︵ᠠᠷᠪᠠ︶ ᠦᠪᠤᠷ ᠮᠤᠩᠭᠤᠯ ᠤᠨ ᠠᠮᠳᠠᠳᠤ ᠡᠷᠳᠡᠨᠢ ᠰᠢᠰᠢ ᠶᠢ ᠲᠠᠷᠢᠵᠤ ᠤᠷᠭᠤᠭᠤᠯᠬᠤ ᠮᠡᠷᠭᠡᠵᠢᠯ
ᠨᠡᠶᠢᠲᠡᠯᠡᠭᠰᠡᠨ ᠴᠠᠭ᠄
2015/11/25

       1. ᠠᠮᠳᠠᠳᠤ ᠡᠷᠳᠡᠨᠢ ᠰᠢᠰᠢ ᠶᠢ ᠴᠢᠨᠠᠷ ᠰᠠᠶᠢᠳᠠᠢ᠂ ᠦᠨᠢᠷ ᠬᠤᠷᠢᠶᠠᠯᠳᠠ ᠲᠠᠢ ᠲᠠᠷᠢᠬᠤ ᠳᠤ
ᠶᠠᠮᠠᠷ ᠵᠠᠩᠭᠢᠯᠠᠭ᠎ᠠ ᠶᠢᠨ ᠮᠡᠷᠭᠡᠵᠢᠯ ᠢ ᠡᠵᠡᠮᠰᠢᠭᠦ ᠴᠢᠬᠤᠯᠠ ᠲᠠᠢ ᠪᠤᠢ︖

       ᠡᠩ ᠲᠠᠷᠢᠭᠦᠨ ᠳᠤ ᠰᠠᠶᠢᠨ ᠦᠷ᠎ᠠ ᠶᠢᠨ ᠰᠤᠷᠲ ᠢ ᠰᠤᠩᠭᠤᠬᠤ ᠭᠡᠷᠡᠭᠳᠡᠢ᠃ ᠡᠷᠳᠡᠨᠢ ᠰᠢᠰᠢ ᠶᠢ ᠡᠩ ᠤᠨ ᠡᠷᠳᠡᠨᠢ ᠰᠢᠰᠢ᠂ ᠭᠡᠳᠤ ᠠᠮᠳᠠᠳᠤ ᠡᠷᠳᠡᠨᠢ ᠰᠢᠰᠢ ᠪᠤᠯᠤᠨ ᠴᠢᠩᠭᠠᠳᠬᠠᠯ ᠭᠡᠯᠪᠡᠷᠢ ᠶᠢᠨ ᠠᠮᠳᠠᠳᠤ ᠡᠷᠳᠡᠨᠢ ᠰᠢᠰᠢ ᠭᠡᠵᠤ ᠭᠤᠷᠪᠡᠨ ᠲᠤᠮᠤ ᠲᠦᠷᠦᠯ ᠬᠤᠪᠢᠶᠠᠳᠠᠭ᠃ ᠡᠶᠢᠮᠤ ᠠᠴᠠ ᠠᠰᠢᠠᠠᠯᠠᠬᠤ ᠵᠤᠷᠢᠯᠭ᠎ᠠ ᠪᠠᠨ ᠦᠨᠳᠤᠰᠤᠯᠡᠨ ᠰᠤᠷᠲ ᠢ ᠰᠤᠩᠭᠤᠬᠤ ᠭᠡᠷᠡᠭᠳᠡᠢ᠃ ᠵᠢᠱᠢᠶᠡᠯᠡᠪᠡᠯ ᠨᠢᠯᠬ᠎ᠠ ᠦᠷᠡᠳᠤ ᠲᠦᠷᠦᠭᠦᠤ ᠪᠠᠷ ᠨᠢ ᠵᠠᠬ᠎ᠠ ᠲᠡᠯᠭᠡᠭᠦᠷ ᠲᠤ ᠭᠠᠷᠭᠠᠬᠤ ᠳᠤ ᠭᠡᠳᠤ ᠠᠮᠳᠠᠳᠤ ᠡᠷᠳᠡᠨᠢ ᠰᠢᠰᠢ ᠶᠢᠨ ᠰᠤᠷᠲ ᠢ ᠰᠤᠩᠭᠤᠵᠤ᠂ ᠭᠤᠸᠠᠨᠳᠤᠤ ᠭᠢᠭᠦ ᠳᠤ ᠡᠩ ᠤᠨ ᠡᠷᠳᠡᠨᠢ ᠰᠢᠰᠢ ᠶᠢᠨ ᠰᠤᠷᠲ ᠢ ᠰᠤᠩᠭᠤᠬᠤ ᠮᠡᠳᠤ ᠪᠠᠷ ᠰᠤᠩᠭᠤᠨ᠎ᠠ᠃

      2. ᠤᠮᠠᠷᠠᠳᠤ ᠤᠷᠤᠨ ᠳᠤ ᠶᠠᠮᠠᠷ ᠶᠠᠮᠠᠷ ᠠᠮᠳᠠᠳᠤ ᠡᠷᠳᠡᠨᠢ ᠰᠢᠰᠢ ᠶᠢᠨ ᠰᠤᠷᠲ ᠪᠠᠶᠢᠬᠤ ᠪᠤᠢ︖

       ᠠᠮᠳᠠᠳᠤ ᠡᠷᠳᠡᠨᠢ ᠰᠢᠰᠢ ᠶᠢᠨ ᠰᠤᠷᠲ ᠲᠤᠩ ᠤᠯᠠᠨ ᠪᠠᠶᠢᠨ᠎ᠠ᠃ ᠤᠯᠤᠰ ᠤᠨ ᠲᠤᠳᠤᠭᠠᠳᠤ ᠶᠢᠨ ᠪᠠᠶᠢᠬᠤ ᠪᠦᠭᠡᠳ ᠪᠠᠰᠠ ᠭᠠᠳᠠᠭᠠᠳᠤ ᠤᠯᠤᠰ ᠤᠨ ᠴᠤ ᠪᠠᠶᠢᠨ᠎ᠠ᠃ ᠤᠳᠤᠬᠠᠨ ᠳᠤ ᠤᠮᠠᠷᠠᠳᠤ ᠤᠷᠤᠨ ᠳᠤ ᠲᠠᠷᠢᠬᠤ ᠠᠮᠳᠠᠳᠤ ᠡᠷᠳᠡᠨᠢ ᠰᠢᠰᠢ ᠶᠢᠨ ᠰᠤᠷᠲ ᠭᠡᠪᠡᠯ ᠭᠤᠤᠯ ᠨᠢ ᠱᠧᠨ ᠨᠦᠩ ︵沈农︶ 1 ᠨᠤᠮᠧᠷᠳᠤ᠂ ᠲᠢᠶᠠᠨ ᠲᠠᠩ ︵甜单︶ 8 ᠨᠤᠮᠧᠷᠳᠤ᠂ ᠶᠢᠨ ᠰᠢᠶᠠᠨ ︵津鲜︶ 1 ᠨᠤᠮᠧᠷᠳᠤ᠂ ᠶᠢᠨ ᠰᠢᠶᠠᠨ ︵津鲜︶ 2 ᠨᠤᠮᠧᠷᠳᠤ᠂ ᠲᠢᠶᠠᠨ ᠢᠤᠢ ︵甜玉︶ 2 ᠨᠤᠮᠧᠷᠳᠤ᠂ ᠲᠢᠶᠠᠨ ᠢᠤᠢ ︵甜玉︶ 4 ᠨᠤᠮᠧᠷᠳᠤ᠂ ᠲᠢᠶᠠᠨ ᠢᠤᠢ ︵甜玉︶ 6 ᠨᠤᠮᠧᠷᠳᠤ᠂ ᠵᠦᠩ ᠲᠢᠶᠠᠨ ︵中甜︶ 2 ᠨᠤᠮᠧᠷᠳᠤ᠂ ᠺᠧ ᠲᠢᠶᠠᠨ ︵科甜︶ 110 ᠨᠤᠮᠧᠷᠳᠤ ᠵᠡᠷᠭᠡ ᠪᠤᠢ᠃

