ᠵᠢᠮᠢᠰᠯᠡᠭᠦ ᠬᠤᠭᠤᠴᠠᠭᠠᠨ ᠳᠤ 7~10 ᠡᠳᠤᠷ ᠲᠤ ᠨᠢᠭᠡ ᠤᠳᠠᠭ᠎ᠠ ᠤᠰᠤᠯᠠᠵᠤ᠂ 2 ᠳ᠋ᠤᠭᠠᠷ ᠰᠠᠷ᠎ᠠ ᠠᠴᠠ ᠬᠤᠶᠢᠰᠢ 4~6 ᠡᠳᠤᠷ ᠪᠦᠷᠢ ᠨᠢᠭᠡ ᠤᠳᠠᠭ᠎ᠠ ᠤᠰᠤᠯᠠᠬᠤ ᠶᠢᠨ ᠲᠠᠭᠠᠤ ᠪᠤᠷᠳᠤᠭᠤᠷ ᠤᠷᠤᠭᠤᠯᠬᠤ ᠭᠡᠷᠡᠭᠳᠡᠢ᠃ ᠵᠢᠮᠢᠰᠯᠡᠭᠦ ᠬᠤᠭᠤᠴᠠᠭᠠᠨ ᠳᠤᠨᠢ ᠨᠡᠭᠦᠷᠡᠰᠦᠳᠦ᠋ᠷᠦᠭᠴᠢ ᠶᠢᠨ ᠲᠠᠪᠬᠤᠷ ᠢᠰᠦᠯ ᠤᠨ ᠭᠡᠶᠢᠳᠤ ᠪᠤᠷᠳᠤᠭᠤᠷ ᠨᠡᠮᠡᠨ ᠤᠷᠤᠭᠤᠯᠵᠤ᠂ ᠤᠨᠠᠯᠳᠠ ᠶᠢ ᠨᠢ ᠨᠡᠮᠡᠭᠳᠡᠭᠦᠯᠭᠦ ᠭᠡᠷᠡᠭᠳᠡᠢ᠃ ᠪᠤᠷᠳᠤᠭᠤᠷ ᠨᠡᠮᠡᠵᠤ ᠤᠷᠤᠭᠤᠯᠬᠤ ᠶᠢᠨ ᠲᠦᠭᠦᠮ ᠠᠷᠭ᠎ᠠ ᠭᠡᠪᠡᠯ ① ᠲᠡᠭᠦᠵᠢᠯᠡᠭᠦᠷ ᠤᠭᠤᠳᠠᠳᠤ ᠨᠡᠭᠦᠷᠡᠰᠦᠳᠦ᠋ᠷᠦᠭᠴᠢ ᠶᠢᠨ ᠲᠠᠪᠬᠤᠷ ᠢᠰᠦᠯ ᠤᠨ ᠭᠡᠶᠢᠳᠤ ᠪᠤᠷᠳᠤᠭᠤᠷ ᠢ ᠤᠷᠤᠭᠤᠯᠬᠤ ᠳᠤ ᠶᠠᠮᠠᠷᠪᠡ ᠤᠰᠤ᠂ ᠴᠠᠭᠢᠯᠭᠠᠨ ᠤ ᠭᠠᠳᠠᠭᠠᠳᠤ ᠨᠦᠭᠦᠴᠡᠯ ᠢ ᠭᠡᠷᠡᠭᠰᠡᠭᠦ ᠦᠭᠡᠢ᠂ ᠵᠦᠪᠭᠡᠨ ᠭᠡᠶᠢᠳᠤ ᠪᠤᠷᠳᠤᠭᠤᠷ ᠢᠶᠠᠨ ᠤᠷᠭᠤᠮᠠᠯ ᠠᠴᠠ 50cm ᠦᠨᠳᠤᠷ ᠲᠤ ᠲᠡᠭᠦᠵᠢᠯᠡᠨ ᠲᠠᠯᠪᠢᠵᠤ᠂ ᠮᠤ᠋ ᠪᠦᠷᠢ ᠵᠢᠭᠳᠡ ᠳᠤᠨᠢ 20 ᠤᠭᠤᠳᠠ ᠲᠡᠭᠦᠵᠢᠯᠡᠪᠡᠯ᠂ ᠡᠳᠤᠷ ᠲᠡᠭᠡᠨ ᠨᠠᠷᠠᠨ ᠤ ᠭᠡᠷᠡᠯ ᠤᠨ ᠲᠤᠰᠤᠯᠳᠠ ᠲᠤᠤᠷ᠎ᠠ᠂ ᠠᠶᠠᠠᠳᠠᠭᠠᠨ ᠨᠡᠭᠦᠷᠡᠰᠦᠳᠦ᠋ᠷᠦᠭᠴᠢ ᠶᠢᠨ ᠲᠠᠪᠬᠤᠷ ᠢᠰᠦᠯ ᠤᠨ ᠭᠡᠢ ᠪᠠᠶᠡᠳᠤ ᠪᠤᠯᠵᠤ᠂ ᠤᠷᠤᠢ ᠨᠠᠷᠠᠨ ᠤ ᠭᠡᠷᠡᠯ ᠦᠭᠡᠢ ᠪᠤᠯᠪᠠᠯ ᠭᠡᠢ ᠪᠡᠶᠡᠳᠤ ᠨᠢ ᠦᠭᠡᠢ ᠪᠤᠯᠵᠤ᠂ ᠰᠠᠷ᠎ᠠ ᠤᠷᠴᠢᠮ ᠦᠷᠭᠦᠯᠵᠢᠯᠡᠨ ᠭᠡᠷᠡᠭᠯᠡᠵᠤ ᠪᠤᠯᠤᠨ᠎ᠠ᠃ ᠲᠠᠷᠠ ᠨᠢ ᠦᠪᠠᠷ ᠤᠨ ᠦᠷᠳᠡᠭ ᠲᠤᠤᠷ᠎ᠠ᠂ ᠠᠵᠢᠯᠯᠠᠬᠤ ᠳᠤ ᠠᠮᠠᠷᠬᠠᠨ᠂ ᠠᠶᠤᠯ ᠦᠬᠡᠢ ᠪᠦᠭᠡᠳ ᠲᠦᠭᠦᠮ᠂ ᠭᠡᠮᠳᠤᠯ ᠢ ᠰᠡᠷᠭᠡᠶᠢᠯᠡᠵᠤ ᠡᠰᠡᠷᠭᠦᠴᠡᠭᠦ ᠨᠢ ᠰᠠᠶᠢᠨ᠂ ᠬᠤᠷᠢᠶᠠᠯᠳᠠ ᠶᠢ ᠨᠡᠮᠡᠭᠳᠡᠭᠦᠯᠳᠡᠭ ᠪᠠ ᠲᠠᠷᠢᠮᠠᠯ ᠳᠤ ᠶᠠᠮᠠᠷ ᠴᠤ ᠬᠤᠤᠷ ᠭᠦᠨᠦᠭᠡᠯ ᠦᠭᠡᠢ ᠪᠦᠭᠡᠳ ᠤᠷᠴᠢᠨ ᠲᠤᠭᠤᠷᠢᠨ ᠳᠤ ᠴᠤ ᠪᠤᠭᠢᠷᠳᠤᠯ ᠪᠤᠯᠳᠠᠭ ᠦᠭᠡᠢ᠃ ② ᠨᠠᠮᠤᠭ ᠤᠨ ᠭᠡᠢ ᠲᠠᠢ ᠭᠠᠵᠠᠷ ᠤᠷᠤᠨ ᠪᠤᠯ ᠭᠦᠯᠡᠮᠵᠢᠨ ᠲᠤᠳᠤᠷ᠎ᠡ ᠪᠠᠨ ᠨᠠᠮᠤᠭ ᠤᠨ ᠭᠡᠢ ᠶᠢᠨ ᠳ᠋ᠧᠩ ᠠᠰᠠᠭᠠᠵᠤ᠂ ᠨᠡᠭᠦᠷᠡᠰᠦᠳᠦ᠋ᠷᠦᠭᠴᠢ ᠶᠢᠨ ᠲᠠᠪᠬᠤᠷ ᠢᠰᠦᠯ ᠤᠨ ᠭᠡᠢ ᠪᠡᠶᠡᠳᠤ ᠶᠢ ᠪᠤᠢ ᠪᠤᠯᠭᠠᠵᠤ᠂ ᠭᠦᠯᠡᠮᠵᠢᠨ ᠤ ᠨᠡᠭᠦᠷᠡᠰᠦᠳᠦ᠋ᠷᠦᠭᠴᠢ ᠶᠢᠨ ᠲᠠᠪᠬᠤᠷ ᠢᠰᠦᠯ ᠤᠨ ᠦᠳᠭᠡᠴᠡ ᠶᠢ ᠨᠡᠮᠡᠭᠳᠡᠭᠦᠯᠵᠤ᠂ ᠤᠷᠭᠤᠮᠠᠯ ᠤᠨ ᠭᠡᠷᠡᠯ ᠤᠨ ᠨᠡᠶᠢᠯᠡᠯᠭᠡ ᠶᠢᠨ ᠦᠷ᠎ᠡ ᠪᠦᠳᠦᠭᠡᠯ ᠢ ᠲᠡᠭᠡᠭᠰᠢᠯᠡᠭᠦᠯᠭᠦ ᠪᠠᠷ ᠲᠠᠮᠵᠢᠭᠤᠯᠤᠨ ᠬᠤᠷᠢᠶᠠᠯᠳᠠ ᠶᠢ ᠨᠡᠮᠡᠭᠳᠡᠭᠦᠯᠵᠤ ᠪᠤᠯᠤᠨ᠎ᠠ᠃