      3. ᠤᠮᠠᠷᠠᠳᠤ ᠤᠷᠤᠨ ᠤ ᠠᠮᠳᠠᠳᠤ ᠡᠷᠳᠡᠨᠢ ᠰᠢᠰᠢ ᠶᠢᠨ ᠡᠳᠡᠭᠡᠷ ᠰᠤᠷᠲ ᠤᠨ ᠤᠡᠴᠠᠯᠢᠭ
ᠪᠤᠯᠤᠨ ᠤᠨᠠᠯᠳᠠ ᠶᠢᠨ ᠴᠢᠳᠠᠪᠤᠷᠢ ᠨᠢ ᠶᠠᠮᠠᠷ ᠪᠠᠶᠢᠳᠠᠭ ᠪᠤᠢ︖

       ᠱᠧᠨ ᠨᠦᠩ 1 ᠨᠤᠮᠧᠷᠳᠤ᠄ ᠡᠨᠡ ᠪᠤᠯ ᠱᠸᠡᠶᠠᠩ ︵ᠮᠦᠭᠳᠡᠨ︶ ᠤᠨ ᠲᠠᠷᠢᠶᠠᠯᠠᠩ ᠤᠨ ᠶᠡᠭᠡ ᠰᠤᠷᠭᠠᠭᠤᠯᠢ ᠶᠢᠨ ᠡᠷᠳᠡᠨᠢ ᠰᠢᠰᠢ ᠶᠢᠨ ᠰᠤᠳᠤᠯᠤᠯ ᠤᠨ ᠭᠠᠵᠠᠷ ᠤᠨ ᠰᠤᠩᠭᠤᠨ ᠪᠤᠶᠢᠵᠢᠭᠤᠯᠤᠠᠠᠰᠠᠨ ᠡᠩ ᠤᠨ ᠠᠮᠳᠠᠳᠤ ᠡᠷᠳᠡᠨᠢ ᠰᠢᠰᠢ ᠶᠢ ᠲᠠᠩ ᠢᠶᠠᠷ ᠨᠢ ᠡᠷᠯᠢᠰᠡᠵᠢᠭᠦᠯᠦᠭᠰᠡᠨ ᠰᠤᠷᠲ ᠪᠤᠯᠤᠨ᠎ᠠ᠃ ᠲᠤᠰ ᠡᠭᠦᠯᠳᠡᠷ ᠨᠢ ᠴᠠᠭᠠᠨ ᠮᠦᠭᠦᠯᠢᠭᠳᠦ ᠡᠩ ᠤᠨ ᠠᠮᠳᠠᠳᠤ ᠡᠷᠳᠡᠨᠢ ᠰᠢᠰᠢ ᠳᠤ ᠬᠠᠷᠢᠶᠠᠯᠬᠠᠳᠠᠨ᠎ᠠ᠃ ᠲᠠᠷᠠ ᠨᠢ ᠡᠷᠳ᠋ᠨ ᠪᠤᠯᠪᠠᠰᠤᠷᠠᠳᠠᠭ᠂ ᠦᠨᠳᠤᠷ ᠬᠤᠷᠢᠶᠠᠯᠳᠠ ᠤᠯᠳᠠᠭ᠂ ᠭᠡᠮ ᠬᠤᠷᠤᠬᠠᠢ ᠶᠢ ᠡᠰᠡᠷᠭᠦᠴᠡᠵᠤ ᠲᠠᠶᠢᠯᠳᠡᠭ᠂ ᠴᠢᠨᠠᠷ ᠰᠠᠶᠢᠳᠠᠢ᠂ ᠤᠯᠠᠨ ᠭᠡᠷᠡᠭᠯᠡᠭᠦᠨ ᠲᠠᠢ ᠵᠡᠷᠭᠡ ᠤᠨᠴᠠᠯᠢᠭ ᠲᠠᠢ᠃ ᠰᠤᠶᠤᠭᠠᠯᠠᠬᠤ ᠠᠴᠠ ᠪᠠᠨ ᠠᠪᠤᠭᠠᠳ ᠰᠤᠷᠭᠤᠭ ᠲᠦᠷᠦᠭᠦᠤ ᠶᠢ ᠠᠪᠬᠤ ᠭᠦᠷᠳᠡᠯ᠎ᠠ 76 ᠬᠤᠨᠤᠭ ᠪᠤᠯᠳᠠᠭ᠃ ᠦᠷᠡᠳᠤ ᠲᠦᠷᠦᠭᠦᠤ ᠨᠢ ᠲᠦᠡᠭᠰᠡᠨ ᠭᠡᠯᠪᠡᠷᠢ ᠲᠠᠢ᠂ ᠲᠦᠷᠦᠭᠦᠤ ᠶᠢᠨ ᠤᠷᠳᠤ ᠨᠢ 17cm᠂ ᠪᠦᠳᠦᠭᠦᠨ ᠨᠢ 4.6cm᠂ ᠴᠠᠭᠠᠨ ᠮᠦᠭᠦᠯᠢᠭ ᠲᠠᠢ᠂ 12~14 ᠮᠦᠷ ᠲᠠᠢ᠂ ᠮᠦᠷ ᠪᠦᠷᠢ 35 ᠤᠷᠴᠢᠮ ᠮᠦᠭᠦᠯᠢᠭ ᠲᠠᠢ᠂ ᠲᠦᠷᠦᠭᠦᠤ ᠶᠢᠨ ᠭᠦᠨᠳᠤ ᠨᠢ 200~250g᠂ ᠶᠠᠷᠦᠩᠭᠡᠢ ᠳᠡᠭᠡᠨ ᠮᠤ᠋ ᠪᠦᠷᠢ ᠠᠴᠠ 3000 ᠠᠴᠠ ᠲᠡᠭᠡᠭᠰᠢ ᠲᠦᠷᠦᠭᠦᠤ ᠬᠤᠷᠢᠶᠠᠵᠤ᠂ ᠤᠰᠤ ᠪᠤᠷᠳᠤᠭᠤᠷ ᠤᠨ ᠨᠦᠭᠦᠴᠡᠯ ᠢᠶᠠᠷ ᠰᠠᠶᠢᠨ ᠭᠠᠵᠠᠷ ᠲᠤ ᠪᠤᠯ ᠬᠤᠤᠰ ᠲᠦᠷᠦᠭᠦᠤ ᠶᠢᠨ ᠨᠤᠷᠮ᠎ᠠ ᠨᠢ 80% ᠠᠴᠠ ᠲᠡᠭᠡᠭᠰᠢ ᠳᠤ ᠭᠦᠷᠳᠡᠭ᠃ ᠮᠤ᠋ ᠪᠦᠷᠢ ᠠᠴᠠ 2500kg ᠡᠰᠢ ᠨᠠᠪᠴᠢᠨ ᠤ ᠲᠡᠵᠢᠭᠡᠯ ᠪᠤᠷᠳᠤᠭ᠎ᠠ ᠬᠤᠷᠢᠶᠠᠬᠤ ᠶᠢᠨ ᠬᠠᠮᠳᠤ ᠪᠠᠰᠠ 4000 ᠰᠢᠷᠭᠡᠭ ᠡᠷᠳᠡᠨᠢ ᠰᠢᠰᠢ ᠶᠢᠨ ᠰᠦᠶ᠎ᠠ ᠬᠤᠷᠢᠶᠠᠨ᠎ᠠ᠃