       ︵6︶ ᠴᠡᠴᠡᠭ ᠨᠢ ᠵᠤᠯᠭᠠᠷᠠᠬᠤ ᠶᠢ ᠰᠡᠷᠭᠡᠶᠢᠯᠡᠭᠦ᠄ ᠴᠡᠴᠡᠭ ᠲᠡᠯᠭᠡᠷᠡᠭᠡᠳ 1~2 ᠡᠳᠤᠷ ᠤᠨ ᠲᠤᠳᠤᠷ᠎ᠠ᠂ ᠬᠠᠰᠢ ᠶᠢᠨ ᠡᠯᠪᠡᠭ ᠬᠤᠷᠢᠶᠠᠯᠳᠠ ᠶᠢᠨ 2 ᠨᠤᠮᠧᠷᠳᠤ ᠵᠠᠨ ᠬᠤᠸᠠ ︵沾花︶ ᠡᠮ ᠢ ᠭᠡᠷᠡᠭᠯᠡᠭᠦ ᠭᠡᠷᠡᠭᠳᠡᠢ᠃ ᠪᠠᠰᠨ ᠭᠦᠭᠡᠴᠤ ᠭᠡᠮ ᠢ ᠰᠡᠷᠭᠡᠶᠢᠯᠡᠭᠦ ᠶᠢᠨ ᠲᠤᠰᠠᠳᠠ᠂ ᠵᠠᠨ ᠬᠤᠸᠠ ︵沾花︶ ᠡᠮ ᠳᠤ 0.1% ᠶᠢᠨ ᠰᠦ᠋ ᠺᠧ ᠯᠢᠩ ︵苏克灵︶ ᠲᠠᠷᠢᠶᠠᠨ ᠡᠮ ᠢ ᠨᠡᠮᠡᠨ ᠭᠡᠷᠡᠭᠯᠡᠭᠦ ᠭᠡᠷᠡᠭᠳᠡᠢ᠃

         ︵7︶ ᠰᠠᠯᠠᠭ᠎ᠠ ᠨᠠᠮᠠᠭ᠎ᠠ ᠶᠢ ᠨᠢ ᠵᠠᠰᠠᠬᠤ᠄ ᠭᠤᠤᠯ ᠬᠠᠰᠢ ᠠᠴᠠ ᠲᠤᠷᠤᠠᠠᠰᠢᠭᠢ ᠰᠠᠯᠠᠭ᠎ᠠ ᠪᠠ ᠭᠠᠵᠠᠷ ᠲᠠᠢ ᠨᠠᠭᠠᠯᠳᠤᠠᠠᠰᠠᠨ ᠭᠦᠭᠰᠢᠨ ᠨᠠᠪᠴᠢ ᠶᠢ ᠪᠦᠭᠦᠨ ᠢ ᠠᠪᠴᠤ ᠬᠠᠶᠠᠬᠤ ᠭᠡᠷᠡᠭᠳᠡᠢ᠃ ᠵᠠᠯᠭᠠᠳᠠᠰᠤᠨ ᠲᠡᠭᠡᠷᠡᠭᠢ ᠰᠠᠯᠠᠭ᠎ᠠ ᠶᠢ ᠴᠠᠭ ᠲᠠᠷᠤᠢ ᠳᠤᠨᠢ ᠠᠪᠴᠤ ᠬᠠᠶᠠᠬᠤ ᠭᠡᠷᠡᠭᠳᠡᠢ᠃ ᠰᠡᠭᠦᠯᠴᠢ ᠶᠢᠨ ᠬᠤᠭᠤᠴᠠᠭᠠᠨ ᠳᠤ ᠤᠳᠠᠰᠤ ᠪᠠᠷ ᠵᠠᠯ᠎ᠠ ᠶᠢ ᠨᠢ ᠲᠡᠭᠦᠵᠢᠯᠡᠵᠤ᠂ ᠨᠠᠯᠡᠵᠤ ᠤᠨᠠᠬᠤ ᠠᠴᠠ ᠰᠡᠷᠭᠡᠶᠢᠯᠡᠭᠦ ᠭᠡᠷᠡᠭᠳᠡᠢ᠃

       8. ᠬᠠᠰᠢ ᠶᠢᠨ ᠭᠡᠮ ᠬᠤᠷᠤᠬᠠᠢ ᠶᠢᠨ ᠭᠦᠨᠦᠭᠡᠯ ᠢ ᠭᠡᠷᠭᠢᠨ ᠰᠡᠷᠭᠡᠶᠢᠯᠡᠨ ᠵᠠᠰᠠᠬᠤ ᠪᠤᠢ︖

       ᠹᠢᠽᠢᠺ ᠤᠨ ᠠᠷᠭ᠎ᠠ᠄ ᠲᠠᠷᠢᠶᠠᠯᠠᠩ ᠤᠨ ᠠᠷᠭ᠎ᠠ᠂ ᠭᠢᠮᠢ ᠶᠢᠨ ᠠᠷᠭ᠎ᠠ ᠶᠢ ᠭᠡᠷᠡᠭᠯᠡᠨ᠂ ᠴᠠᠭᠠᠨ ᠲᠤᠭᠤᠰᠤᠳᠤ ᠪᠦᠭᠡᠰᠤ᠂ ᠪᠠᠭᠠᠷᠠᠩ ᠬᠤᠷᠤᠬᠠᠢ᠂ ᠠᠮᠧᠷᠢᠺᠠ ᠲᠢᠪ ᠤᠨ ᠲᠤᠯᠪᠤᠳᠤ ᠢᠯᠠᠭ᠎ᠠ ᠶᠢᠨ ᠨᠢᠠᠠᠳᠠᠴᠠ ᠶᠢ ᠪᠠᠭᠤᠷᠠᠭᠤᠯᠵᠤ᠂ ᠭᠢᠮᠢ ᠶᠢᠨ ᠠᠷᠭ᠎ᠠ ᠪᠠᠷ ᠴᠠᠢ ᠶᠢᠨ ᠰᠢᠷ᠎ᠠ ᠬᠠᠴᠢᠭ ᠤᠨ ᠭᠦᠨᠦᠭᠡᠯ ᠢ ᠭᠢᠵᠠᠭᠠᠷᠯᠠᠨ᠎ᠠ᠃