      ᠪᠤᠯᠪᠠᠰᠤᠷᠠᠯᠳᠠ ᠶᠢᠨ ᠡᠭᠢᠨ ᠤ ᠦᠶ᠎ᠠ ᠳᠤ ᠰᠢᠭᠢᠷ ᠤᠨ ᠠᠭᠤᠯᠤᠭᠳᠠᠴᠨ ᠨᠢ 15% ᠤᠷᠴᠢᠮ᠂ ᠯᠢᠰᠢᠨ ᠠᠮᠢᠨᠤ᠋ ᠭᠦᠴᠢᠯ ᠤᠨ ᠠᠭᠤᠯᠤᠭᠳᠠᠴᠨ ᠨᠢ 0.48% ᠪᠠᠶᠢᠳᠠᠭ᠃ ᠲᠤᠰ ᠰᠤᠷᠲ ᠢ ᠪᠤᠶᠢᠵᠢᠭᠤᠯᠤᠠᠠᠰᠠᠨ ᠠᠴᠠ ᠨᠠᠰᠢ ᠯᠢᠶᠤᠤᠨᠢᠩ ᠤᠨ ᠲᠤᠮᠤ ᠲᠤᠮᠳᠠ ᠬᠤᠳᠠ ᠶᠢᠨ ᠲᠡᠭᠦᠷᠭᠡ ᠶᠡᠭᠡ ᠪᠠᠷ ᠲᠠᠷᠢᠵᠤ᠂ ᠲᠦᠷᠦᠭᠦᠤ ᠶᠢ ᠨᠢ ᠵᠠᠬ᠎ᠠ ᠲᠡᠯᠭᠡᠭᠦᠷ ᠲᠤ ᠭᠠᠷᠭᠠᠭᠠᠳ᠂ ᠭᠡᠷᠡᠭᠯᠡᠭᠴᠢᠳ ᠤᠨ ᠰᠠᠶᠢᠨ ᠦᠨᠡᠯᠡᠯᠳᠡ ᠶᠢ ᠤᠯᠵᠠᠢ᠃ ᠠᠮᠳᠠᠳᠤ ᠡᠷᠳᠡᠨᠢ ᠰᠢᠰᠢ ᠶᠢ ᠠᠮᠳᠠᠳᠤ ᠡᠷᠳᠡᠨᠢ ᠰᠢᠰᠢ ᠲᠠᠢ ᠲᠠᠪᠬᠤᠷᠳᠠᠭᠤᠯᠤᠨ ᠲᠠᠷᠢᠬᠤ ᠳᠤ ᠲᠤᠭᠢᠷᠠᠬᠤ ᠪᠠ ᠪᠤᠰᠤᠳ ᠨᠤᠭᠤᠭ᠎ᠠ ᠴᠠᠭ᠎ᠠ ᠶᠢᠨ ᠲᠠᠷᠢᠮᠠᠯ ᠲᠠᠢ ᠲᠠᠪᠬᠤᠷᠳᠠᠭᠤᠯᠤᠨ ᠲᠠᠷᠢᠵᠤ ᠪᠤᠯᠤᠨ᠎ᠠ᠃

      ᠲᠢᠶᠠᠨ ᠲᠠᠩ 8 ᠨᠤᠮᠧᠷᠳᠤ᠄ ᠲᠤᠰ ᠡᠭᠦᠯᠳᠡᠷ ᠪᠤᠯ ᠪᠡᠭᠡᠵᠢᠩ ᠤᠨ ᠲᠠᠷᠢᠶᠠᠯᠠᠩ ᠤᠨ ᠶᠡᠭᠡ ᠰᠤᠷᠭᠠᠭᠤᠯᠢ ᠶᠢᠨ 1992 ᠤᠨ ᠳᠤ ᠪᠤᠶᠢᠵᠢᠭᠤᠯᠤᠠᠠᠰᠠᠨ ᠴᠢᠩᠭᠠᠳᠬᠠᠯ ᠭᠡᠯᠪᠡᠷᠢ ᠶᠢᠨ ᠠᠮᠳᠠᠳᠤ ᠡᠷᠳᠡᠨᠢ ᠰᠢᠰᠢ ᠶᠢᠨ ᠰᠢᠨ᠎ᠠ ᠡᠭᠦᠯᠳᠡᠷ ᠪᠤᠯᠤᠨ᠎ᠠ᠃ ᠲᠠᠷᠠ ᠨᠢ ᠡᠷᠳᠡ ᠪᠤᠯᠪᠠᠰᠤᠷᠠᠯᠳᠠ ᠶᠢᠨ ᠠᠮᠳᠠᠳᠤ ᠡᠷᠳᠡᠨᠢ ᠰᠢᠰᠢ ᠳᠤ ᠬᠠᠷᠢᠶᠠᠯᠬᠠᠳᠠᠨ᠎ᠠ᠃ ᠲᠤᠭᠢᠷᠠᠯᠴᠠᠬᠤ ᠴᠢᠨᠠᠷ ᠢᠶᠠᠷ ᠰᠠᠶᠢᠨ᠂ ᠭᠡᠮ ᠬᠤᠷᠤᠬᠠᠢ ᠶᠢ ᠡᠰᠡᠷᠭᠦᠴᠡᠭᠦ ᠴᠢᠳᠠᠯ ᠲᠠᠢ᠂ ᠭᠠᠩ ᠳᠤ ᠲᠠᠰᠪᠤᠷᠢ ᠲᠠᠢ᠂ ᠦᠨᠳᠤᠷ ᠬᠤᠷᠢᠶᠠᠯᠳᠠ ᠲᠠᠢ ᠪᠠᠶᠢᠳᠠᠭ᠃ ᠪᠤᠯᠪᠠᠰᠤᠷᠠᠯᠳᠠ ᠶᠢᠨ ᠬᠤᠭᠤᠴᠠᠭ᠎ᠠ ᠨᠢ 80~90 ᠬᠤᠨᠤᠭ ᠪᠠᠶᠢᠳᠠᠭ᠃ ᠲᠤᠰ ᠡᠭᠦᠯᠳᠡᠷ ᠨᠢ ᠦᠨᠳᠤᠷ ᠢᠶᠠᠷ ᠢᠶᠠᠨ 225cm᠂ ᠲᠦᠷᠦᠭᠦᠤ ᠶᠢᠨ ᠭᠡᠰᠡᠭ ᠨᠢ 53cm᠂ 19 ᠨᠠᠪᠴᠢ ᠲᠠᠢ᠂ ᠲᠦᠷᠦᠭᠦᠤ ᠶᠢᠨ ᠤᠷᠳᠤ ᠨᠢ 20cm᠂ ᠪᠦᠳᠦᠭᠦᠨ ᠨᠢ 6cm᠂ ᠲᠦᠷᠦᠭᠦᠤ ᠨᠢ 16~18 ᠮᠦᠷ ᠲᠠᠢ᠂ ᠮᠦᠷ ᠪᠦᠷᠢ 35~40 ᠮᠦᠭᠦᠯᠢᠭ ᠲᠠᠢ᠂ ᠦᠷᠡᠳᠤ ᠲᠦᠷᠦᠭᠦᠤ ᠨᠢ ᠲᠦᠡᠭᠰᠡᠨ ᠭᠡᠯᠪᠡᠷᠢ ᠲᠠᠢ᠂ ᠮᠦᠭᠦᠯᠢᠭ ᠲᠤᠨᠢ 25.8% ᠶᠢᠨ ᠰᠢᠭᠢᠷ ᠠᠭᠤᠯᠤᠭᠳᠠᠵᠤ᠂ ᠶᠠᠷᠤ ᠶᠢᠨ ᠠᠮᠳᠠᠳᠤ ᠡᠷᠳᠡᠨᠢ ᠰᠢᠰᠢ ᠶᠢᠨ ᠬᠢ ᠠᠴᠠ ᠨᠢᠭᠡ ᠲᠠᠭᠢᠨ ᠢᠯᠡᠭᠦᠤ ᠪᠠᠶᠢᠵᠤ᠂ ᠤᠰᠤᠨ ᠳᠤ ᠠᠭᠤᠰᠬᠤ ᠰᠢᠭᠢᠷ ᠨᠢ 30% ᠠᠴᠠ ᠲᠠᠪᠠᠵᠤ᠂ ᠲᠤᠰᠤᠯᠢᠭ ᠵᠦᠢᠯ ᠪᠤᠯᠤᠨ ᠤᠭᠤᠷᠬᠠᠳᠤ ᠡᠳ᠋ ᠮᠠᠰᠢ ᠡᠯᠪᠡᠭ ᠠᠭᠤᠯᠤᠭᠳᠠᠵᠤ ᠪᠠᠶᠢᠳᠠᠭ᠃ ᠲᠤᠰ ᠰᠤᠷᠲ ᠢ ᠲᠦᠭᠦᠭᠡᠢ ᠪᠠᠷ ᠢᠳᠡᠭᠦ᠂ ᠵᠢᠩᠨᠡᠵᠤ ᠢᠳᠡᠭᠦ ᠪᠡ ᠬᠠᠭᠤᠷᠴᠤ ᠢᠳᠡᠵᠤ ᠪᠦᠷ ᠪᠤᠯᠬᠤ ᠪᠦᠭᠡᠳ ᠭᠤᠸᠠᠨᠳᠤᠤ ᠭᠢᠭᠦ ᠮᠠᠰᠢ ᠰᠠᠶᠢᠨ ᠲᠦᠭᠦᠭᠡᠢ ᠮᠠᠲ᠋ᠧᠷᠢᠶᠠᠯ ᠪᠤᠯᠤᠨ᠎ᠠ᠃ ᠲᠡᠭᠦᠨ ᠤ ᠡᠰᠢ ᠭᠤᠤᠷᠰᠤ ᠪᠠᠷ ᠰᠠᠭᠠᠯᠢ ᠶᠢᠨ ᠦᠨᠢᠶ᠎ᠠ ᠲᠡᠵᠢᠭᠡᠵᠤ ᠪᠤᠷᠳᠤᠵᠤ ᠪᠤᠯᠤᠨ᠎ᠠ᠃ ᠲᠤᠰ ᠡᠭᠦᠯᠳᠡᠷ ᠨᠢ ᠪᠠᠰᠠ ᠲᠤᠮᠤ ᠵᠢᠵᠢᠭ ᠲᠤᠯᠪᠤᠳᠤ ᠭᠡᠮ᠂ ᠡᠰᠢ ᠢᠯᠵᠠᠷᠠᠬᠤ ᠭᠡᠮ ᠢ ᠡᠰᠡᠷᠭᠦᠴᠡᠭᠦ ᠴᠢᠳᠠᠯ ᠲᠠᠢ᠂ ᠡᠷᠳᠡᠨᠢ ᠰᠢᠰᠢ ᠶᠢᠨ ᠮᠢᠩ ᠬᠤᠷᠤᠬᠠᠢ ᠶᠢ ᠨᠡᠯᠢᠶᠡᠳ ᠲᠠᠷᠤᠳᠠᠭ ᠪᠦᠭᠡᠳ ᠭᠠᠩ ᠳᠤ ᠨᠡᠯᠢᠶᠡᠳ ᠲᠠᠰᠪᠤᠷᠢᠳᠡᠢ᠂ ᠲᠤᠭᠢᠷᠠᠯᠴᠠᠬᠤ ᠴᠢᠨᠠᠷ ᠢᠶᠠᠷ ᠴᠢᠩᠭ᠎ᠠ ᠪᠠᠶᠢᠳᠠᠭ᠃ ᠮᠠᠨ ᠤ ᠤᠯᠤᠰ ᠤᠨ ᠡᠮᠦᠨᠡᠳᠤ ᠤᠷᠤᠨ ᠪᠠ ᠤᠮᠠᠷᠠᠳᠤ ᠤᠷᠤᠨ ᠤ ᠡᠷᠳᠡᠨᠢ ᠰᠢᠰᠢ ᠶᠢᠨ ᠭᠠᠷᠤᠯᠳᠠ ᠶᠢᠨ ᠤᠷᠤᠨ ᠳᠤ ᠴᠦᠮ ᠲᠠᠷᠢᠵᠤ ᠪᠤᠯᠤᠨ᠎ᠠ᠃ ᠮᠠᠰᠢ ᠰᠠᠶᠢᠨ ᠬᠠᠮᠢᠶᠠᠷᠤᠯᠳᠠ ᠶᠢᠨ ᠨᠦᠭᠦᠴᠡᠯ ᠲᠤᠤᠷ᠎ᠡ᠂ ᠮᠤ᠋ ᠪᠦᠷᠢ ᠠᠴᠠ 2000~2500kg ᠲᠦᠷᠦᠭᠦᠤ᠂ 5000kg ᠠᠴᠠ ᠲᠡᠭᠡᠭᠰᠢ ᠭᠦᠭᠡ ᠪᠤᠷᠳᠤᠭ᠎ᠠ ᠬᠤᠷᠢᠶᠠᠵᠤ᠂ ᠪᠦᠳᠦᠭᠡᠭᠳᠡᠬᠦᠨ ᠤ ᠦᠷᠳᠡᠭ ᠨᠢ 4000 ᠲᠦᠭᠦᠷᠢᠭ ᠲᠤ ᠭᠦᠷᠭᠦ ᠪᠤᠯᠤᠨ᠎ᠠ᠃

      ᠶᠢᠨ ᠰᠢᠶᠠᠨ 1 ᠨᠤᠮᠧᠷᠳᠤ᠄ ᠲᠤᠰ ᠰᠤᠷᠲ ᠪᠤᠯ ᠢᠳᠡᠭᠡᠨ ᠤ ᠡᠷᠳᠡᠨᠢ ᠰᠢᠰᠢ ᠶᠢᠨ ᠲᠦᠷᠦᠯ ᠳᠤ ᠬᠠᠷᠢᠶᠠᠯᠬᠠᠳᠠᠬᠤ ᠪᠦᠭᠡᠳ ᠲᠦᠷᠦᠭᠦᠤ ᠶᠢ ᠨᠢ ᠴᠢᠨᠠᠵᠤ ᠢᠳᠡᠭᠦ ᠳᠤ ᠵᠦᠭᠡᠯᠡᠨ ᠠᠮᠳᠠᠳᠠᠢ᠂ ᠡᠰᠢ ᠨᠠᠪᠴᠢ ᠶᠢ ᠨᠢ ᠭᠦᠭᠡ ᠪᠠᠷ ᠲᠠᠷᠤᠰᠢᠭᠤᠯᠵᠤ ᠪᠤᠯᠬᠤ ᠪᠠ ᠰᠢᠮ᠎ᠠ ᠲᠡᠵᠢᠭᠡᠯ ᠢᠶᠠᠷ ᠮᠠᠰᠢ ᠡᠯᠪᠡᠭ ᠪᠠᠶᠢᠳᠠᠭ᠃ 78~81 ᠬᠤᠨᠤᠭ ᠲᠤ ᠪᠤᠯᠪᠠᠰᠤᠷᠠᠳᠠᠭ᠃ ᠦᠨᠳᠤᠷ ᠢᠶᠠᠷ ᠢᠶᠠᠨ 170cm ᠤᠷᠭᠤᠵᠤ᠂ ᠲᠦᠷᠦᠭᠦᠤ ᠶᠢᠨ ᠦᠨᠳᠤᠷ ᠨᠢ 53cm᠂ 13~15 ᠨᠠᠪᠴᠢ ᠲᠠᠢ᠂ 10% ᠨᠢ ᠬᠤᠤᠰ ᠲᠦᠷᠦᠭᠦᠳᠤᠳᠡᠭ᠃ ᠮᠤ᠋ ᠪᠦᠷᠢ 