       ︵1︶ ᠴᠠᠭᠠᠨ ᠲᠤᠭᠤᠰᠤᠳᠤ ᠪᠦᠭᠡᠰᠤ ᠶᠢ ᠰᠡᠷᠭᠡᠶᠢᠯᠡᠭᠦ ᠠᠷᠭ᠎ᠠ᠄ ᠡᠮ ᠢᠶᠠᠷ ᠰᠡᠷᠭᠡᠶᠢᠯᠡᠨ ᠵᠠᠰᠠᠬᠤ ᠳᠤ᠂ 2000 ᠲᠠᠭᠢᠨ ᠵᠢᠤᠢ ᠮᠡ ︵菊马︶ ᠲᠤᠰᠤᠨ ᠡᠮ᠂ ᠯᠤ᠋ ᠴᠢᠩ ᠰᠢᠨ ︵氯氰锌︶ ᠲᠤᠰᠤᠨ ᠡᠮ᠂ ᠮᠢᠶᠧ ᠰᠤᠤ ᠯᠢ ︵灭扫利︶᠂ ᠭᠦᠩ ᠹᠦ᠋ ᠵᠢᠤᠢ ᡁᠢ ︵功夫菊酯︶ ᠪᠤᠯᠤᠨ ᠲᠢᠶᠠᠨ ᠸᠠᠩ ᠰᠢᠩ ︵天王星︶ ᠵᠡᠷᠭᠡ ᠡᠮ ᠢ ᠨᠠᠪᠴᠢᠨ ᠲᠡᠭᠡᠷ᠎ᠡ ᠨᠢ ᠰᠦᠷᠴᠢᠨ᠎ᠠ᠃

       ᠪᠢᠤᠯᠤᠭᠢ ᠤᠨ ᠠᠷᠭ᠎ᠠ ᠪᠠᠷ ᠵᠠᠰᠠᠬᠤ ᠳᠤ ᠭᠦᠯᠡᠮᠵᠢᠨ ᠳᠡᠭᠡᠨ ᠵᠢᠵᠢᠭ ᠵᠦᠭᠡᠢ ᠲᠠᠯᠪᠢᠵᠤ ᠰᠡᠷᠭᠡᠶᠢᠯᠡᠨ᠎ᠡ᠃

        ᠹᠢᠽᠢᠺ ᠤᠨ ᠠᠷᠭ᠎ᠠ ᠪᠠᠷ ᠵᠠᠰᠠᠬᠤ ᠳᠤ ᠪᠡᠶᠡᠯᠡᠭᠰᠡᠨ ᠬᠤᠷᠤᠬᠠᠢ ᠨᠢ ᠰᠢᠷ᠎ᠠ ᠦᠡᠭᠭᠡ ᠳᠤ ᠶᠡᠭᠡᠳᠡ ᠨᠠᠭᠠᠯᠳᠤᠮᠠᠬᠠᠢ ᠪᠠᠶᠢᠳᠠᠭ ᠲᠤᠯᠠ ᠰᠢᠷ᠎ᠠ ᠬᠠᠪᠳᠠᠰᠤ ᠪᠠᠷ ᠦᠳᠦᠭᠡᠨ ᠪᠠᠷᠢᠬᠤ ᠪᠠ ᠨᠠᠭᠠᠯᠳᠤᠮᠠᠬᠠᠢ ᠴᠠᠪᠠᠤ ᠪᠠᠷ ᠤᠰᠠᠳᠬᠠᠵᠤ ᠪᠤᠯᠤᠨ᠎ᠠ᠃

         ︵2︶ ᠪᠠᠭᠠᠷᠠᠩ ᠬᠤᠷᠤᠬᠠᠢ ᠶᠢ ᠰᠡᠷᠭᠡᠶᠢᠯᠡᠨ ᠵᠠᠰᠠᠬᠤ ᠠᠷᠭ᠎ᠠ᠄

        ᠹᠢᠽᠢᠺ ᠤᠨ ᠠᠷᠭ᠎ᠠ ᠪᠠᠷ ᠰᠡᠷᠭᠡᠶᠢᠯᠡᠨ ᠵᠠᠰᠠᠬᠤ ᠳᠤ ① ᠪᠠᠭᠠᠷᠠᠩ ᠬᠤᠷᠤᠬᠠᠢ ᠨᠢ ᠰᠢᠷ᠎ᠡ ᠦᠡᠭᠭᠡ ᠳᠤ ᠮᠠᠰᠢ ᠨᠠᠭᠠᠯᠳᠤᠮᠠᠬᠠᠢ ᠪᠠᠶᠢᠳᠠᠭ ᠦᠨᠳᠦᠰᠦᠯᠡᠯ ᠢ ᠠᠰᠢᠠᠠᠯᠠᠨ᠂ ᠰᠠᠭᠤᠷᠢ ᠶᠢᠨ ᠬᠤᠭᠤᠷᠤᠨᠳᠤ ᠤᠳᠠᠰᠤ ᠲᠠᠳᠠᠨ ᠰᠢᠷ᠎ᠠ ᠬᠠᠪᠳᠠᠰᠤ ᠡᠯᠭᠦᠨ᠂ ᠲᠡᠭᠡᠷ᠎ᠡ ᠨᠢ ᠮᠠᠰᠢᠨ ᠤ ᠲᠤᠰᠤ ᠪᠤᠶᠤ ᠪᠤᠰᠤᠳ ᠵᠦᠢᠯ ᠤᠨ ᠨᠠᠭᠠᠯᠳᠤᠮᠠᠬᠠᠢ ᠡᠳ᠋ ᠲᠦᠷᠭᠢᠨ᠂ ᠪᠠᠭᠠᠷᠠᠩ ᠬᠤᠷᠤᠬᠠᠢ ᠶᠢ ᠤᠰᠠᠳᠬᠠᠨ᠎ᠠ᠃ ② ᠪᠠᠭᠠᠷᠠᠩ ᠬᠤᠷᠤᠬᠠᠢ ᠨᠢ ᠦᠨᠡᠭᠡᠨ ᠰᠠᠷᠠᠯ ᠦᠡᠭᠭᠡᠨ ᠳᠤ ᠭᠤᠯᠤᠮᠠᠳᠠᠭᠠᠢ ᠪᠠᠶᠢᠳᠠᠭ ᠦᠨᠳᠦᠰᠦᠯᠡᠯ ᠢ ᠠᠰᠢᠠᠠᠯᠠᠨ ᠦᠨᠡᠰᠤᠨ ᠰᠠᠷᠠᠯ ᠭᠡᠷᠡᠯ ᠬᠠᠯᠬᠠᠯᠠᠬᠤ ᠲᠤᠤᠷ ᠪᠡ ᠬᠤᠷᠤᠬᠠᠢ ᠰᠡᠷᠭᠡᠶᠢᠯᠡᠭᠦ ᠲᠤᠤᠷ ᠲᠠᠳᠠᠵᠤ ᠰᠡᠷᠭᠡᠶᠢᠯᠡᠨ᠎ᠡ᠃

        ᠡᠮ ᠢᠶᠠᠷ ᠰᠡᠷᠭᠡᠶᠢᠯᠡᠨ ᠵᠠᠰᠠᠬᠤ ᠳᠤ 50% ᠶᠢᠨ ᠺᠠᠩ ᠶᠠ ᠸᠧᠢ ︵抗蚜威︶ ᠡᠮ ᠤᠨ 2000 ᠲᠠᠭᠢᠨ ᠤ ᠰᠢᠩᠭᠡᠨ ᠪᠤᠶᠤ 50% ᠶᠢᠨ ᠰᠢᠦ ᠴᠢᠩ ᠵᠢᠤᠢ ᡁᠢ ︵溴氰菊酯︶ ᠡᠮ ᠤᠨ 3000 ᠲᠠᠭᠢᠨ ᠤ ᠰᠢᠩᠭᠡᠨ ᠢ ᠨᠠᠪᠴᠢᠨ ᠲᠡᠭᠡᠷ᠎ᠡ ᠨᠢ ᠰᠦᠷᠴᠢᠨ᠎ᠠ᠃

        ︵3︶ ᠠᠮᠧᠷᠢᠺᠠ ᠲᠢᠪ ᠤᠨ ᠲᠤᠯᠪᠤᠳᠤ ᠢᠯᠠᠭ᠎ᠠ ᠶᠢ ᠰᠡᠷᠭᠡᠶᠢᠯᠡᠨ ᠵᠠᠰᠠᠬᠤ ᠠᠷᠭ᠎ᠠ᠄

        ① ᠴᠢᠩᠭ᠎ᠠ ᠭᠢᠵᠢᠭ ᠤᠨ ᠪᠠᠶᠢᠴᠠᠭᠠᠯᠳᠠ ᠭᠢᠵᠤ ᠲᠤᠰ ᠬᠤᠷᠤᠬᠠᠢ ᠶᠢᠨ ᠦᠷᠭᠡᠵᠢᠨ ᠲᠡᠯᠭᠡᠷᠡᠭᠦ ᠶᠢ ᠰᠡᠷᠭᠡᠶᠢᠯᠡᠨ᠎ᠡ᠃ ② ᠲᠠᠷᠢᠶᠠᠯᠠᠩ ᠤᠨ ᠰᠡᠷᠭᠡᠶᠢᠯᠡᠨ ᠵᠠᠰᠠᠬᠤ ᠠᠷᠭ᠎ᠠ ᠶᠢ ᠭᠡᠷᠡᠭᠯᠡᠨ᠂ ᠲᠤᠬᠠᠶᠢᠯᠠᠪᠠᠯ ᠡᠭᠡᠯᠵᠢᠯᠡᠨ ᠲᠠᠷᠢᠵᠤ ᠭᠤᠤᠷᠰᠤ ᠰᠤᠯᠢᠬᠤ᠂ ᠠᠯᠬᠠᠯᠠᠨ ᠲᠠᠷᠢᠬᠤ᠂ ᠲᠤᠬᠤᠵᠤ ᠲᠠᠷᠢᠬᠤ ᠵᠡᠷᠭᠡ ᠠᠷᠭ᠎ᠠ ᠶᠢ ᠭᠡᠷᠡᠭᠯᠡᠨ᠂ ᠲᠤᠯᠪᠤᠳᠤ ᠢᠯᠠᠭ᠎ᠠ ᠳᠤ ᠭᠦᠨᠦᠭᠡᠭᠳᠡᠭᠰᠡᠨ ᠲᠠᠷᠢᠮᠠᠯ ᠤᠨ ᠦᠯᠡᠳᠡᠭᠳᠡᠯ ᠢ ᠲᠦᠪᠯᠡᠷᠡᠭᠦᠯᠦᠨ ᠭᠦᠨ ᠪᠤᠯᠠᠬᠤ᠂ ᠪᠤᠷᠳᠤᠭᠤᠷ ᠪᠤᠯᠭᠠᠬᠤ ᠪᠤᠶᠤ ᠰᠢᠳᠠᠭᠠᠨ᠎ᠠ᠃ ③ ᠢᠯᠠᠭ᠎ᠠ ᠠᠯᠠᠬᠤ ᠴᠠᠭᠠᠰᠤ ᠪᠠᠷ ᠦᠳᠦᠭᠡᠨ ᠪᠠᠷᠢᠵᠤ ᠠᠯᠠᠨ᠎ᠠ᠃ ④ ᠡᠮ ᠢᠶᠠᠷ ᠰᠡᠷᠭᠡᠶᠢᠯᠡᠨ ᠵᠠᠰᠠᠬᠤ ᠳᠤ ᠭᠦᠨᠦᠭᠡᠭᠳᠡᠭᠰᠡᠨ ᠲᠠᠷᠢᠮᠡᠯ ᠤᠨ ᠨᠠᠪᠴᠢᠨ ᠳᠤ ᠲᠠᠪᠤᠨ ᠠᠪᠠᠭᠠᠯᠳᠠᠢ ᠲᠠᠢ ᠪᠤᠯᠬᠤ ᠦᠶᠡᠰ 98% ᠶᠢᠨ ᠪᠠ ᠳ᠋ᠠᠨ ︵巴丹︶ ᠨᠤᠠᠳᠠᠭ ᠡᠮ ᠤᠨ 1500~2000 ᠲᠠᠭᠢᠨ ᠪᠤᠶᠤ 1.8% ᠶᠢᠨ ᠠᠢ ᠹᠦ᠋ ᠳ᠋ᠢᠩ ︵爱福丁︶ ᠲᠤᠰᠤᠨ ᠡᠮ ᠤᠨ 3000~4000 ᠲᠠᠭᠢᠨ ᠤ ᠰᠢᠩᠭᠡᠨ᠂ 48% ᠶᠢᠨ ᠯᠧ ᠰᠧ ᠪᠧᠨ ︵乐斯本︶ ᠲᠤᠰᠤᠨ ᠡᠮ ᠤᠨ 800~1000 ᠲᠠᠭᠢᠨ ᠤ ᠰᠢᠩᠭᠡᠨ᠂ 25% ᠶᠢᠨ ᠱᠠ ᠴᠦᠩ ᠱᠤᠸᠠᠩ ᠱᠦᠢ ︵杀虫双水︶ ᠡᠮ ᠤᠨ 500 ᠲᠠᠭᠢᠨ ᠤ ᠰᠢᠩᠭᠡᠨ᠂ 98% ᠶᠢᠨ ᠱᠠ ᠴᠦᠩ ᠳ᠋ᠠᠨ ︵杀虫单︶ ᠨᠤᠨᠳᠠᠭ ᠡᠮ ᠤᠨ 800 ᠲᠠᠭᠢᠨ ᠤ ᠰᠢᠩᠭᠡᠨ᠂ 50% ᠶᠢᠨ ᠶᠢᠩ ᠽᠤ᠋ ᠵᠢᠩ ︵蝇蛆净︶ ᠡᠮ ᠤᠨ 2000 ᠲᠠᠭᠢᠨ ᠤ ᠰᠢᠩᠭᠡᠨ ᠢ ᠨᠠᠪᠴᠢᠨ ᠲᠡᠭᠡᠷ᠎ᠡ ᠨᠢ ᠰᠦᠷᠴᠢᠨ᠎ᠠ᠃

       ︵4︶ ᠴᠠᠢ ᠶᠢᠨ ᠰᠢᠷ᠎ᠠ ᠬᠠᠴᠢᠭ ᠢ ᠰᠡᠷᠭᠡᠶᠢᠯᠡᠨ ᠵᠠᠰᠠᠬᠤ ᠠᠷᠭ᠎ᠠ᠄

       ① ᠲᠠᠷᠢᠶᠠᠯᠠᠩ ᠤᠨ ᠠᠷᠭ᠎ᠠ ᠪᠠᠷ ᠰᠡᠷᠭᠡᠶᠢᠯᠡᠨ ᠵᠠᠰᠠᠬᠤ ᠳᠤ ᠨᠢᠭᠡ ᠳᠤ᠂ ᠡᠪᠤᠯᠵᠢᠭᠦ ᠬᠤᠷᠤᠬᠠᠢ ᠶᠢ ᠤᠰᠠᠳᠬᠠᠬᠤ ᠳᠤ ᠲᠠᠷᠢᠶᠠᠨ ᠵᠠᠬ᠎ᠠ ᠶᠢᠨ ᠰᠤᠯᠠ ᠡᠪᠡᠰᠤ ᠪᠠ ᠦᠯᠡᠳᠡᠭᠳᠡᠯ ᠰᠠᠯᠠᠭ᠎ᠠ ᠨᠠᠪᠴᠢ ᠶᠢ ᠲᠤᠤᠱᠳᠠᠢ ᠴᠠᠪᠡᠷᠯᠡᠨ ᠠᠷᠢᠯᠭᠠᠨ᠎ᠠ᠃ ᠬᠤᠶᠠᠷ ᠲᠤ᠂ ᠬᠤᠷᠤᠬᠠᠢ ᠦᠭᠡᠢ ᠢᠳᠡᠷᠡᠭᠦᠨ ᠴᠢᠭᠢ ᠶᠢ ᠪᠤᠶᠢᠵᠢᠭᠤᠯᠤᠨ᠎ᠠ᠃