3500 ᠰᠠᠭᠤᠷᠢ ᠲᠠᠷᠢᠨ᠎ᠠ᠃ ᠦᠷᠡᠳᠤ ᠲᠦᠷᠦᠭᠦᠤ ᠶᠢᠨ ᠤᠷᠳᠤ ᠨᠢ 17~20cm᠂ ᠪᠦᠳᠦᠭᠦᠨ ᠨᠢ 5cm᠂ ᠲᠦᠷᠦᠭᠦᠤ ᠪᠦᠷᠢ ᠨᠢ 12~16 ᠮᠦᠷ ᠲᠠᠢ᠂ ᠲᠠᠩ ᠲᠦᠷᠦᠭᠦᠤ ᠶᠢᠨ ᠭᠦᠨᠳᠤ ᠨᠢ 0.25kg ᠪᠠᠶᠢᠳᠠᠭ᠃ ᠰᠢᠷ᠎ᠠ ᠮᠦᠭᠦᠯᠢᠭ ᠲᠠᠢ᠂ ᠲᠦᠷᠪᠡᠨ ᠤ ᠨᠢᠭᠡ ᠶᠢᠨ ᠮᠦᠭᠦᠯᠢᠭ ᠨᠢ ᠠᠮᠳᠠᠳᠠᠢ᠂ ᠲᠦᠷᠪᠡᠨ ᠤ ᠭᠤᠷᠪᠡ ᠶᠢᠨ ᠮᠦᠭᠦᠯᠢᠭ ᠨᠢ ᠬᠠᠳᠠᠭᠤᠯᠢᠭ᠂ ᠮᠦᠭᠦᠯᠢᠭ ᠪᠦᠷᠢ ᠳᠤ ᠪᠦᠳᠦᠭᠦᠯᠢᠭ ᠰᠢᠷᠬᠡᠭᠯᠢᠭ 0.73%᠂ ᠦᠭᠡᠭᠦ 1.26%᠂ ᠤᠭᠤᠷᠠᠭ 3.4%᠂ ᠸᠢᠲ᠋ᠠᠮᠢᠨ C 7.13% ᠠᠭᠤᠯᠤᠭᠳᠠᠵᠤ ᠪᠠᠶᠢᠳᠠᠭ᠃

      ᠶᠢᠨ ᠰᠢᠶᠠᠨ 2 ᠨᠤᠮᠧᠷᠳᠤ᠄ ᠲᠤᠰ ᠰᠤᠷᠲ ᠪᠤᠯ ᠲᠢᠶᠠᠠᠵᠢᠨ ᠬᠤᠳᠠ ᠶᠢᠨ ᠲᠠᠷᠢᠶᠠᠯᠠᠩ ᠤᠨ ᠰᠢᠨᠵᠢᠯᠡᠭᠦ ᠤᠬᠠᠭᠠᠨ ᠤ ᠲᠠᠷᠢᠮᠠᠯ ᠤᠨ ᠰᠤᠳᠤᠯᠭᠠᠨ ᠤ ᠭᠠᠵᠠᠷ ᠤᠨ ᠪᠤᠶᠢᠵᠢᠭᠤᠯᠤᠠᠠᠰᠠᠨ ᠡᠷᠳᠡ ᠪᠤᠯᠪᠠᠰᠤᠷᠠᠯᠳᠠ ᠶᠢᠨ ᠴᠠᠭᠠᠨ ᠮᠦᠭᠦᠯᠢᠭᠳᠦ ᠡᠷᠳᠡᠨᠢ ᠰᠢᠰᠢ ᠶᠢᠨ ᠡᠷᠯᠢᠰᠡᠵᠢᠭᠦᠯᠦᠭᠰᠡᠨ ᠡᠭᠦᠯᠳᠡᠷ ᠪᠤᠯᠤᠨ᠎ᠠ᠃ ᠤᠮᠠᠷᠠᠳᠤ ᠤᠷᠤᠨ ᠳᠤ ᠬᠠᠪᠤᠷ ᠡᠷᠳᠡ ᠲᠠᠷᠢᠵᠤ᠂ 85~95 ᠬᠤᠨᠤᠭ ᠲᠤ ᠪᠤᠯᠪᠠᠰᠤᠷᠠᠳᠠᠭ᠃ ᠲᠤᠰ ᠰᠤᠷᠲ ᠪᠤᠯ ᠰᠠᠯᠠᠭᠠᠯᠠᠬᠤ ᠨᠢ ᠰᠠᠶᠢᠨ᠂ ᠬᠤᠤᠰ ᠲᠦᠷᠦᠭᠦᠤ ᠨᠢ 15% ᠳᠤ ᠭᠦᠷᠳᠡᠭ᠃ ᠦᠷᠡᠳᠤ ᠲᠦᠷᠦᠭᠦᠤ ᠶᠢᠨ ᠤᠷᠳᠤ ᠨᠢ 22cm᠂ ᠪᠦᠳᠦᠭᠦᠨ ᠨᠢ 50cm᠂ ᠲᠦᠷᠦᠭᠦᠤ ᠪᠦᠷᠢ 14 ᠮᠦᠷ ᠲᠠᠢ᠂ ᠮᠦᠭᠦᠯᠢᠭ ᠨᠢ ᠴᠠᠭᠠᠨ ᠪᠦᠭᠡᠳ ᠰᠢᠮ᠎ᠠ ᠲᠡᠵᠢᠭᠡᠯ ᠰᠠᠶᠢᠳᠠᠢ᠂ ᠢᠳᠡᠭᠦ ᠳᠤ ᠠᠮᠳᠠᠳᠠᠢ ᠪᠠᠶᠢᠳᠠᠭ᠃ ᠭᠠᠩ ᠳᠤ ᠲᠠᠰᠪᠤᠷᠢᠳᠡᠢ᠂ ᠨᠠᠪᠴᠢᠨ ᠤ ᠲᠤᠯᠪᠤᠳᠤ ᠭᠡᠮ ᠲᠤᠰᠬᠤ ᠨᠢ ᠴᠦᠭᠡᠨ ᠪᠠᠶᠢᠳᠠᠭ᠃ ᠲᠤᠰ ᠰᠤᠷᠲ ᠨᠢ ᠡᠷᠳᠡ ᠪᠤᠯᠪᠠᠰᠤᠷᠠᠬᠤ ᠲᠦᠷᠦᠯ ᠳᠤ ᠪᠠᠭᠳᠠᠬᠤ ᠪᠦᠭᠡᠳ ᠡᠷᠳᠡ ᠲᠠᠷᠢᠬᠤ ᠳᠤ ᠲᠤᠭᠢᠷᠠᠨ᠎ᠠ᠃ ᠲᠠᠷᠢᠬᠤ ᠨᠢᠠᠠᠳᠠᠴᠠ ᠶᠢ ᠮᠤ᠋ ᠪᠦᠷᠢ 5000 ᠰᠠᠭᠤᠷᠢ ᠪᠠᠶᠢᠯᠭᠠᠪᠠᠯ ᠲᠤᠭᠢᠷᠠᠮᠵᠢᠳᠡᠢ᠃