         ② ᠡᠮ ᠢᠶᠠᠷ ᠰᠡᠷᠭᠡᠶᠢᠯᠡᠨ ᠵᠠᠰᠠᠬᠤ ᠳᠤ ᠭᠤᠤᠯ ᠨᠢ ᠤᠷᠭᠤᠮᠠᠯ ᠤᠨ ᠲᠡᠭᠡᠳᠤ ᠭᠡᠰᠡᠭ ᠤᠨ ᠨᠢᠯᠬ᠎ᠠ ᠨᠠᠪᠴᠢ᠂ ᠨᠢᠯᠬ᠎ᠠ ᠡᠰᠢ᠂ ᠴᠡᠴᠡᠭ ᠤᠨ ᠪᠠᠭ ᠪᠠ ᠨᠢᠯᠬ᠎ᠠ ᠵᠢᠮᠢᠰ ᠲᠤ ᠡᠮ ᠰᠦᠷᠴᠢᠭᠦ ᠪᠡ ᠡᠮ ᠢᠶᠠᠨ ᠰᠤᠯᠢᠵᠤ ᠭᠡᠷᠡᠭᠯᠡᠨ᠎ᠡ᠃ ᠡᠭᠦᠨ ᠳᠤ 35% ᠶᠢᠨ ᠱᠠ ᠮᠠᠨ ᠲᠧ ︵杀螨特︶ ᠲᠤᠰᠤᠨ ᠡᠮ ᠤᠨ 1000 ᠲᠠᠭᠢᠨ ᠤ ᠰᠢᠩᠭᠡᠨ ᠢᠶᠠᠷ ᠰᠦᠷᠴᠢᠨ ᠰᠡᠷᠭᠡᠶᠢᠯᠡᠨ᠎ᠡ᠃ ᠡᠰᠡᠭᠦᠯ᠎ᠠ 5% ᠶᠢᠨ ᠨᠢ ᠰᠦᠸᠧ ᠯᠠᠩ ︵尼索朗︶ ᠲᠤᠰᠤᠨ ᠡᠮ ᠤᠨ 2000 ᠲᠠᠭᠢᠨ ᠤ ᠰᠢᠩᠭᠡᠨ ᠢᠶᠠᠷ ᠰᠦᠷᠴᠢᠨ ᠰᠡᠷᠭᠡᠶᠢᠯᠡᠨ᠎ᠡ᠃ ᠡᠰᠡᠭᠦᠯ᠎ᠡ 5% ᠶᠢᠨ ᠺᠠᠠ ᠰᠧ ᠺᠧ ︵卡死克︶ ᠡᠮ ᠤᠨ 1000~1500 ᠲᠠᠭᠢᠨ ᠤ ᠰᠢᠩᠭᠡᠨ ᠢᠶᠠᠷ ᠰᠦᠷᠴᠢᠨ ᠰᠡᠷᠭᠡᠶᠢᠯᠡᠨ᠎ᠡ︔ ᠡᠰᠡᠭᠦᠯ᠎ᠡ 20% ᠶᠢᠨ ᠮᠠᠨ ᠺᠧ ︵螨克︶ ᠡᠮ ᠤᠨ 1000~1500 ᠲᠠᠭᠢᠨ ᠤ ᠰᠢᠩᠭᠡᠨ ᠢᠶᠠᠷ ᠰᠦᠷᠴᠢᠨ ᠰᠡᠷᠭᠡᠶᠢᠯᠡᠨ᠎ᠡ︔ ᠡᠰᠡᠭᠦᠯ᠎ᠡ 0.9% ᠶᠢᠨ ᠠᠢ ᠹᠦ᠋ ᠳ᠋ᠢᠩ ︵爱福丁︶ ᠲᠤᠰᠤᠨ ᠡᠮ ᠤᠨ 3500~4000 ᠲᠠᠭᠢᠨ ᠤ ᠰᠢᠩᠭᠡᠨ ᠢᠶᠠᠷ ᠰᠦᠷᠴᠢᠨ ᠰᠡᠷᠭᠡᠶᠢᠯᠡᠨ᠎ᠡ︔ ᠡᠰᠡᠭᠦᠯ᠎ᠡ ᠰᠤ᠋ ᠮᠠᠨ ᠲᠤᠩ ︵速螨酮︶ ᠪᠤᠶᠤ ᠪᠠ ᠮᠠᠨ ᠯᠢᠩ ︵霸螨灵︶ ᠡᠮ ᠢᠶᠠᠷ ᠰᠦᠷᠴᠢᠨ ᠰᠡᠷᠭᠡᠶᠢᠯᠡᠨ᠎ᠡ︔ ᠪᠠᠰᠠ ᠴᠠᠭᠠᠨ ᠲᠤᠭᠤᠰᠤᠳᠤ ᠢᠯᠠᠭ᠎ᠠ ᠶᠢ ᠰᠡᠷᠭᠡᠶᠢᠯᠡᠭᠦ ᠲᠠᠢ ᠤᠶᠠᠯᠳᠤᠭᠤᠯᠤᠨ 2.5% ᠶᠢᠨ ᠲᠢᠶᠠᠨ ᠸᠠᠩ ᠰᠢᠩ ︵天王星︶ ᠲᠤᠰᠤᠨ ᠡᠮ ᠢ ᠰᠤᠩᠭᠤᠨ ᠰᠦᠷᠴᠢᠵᠤ ᠰᠡᠷᠭᠡᠶᠢᠯᠡᠵᠤ ᠪᠤᠯᠤᠨ᠎ᠠ᠃