      ᠲᠢᠶᠠᠨ ᠢᠤᠢ 2 ᠨᠤᠮᠧᠷᠳᠤ᠄ ᠡᠭᠦᠨ ᠢ ᠲᠤᠮᠳᠠᠳᠤ ᠤᠯᠤᠰ ᠤᠨ ᠲᠠᠷᠢᠶᠠᠯᠠᠩ ᠤᠨ ᠰᠢᠨᠵᠢᠯᠡᠭᠦ ᠤᠬᠠᠭᠠᠨ ᠤ ᠭᠦᠷᠢᠶᠡᠯᠡᠩ ᠤᠨ ᠲᠠᠷᠢᠮᠠᠯ ᠤᠨ ᠦᠷ᠎ᠠ ᠪᠤᠶᠢᠵᠢᠭᠤᠯᠬᠤ ᠰᠤᠳᠤᠯᠭᠠᠨ ᠤ ᠭᠠᠵᠠᠷ ᠪᠤᠶᠢᠵᠢᠭᠤᠯᠵᠠᠢ᠃ ᠲᠤᠮᠳᠠ ᠤᠷᠤᠢ ᠪᠤᠯᠪᠠᠰᠤᠷᠠᠯᠳᠠ ᠶᠢᠨ ᠲᠦᠷᠦᠯ ᠳᠤ ᠬᠠᠷᠢᠶᠠᠯᠬᠠᠳᠠᠨ᠎ᠠ᠃ ᠪᠤᠯᠪᠠᠰᠤᠷᠠᠬᠤ ᠬᠤᠭᠤᠴᠠᠭ᠎ᠠ ᠨᠢ 130 ᠬᠤᠨᠤᠭ ᠤᠷᠴᠢᠮ ᠪᠠᠶᠢᠳᠠᠭ᠃ ᠰᠢᠭᠢᠷ ᠤᠨ ᠠᠭᠤᠯᠤᠭᠳᠠᠴᠨ ᠪᠠᠷ ᠦᠨᠳᠤᠷ᠂ ᠢᠳᠡᠭᠦ ᠳᠤ ᠵᠦᠭᠡᠯᠡᠨ ᠠᠮᠳᠠᠳᠠᠢ᠂ ᠤᠨᠴᠠᠭᠠᠢ ᠦᠨᠤᠷ ᠠᠮᠳᠠᠳᠠᠢ ᠪᠠᠶᠢᠳᠠᠭ᠃ ᠨᠤᠭᠤᠭᠠᠨ ᠢᠶᠠᠷ ᠨᠢ ᠪᠤᠷᠤᠯᠠᠭᠤᠯᠬᠤ ᠪᠠ ᠭᠦᠯᠳᠡᠭᠡᠭᠦ ᠪᠤᠶᠤ ᠭᠤᠸᠠᠨᠳᠤᠤ ᠭᠢᠵᠤ ᠪᠤᠯᠤᠨ᠎ᠠ᠃ ᠲᠠᠷᠢᠬᠤ ᠨᠢᠠᠠᠳᠠᠴᠠ ᠶᠢ ᠮᠤ᠋ ᠪᠦᠷᠢ ᠳᠤ 2500~3000 ᠰᠠᠭᠤᠷᠢ ᠪᠠᠶᠢᠯᠭᠠᠪᠠᠯ ᠲᠤᠭᠢᠷᠠᠮᠵᠢᠳᠡᠢ᠃ ᠲᠤᠭᠤᠰᠤᠳᠤᠠᠠᠰᠠᠨ ᠤ ᠰᠡᠭᠦᠯᠡᠷ 20~25 ᠬᠤᠨᠤᠭ ᠲᠤ ᠲᠡᠭᠦᠵᠤ ᠬᠤᠷᠢᠶᠠᠪᠠᠯ ᠬᠠᠮᠤᠭ ᠤᠨ ᠲᠤᠭᠢᠷᠠᠮᠵᠢᠳᠡᠢ ᠪᠦᠭᠡᠳ ᠲᠡᠭᠦᠮᠡᠭᠴᠡ ᠪᠠᠨ ᠵᠢᠩᠨᠡᠵᠤ ᠢᠳᠡᠵᠤ ᠪᠤᠯᠤᠨ᠎ᠠ᠃ ᠲᠤᠯᠠᠭᠠᠨ ᠦᠷᠦᠭᠡᠨ ᠳᠤ 3 ᠬᠤᠨᠤᠭ ᠲᠠᠯᠪᠢᠬᠤ ᠪᠤᠶᠤ ᠭᠦᠯᠳᠡᠭᠡᠭᠦᠷ ᠲᠤ 7 ᠬᠤᠨᠤᠭ ᠬᠠᠳᠠᠭᠠᠯᠠᠬᠤ ᠳᠤ ᠠᠮᠳᠠ ᠨᠢ ᠬᠤᠪᠢᠷᠠᠬᠤ ᠦᠭᠡᠢ᠃ ᠵᠠᠬ᠎ᠠ ᠲᠡᠯᠭᠡᠭᠦᠷ ᠲᠤ ᠬᠠᠨᠭ᠍ᠭᠠᠬᠤ ᠪᠠ ᠡᠳ᠋ᠰᠢᠭᠦᠯᠭᠦ ᠳᠤ ᠲᠦᠭᠦᠮ ᠦᠵᠡᠭᠦᠯᠭᠦ ᠶᠢᠨ ᠲᠤᠰᠠᠳᠠ ᠬᠤᠭᠤᠴᠠᠭ᠎ᠠ ᠬᠤᠪᠢᠶᠠᠨ ᠲᠠᠷᠢᠵᠤ᠂ ᠬᠠᠨᠭ᠍ᠭᠠᠬᠤ ᠴᠠᠭ ᠬᠤᠭᠤᠴᠠᠭ᠎ᠠ ᠶᠢ ᠤᠷᠳᠤᠳᠬᠠᠵᠤ ᠪᠤᠯᠤᠨ᠎ᠠ᠃ ᠵᠡᠭᠦᠨ ᠬᠤᠶᠢᠳᠤ ᠤᠷᠤᠨ ᠤ ᠡᠮᠦᠨ᠎ᠠ ᠪᠡᠶ᠎ᠠ᠂ ᠤᠮᠠᠷᠠᠳᠤ ᠤᠷᠤᠨ ᠪᠤᠯᠤᠨ ᠡᠮᠦᠨᠡᠳᠤ ᠤᠷᠤᠨ ᠤ ᠡᠯ᠎ᠡ ᠮᠤᠵᠢ ᠤᠷᠤᠨ ᠳᠤ ᠲᠠᠷᠢᠬᠤ ᠳᠤ ᠲᠤᠭᠢᠷᠠᠨ᠎ᠠ᠃

      ᠲᠢᠶᠠᠨ ᠢᠤᠢ 4 ᠨᠤᠮᠧᠷᠳᠤ᠄ ᠲᠤᠰ ᠰᠤᠷᠲ ᠢ ᠲᠤᠮᠳᠠᠳᠤ ᠤᠯᠤᠰ ᠤᠨ ᠲᠠᠷᠢᠶᠠᠯᠠᠩ ᠤᠨ ᠰᠢᠨᠵᠢᠯᠡᠭᠦ ᠤᠬᠠᠭᠠᠨ ᠤ ᠭᠦᠷᠢᠶᠡᠯᠡᠩ ᠤᠨ ᠲᠠᠷᠢᠮᠠᠯ ᠤᠨ ᠦᠷ᠎ᠡ ᠪᠤᠶᠢᠵᠢᠭᠤᠯᠬᠤ ᠰᠤᠳᠤᠯᠭᠠᠨ ᠤ ᠭᠠᠵᠠᠷ ᠪᠤᠶᠢᠵᠢᠭᠤᠯᠵᠠᠢ᠂ ᠬᠠᠭᠠᠰ ᠴᠢᠩᠭᠠᠳᠬᠠᠯ ᠭᠡᠯᠪᠡᠷᠢ ᠶᠢᠨ ᠠᠮᠳᠠᠳᠤ ᠡᠷᠳᠡᠨᠢ ᠰᠢᠰᠢ ᠶᠢᠨ ᠲᠦᠷᠦᠯ ᠳᠤ ᠬᠠᠷᠢᠶᠠᠯᠬᠠᠳᠠᠨ᠎ᠠ᠃ ᠲᠤᠮᠳᠠ ᠪᠤᠯᠪᠠᠰᠤᠷᠠᠯᠳᠠ ᠶᠢᠨ ᠰᠤᠷᠲ ᠪᠤᠯᠤᠨ᠎ᠠ᠃ ᠲᠤᠰ ᠰᠤᠷᠲ ᠪᠤᠯ ᠤᠷᠭᠤᠯᠳᠠ ᠨᠢ ᠵᠢᠭᠳᠡ᠂ ᠦᠷᠡᠳᠤ ᠲᠦᠷᠦᠭᠦᠤ ᠨᠢ ᠤᠷᠳᠤ ᠪᠦᠭᠡᠳ ᠪᠦᠳᠦᠭᠦᠨ᠂ ᠰᠢᠷ᠎ᠠ ᠮᠦᠭᠦᠯᠢᠭ ᠲᠠᠢ᠂ ᠦᠨᠳᠤᠷ ᠤᠨᠠᠯᠳᠠ ᠲᠠᠢ᠂ ᠴᠢᠨᠠᠷ ᠰᠠᠶᠢᠳᠡᠢ᠂ ᠠᠮᠳᠠ ᠰᠠᠶᠢᠳᠠᠢ ᠪᠠᠶᠢᠳᠠᠭ᠃ ᠭᠤᠸᠠᠨᠳᠤᠤ ᠭᠢᠭᠦ᠂ ᠰᠤᠷᠭᠤᠭ ᠢᠶᠠᠷ ᠨᠢ ᠢᠳᠡᠭᠦ ᠪᠡ ᠭᠦᠯᠳᠡᠬᠡᠭᠡᠳ ᠪᠤᠯᠪᠠᠰᠤᠷᠠᠭᠤᠯᠵᠤ ᠪᠤᠯᠤᠨ᠎ᠠ᠃ ᠤᠰᠤ ᠪᠤᠷᠳᠤᠭᠤᠷ ᠰᠠᠶᠢᠳᠠᠢ ᠭᠠᠵᠠᠷ ᠲᠠᠷᠢᠪᠠᠯ ᠬᠠᠮᠤᠭ ᠤᠨ ᠰᠠᠶᠢᠨ᠂ ᠲᠠᠷᠢᠬᠤ ᠨᠢᠠᠠᠳᠠᠴᠠ ᠶᠢ ᠨᠢ ᠮᠤ᠋ ᠪᠦᠷᠢ 3500~4000 ᠰᠠᠭᠤᠷᠢ ᠪᠠᠶᠢᠯᠭᠠᠪᠠᠯ ᠮᠠᠰᠢ ᠲᠤᠭᠢᠷᠠᠮᠵᠢᠳᠡᠢ᠃

        ᠲᠢᠶᠠᠨ ᠢᠤᠢ 6 ᠨᠤᠮᠧᠷᠳᠤ᠄ ᠲᠤᠰ ᠰᠤᠷᠲ ᠢ ᠲᠤᠮᠳᠠᠳᠤ ᠤᠯᠤᠰ ᠤᠨ ᠲᠠᠷᠢᠶᠠᠯᠠᠩ ᠤᠨ ᠰᠢᠨᠵᠢᠯᠡᠭᠦ ᠤᠬᠠᠭᠠᠨ ᠤ ᠭᠦᠷᠢᠶᠠᠯᠠᠩ ᠤᠨ ᠲᠠᠷᠢᠮᠠᠯ ᠤᠨ ᠦᠷ᠎ᠠ ᠪᠤᠶᠢᠵᠢᠭᠤᠯᠬᠤ ᠰᠤᠳᠤᠯᠭᠠᠨ ᠤ ᠭᠠᠵᠠᠷ ᠪᠤᠶᠢᠵᠢᠭᠤᠯᠵᠠᠢ᠃ ᠲᠤᠮᠳᠠ ᠪᠤᠯᠪᠠᠰᠤᠷᠠᠯᠳᠠ ᠶᠢᠨ ᠲᠦᠷᠦᠯ ᠳᠤ ᠬᠠᠷᠢᠶᠠᠯᠬᠠᠳᠠᠨ᠎ᠠ᠃ ᠦᠨᠳᠤᠷ ᠨᠢ 230cm᠂ ᠲᠦᠷᠦᠭᠦᠤ ᠶᠢᠨ ᠭᠡᠰᠡᠭ ᠨᠢ 90cm᠂ ᠦᠷᠡᠳᠤ ᠲᠦᠷᠦᠭᠦᠤ ᠶᠢᠨ ᠤᠷᠳᠤ ᠨᠢ 22cm᠂ ᠪᠦᠳᠦᠭᠦᠨ ᠨᠢ 4.6cm ᠪᠠᠶᠢᠵᠤ᠂ ᠲᠦᠷᠦᠭᠦᠤ ᠪᠦᠷᠢ ᠨᠢ 14~16 ᠮᠦᠷ ᠲᠠᠢ᠂ ᠰᠢᠷᠭᠠᠯ ᠮᠦᠭᠦᠯᠢᠭ ᠲᠠᠢ᠂ ᠡᠷᠳᠡᠨᠢ ᠰᠢᠰᠢ ᠶᠢᠨ ᠲᠤᠮᠤ ᠵᠢᠵᠢᠭ ᠲᠤᠯᠪᠤᠳᠤ ᠭᠡᠮ ᠢ ᠡᠰᠡᠷᠭᠦᠴᠡᠭᠦ ᠴᠢᠳᠠᠯ ᠲᠠᠢ᠃ ᠶᠠᠷᠤ ᠶᠢᠨ ᠪᠠᠶᠢᠳᠠᠯ ᠲᠤᠤᠷ᠎ᠡ ᠮᠤ᠋ ᠪᠦᠷᠢ ᠠᠴᠠ 1025kg ᠲᠦᠷᠦᠭᠦᠤ ᠬᠤᠷᠢᠶᠠᠨ᠎ᠠ᠃ ᠭᠦᠯᠳᠡᠭᠡᠵᠤ ᠪᠤᠯᠪᠠᠰᠤᠷᠠᠭᠤᠯᠬᠤ ᠪᠠ ᠰᠤᠷᠭᠤᠭ ᠢᠶᠠᠷ ᠨᠢ ᠢᠳᠡᠵᠤ ᠪᠤᠯᠬᠤ ᠪᠦᠭᠡᠳ ᠪᠠᠰᠠ ᠮᠦᠭᠦᠯᠢᠭᠵᠢᠭᠦᠯᠦᠨ ᠪᠤᠯᠪᠠᠰᠤᠷᠠᠭᠤᠯᠬᠤ ᠪᠠ ᠵᠤᠳᠠᠩᠴᠢᠯᠠᠵᠤ ᠭᠤᠸᠠᠡᠳᠤᠤ ᠢᠳᠡᠭᠡᠨ ᠭᠢᠵᠤ ᠪᠤᠯᠤᠨ᠎ᠠ᠃ ᠤᠰᠤ ᠪᠤᠷᠳᠤᠭᠤᠷ ᠰᠠᠶᠢᠨ ᠭᠠᠵᠠᠷ ᠲᠤ ᠲᠠᠷᠢᠵᠤ᠂ ᠨᠢᠠᠠᠳᠠᠴᠠ ᠶᠢ ᠨᠢ ᠮᠤ᠋ ᠪᠦᠷᠢ 4000 ᠰᠠᠭᠤᠷᠢ ᠪᠠᠶᠢᠯᠭᠠᠪᠠᠯ ᠲᠤᠭᠢᠷᠠᠮᠵᠢᠳᠡᠢ᠂ ᠤᠮᠠᠷᠠᠳᠤ ᠤᠷᠤᠨ ᠪᠤᠯᠤᠨ ᠡᠮᠦᠨᠡᠳᠤ ᠤᠷᠤᠨ ᠳᠤ ᠪᠦᠷ ᠲᠠᠷᠢᠵᠤ ᠪᠤᠯᠤᠨ᠎ᠠ᠃