         9. ᠬᠠᠰᠢ ᠶᠢ ᠲᠡᠭᠦᠵᠤ ᠬᠤᠷᠢᠶᠠᠬᠤ ᠳᠤ ᠶᠠᠭᠤ ᠶᠢ ᠠᠩᠬᠠᠷᠬᠤ ᠴᠢᠬᠤᠯᠠ ᠲᠠᠢ ᠪᠤᠢ︖

         ᠬᠠᠰᠢ ᠶᠢ ᠶᠠᠷᠦᠩᠭᠡᠢ ᠳᠡᠭᠡᠨ ᠴᠡᠴᠡᠭ ᠲᠡᠯᠭᠡᠷᠡᠭᠰᠡᠨ ᠠᠴᠠ ᠬᠤᠶᠢᠰᠢ 20~25 ᠬᠤᠨᠤᠭ ᠲᠤ ᠲᠡᠭᠦᠵᠤ ᠬᠤᠷᠢᠶᠠᠵᠤ ᠪᠤᠯᠤᠨ᠎ᠠ᠃ ᠲᠦᠷᠦᠭᠦᠤ ᠬᠠᠰᠢ ᠶᠢ ᠲᠤᠭᠢᠳᠠᠶᠢᠬᠠᠨ ᠡᠷᠳᠡ ᠲᠡᠭᠦᠵᠤ᠂ ᠤᠷᠭᠤᠮᠠᠯ ᠤᠨ ᠤᠷᠭᠤᠯᠳᠠ ᠶᠢ ᠨᠦᠯᠦᠭᠡᠯᠡᠭᠦ ᠠᠴᠠ ᠰᠡᠷᠭᠡᠶᠢᠯᠡᠨ᠎ᠡ᠃ ᠬᠠᠰᠢ ᠨᠢ ᠢᠵᠢᠯᠰᠢᠭᠦ ᠦᠶ᠎ᠠ ᠳᠤ ᠡᠭᠢᠯᠡᠨ ᠲᠡᠭᠦᠵᠤ ᠬᠤᠷᠢᠶᠠᠨ᠎ᠠ᠃ ᠲᠤᠬᠠᠶᠢᠯᠠᠪᠠᠯ ᠴᠡᠴᠡᠭ ᠤᠨ ᠲᠤᠠᠠᠳᠤᠢ ᠶᠢᠨ ᠢᠯᠳᠠᠰᠤ ᠭᠢᠭᠡᠳ ᠵᠢᠮᠢᠰ ᠤᠨ ᠵᠠᠯᠭᠠᠯᠳᠤᠵᠤ ᠪᠦᠭᠦᠢ ᠭᠠᠵᠠᠷ ᠤᠨ ᠲᠤᠭᠤᠷᠢᠭ ᠪᠦᠰᠡ ᠨᠢ ᠲᠤᠳᠤ ᠦᠭᠡᠢ ᠪᠤᠯᠬᠤ ᠪᠤᠶᠤ ᠦᠭᠡᠢ ᠪᠤᠯᠪᠠᠯ ᠬᠠᠰᠢ ᠶᠢᠨ ᠵᠢᠮᠢᠰ ᠨᠢ ᠨᠢᠭᠡᠨᠳᠡ ᠤᠷᠭᠤᠬᠤ ᠪᠠᠨ ᠵᠤᠠᠠᠰᠤᠠᠠᠰᠠᠨ ᠢ ᠬᠠᠷᠠᠭᠤᠯᠵᠤ ᠪᠠᠶᠢᠬᠤ᠂ ᠡᠰᠡᠭᠦᠯ᠎ᠡ ᠬᠠᠰᠢ ᠶᠢᠨ ᠨᠢᠳᠤ ᠶᠢ ᠬᠠᠷᠠᠵᠤ᠂ ᠬᠠᠰᠢ ᠶᠢᠨ ᠨᠢᠳᠤ ᠨᠢ ᠠᠨᠢᠵᠤ ᠪᠠᠶᠢᠪᠠᠯ ᠬᠠᠰᠢ ᠶᠢᠨ ᠤᠷᠭᠤᠯᠳᠠ ᠨᠢ ᠨᠢᠭᠡᠨᠳᠡ ᠵᠤᠠᠠᠰᠤᠩᠭᠤᠶᠢᠷᠠᠵᠤ ᠪᠠᠶᠢᠬᠤ ᠶᠢ ᠬᠠᠷᠠᠭᠤᠯᠵᠤ ᠪᠠᠶᠢᠬᠤ ᠲᠤᠯᠠ ᠲᠠᠷᠦ᠋ᠢᠬᠠᠨ ᠲᠡᠭᠦᠵᠤ ᠬᠤᠷᠢᠶᠠᠨ᠎ᠠ᠃ ᠤᠷᠭᠤᠯᠳᠠ ᠨᠢ ᠪᠠᠷᠤᠠᠠᠳᠠᠢ ᠪᠤᠯ ᠡᠷᠳᠡᠭᠡᠨ ᠲᠡᠭᠦᠨ ᠬᠤᠷᠢᠶᠠᠵᠤ᠂ ᠲᠠᠨᠡᠭ ᠤᠷᠭᠤᠬᠤ ᠠᠴᠠ ᠰᠡᠷᠭᠡᠶᠢᠯᠡᠨ᠎ᠡ᠃ ᠲᠡᠭᠦᠵᠤ ᠬᠤᠷᠢᠶᠠᠬᠤ ᠳᠠᠭᠠᠨ ᠶᠠᠷᠦᠩᠭᠡᠢ ᠳᠡᠭᠡᠨ ᠦᠷᠯᠦᠭᠡ ᠡᠷᠳᠡ ᠶᠢᠨ ᠴᠠᠭ ᠢ ᠰᠤᠩᠭᠤᠵᠤ᠂ ᠦᠳᠡ ᠶᠢᠨ ᠭᠤᠤᠯ ᠬᠠᠯᠠᠭᠤᠨ ᠳᠤ ᠲᠠᠭᠦᠵᠤ ᠬᠤᠷᠢᠶᠠᠬᠤ ᠶᠢ ᠲᠠᠪᠴᠢᠨ᠎ᠠ᠃  

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