       ᠵᠦᠩ ᠲᠢᠶᠠᠨ 2 ᠨᠤᠮᠧᠷᠳᠤ᠄ ᠲᠤᠰ ᠰᠤᠷᠲ ᠢ ᠲᠤᠮᠳᠠᠳᠤ ᠤᠯᠤᠰ ᠤᠨ ᠲᠠᠷᠢᠶᠠᠯᠠᠩ ᠤᠨ ᠰᠢᠨᠵᠢᠯᠡᠭᠦ ᠤᠬᠠᠭᠠᠨ ᠤ ᠭᠦᠷᠢᠶᠠᠯᠠᠩ ᠤᠨ ᠲᠠᠷᠢᠮᠠᠯ ᠤᠨ ᠦᠷ᠎ᠡ ᠪᠤᠶᠢᠵᠢᠭᠤᠯᠬᠤ ᠰᠤᠳᠤᠯᠭᠠᠨ ᠤ ᠭᠠᠵᠠᠷ ᠪᠤᠶᠢᠵᠢᠭᠤᠯᠵᠠᠢ᠃ ᠲᠤᠮᠳᠠ ᠡᠷᠳᠡ ᠪᠤᠯᠪᠠᠰᠤᠷᠠᠯᠳᠠ ᠶᠢᠨ ᠡᠷᠳᠡᠨᠢ ᠰᠢᠰᠢ ᠪᠤᠯᠤᠨ᠎ᠠ᠃ 107~115 ᠬᠤᠨᠤᠭ ᠲᠤ ᠪᠤᠯᠪᠠᠰᠤᠷᠠᠳᠠᠭ᠃ 200cm ᠤᠷᠴᠢᠮ ᠦᠨᠳᠤᠷ ᠤᠷᠭᠤᠳᠠᠭ᠃ ᠰᠠᠭᠤᠷᠢ ᠪᠦᠷᠢ 1~2 ᠦᠷᠡᠳᠤ ᠲᠦᠷᠦᠭᠦᠤ ᠲᠠᠢ᠂ ᠦᠷᠡᠳᠤ ᠲᠦᠷᠦᠭᠦᠤ ᠨᠢ ᠲᠦᠡᠭᠰᠡᠨ ᠭᠡᠯᠪᠡᠷᠢ ᠲᠠᠢ᠃ 20cm ᠤᠷᠳᠤ᠂ 12~14 ᠮᠦᠷ ᠲᠠᠢ᠂ ᠰᠢᠷ᠎ᠠ ᠮᠦᠭᠦᠯᠢᠭ ᠲᠠᠢ᠃ ᠲᠤᠮᠤ ᠵᠢᠵᠢᠭ ᠲᠤᠯᠪᠤᠳᠤ ᠭᠡᠮ ᠪᠠ ᠭᠡᠮ ᠤᠨ ᠬᠤᠤᠷ ᠢ ᠡᠰᠡᠷᠭᠦᠴᠡᠭᠦ ᠴᠢᠳᠠᠯ ᠲᠠᠢ᠂ ᠲᠤᠰ ᠰᠤᠷᠲ ᠤᠨ ᠲᠠᠷᠢᠬᠤ ᠨᠢᠠᠠᠳᠠᠴᠠ ᠶᠢ ᠮᠤ᠋ ᠪᠦᠷᠢ 4000 ᠰᠠᠭᠤᠷᠢ ᠪᠠᠶᠢᠯᠭᠠᠪᠠᠯ ᠲᠤᠭᠢᠷᠠᠮᠵᠢᠳᠡᠢ᠃

      ᠺᠧ ᠲᠢᠶᠠᠨ 110 ᠨᠤᠮᠧᠷᠳᠦ᠄ ᠲᠤᠰ ᠰᠤᠷᠲ ᠢ ᠲᠤᠮᠳᠠᠳᠤ ᠤᠯᠤᠰ ᠤᠨ ᠰᠢᠨᠵᠢᠯᠡᠭᠦ ᠤᠬᠠᠭᠠᠨ ᠤ ᠭᠦᠷᠢᠶᠡᠯᠡᠩ ᠤᠨ ᠤᠳᠤᠮᠯᠠᠯ ᠤᠨ ᠰᠤᠳᠤᠯᠭᠠᠨ ᠤ ᠭᠠᠵᠠᠷ ᠪᠤᠶᠢᠵᠢᠭᠤᠯᠵᠠᠢ᠃ ᠪᠠᠷᠤᠭ 126 ᠬᠤᠨᠤᠭ ᠲᠤ ᠪᠤᠯᠪᠠᠰᠤᠷᠠᠳᠠᠭ᠃ 190cm ᠦᠨᠳᠤᠷ ᠤᠷᠭᠤᠵᠤ᠂ ᠲᠦᠷᠦᠭᠦᠤ ᠶᠢᠨ ᠭᠡᠰᠡᠭ ᠤᠨ ᠦᠨᠳᠤᠷ ᠨᠢ 70cm ᠪᠠᠶᠢᠳᠠᠭ᠃ ᠦᠷᠡᠳᠤ ᠲᠦᠷᠦᠭᠦᠤ ᠨᠢ ᠪᠦᠮᠪᠤᠷᠢᠭᠡᠨ ᠲᠡᠩᠭᠡᠯᠢᠭ ᠲᠠᠢ᠃ 18cm ᠤᠷᠳᠤ᠂ 4.4cm ᠪᠦᠳᠦᠭᠦᠨ᠂ 14~16 ᠮᠦᠷ ᠲᠠᠢ᠂ ᠮᠦᠷ ᠪᠦᠷᠢ 34~40 ᠮᠦᠭᠦᠯᠢᠭ ᠲᠠᠢ᠂ ᠴᠠᠭᠠᠨ ᠮᠦᠭᠦᠯᠢᠭ ᠲᠠᠢ᠃ ᠲᠠᠩ ᠲᠦᠷᠦᠭᠦᠤ ᠶᠢᠨ ᠭᠦᠨᠳᠤ ᠨᠢ 210g᠂ ᠮᠤ᠋ ᠪᠦᠷᠢ ᠶᠢᠨ ᠨᠤᠭᠤᠭᠠᠨ ᠲᠦᠷᠦᠭᠦᠤ ᠶᠢᠨ ᠤᠨᠠᠯᠳᠠ ᠨᠢ 580kg ᠪᠠᠶᠢᠳᠠᠭ᠃ ᠮᠦᠭᠦᠯᠢᠭ ᠪᠦᠷᠢ ᠳᠤ ᠰᠢᠭᠢᠷ 38.23%᠂ ᠤᠭᠤᠷᠠᠭ 13.86%᠂ ᠦᠭᠡᠭᠦ 4%᠂ ᠴᠠᠷᠳᠠᠭᠤᠯ 13.65%᠂ g ᠪᠦᠷᠢ ᠸᠢᠲ᠋ᠠᠮᠢᠨ  A 1.28%μg ᠠᠭᠤᠯᠤᠭᠳᠠᠵᠤ ᠪᠠᠶᠢᠳᠠᠭ᠃ ᠲᠤᠰ ᠰᠤᠷᠲ ᠤᠨ ᠦᠨᠳᠤᠰᠤ ᠨᠢ ᠭᠦᠨ᠂ ᠭᠦᠭᠵᠢᠩᠭᠦᠢ᠂ ᠨᠤᠭᠤᠷᠠᠵᠤ ᠤᠨᠠᠬᠤ ᠪᠠ ᠬᠤᠭᠤᠷᠠᠳᠠᠭ ᠦᠭᠡᠢ᠃ ᠲᠤᠮᠤ ᠵᠢᠵᠢᠭ ᠲᠤᠯᠪᠤᠳᠤ ᠭᠡᠮ᠂ ᠭᠡᠮ ᠤᠨ ᠬᠤᠤᠷ᠂ ᠮᠦᠭᠦᠯᠢᠭ ᠢᠯᠵᠠᠷᠠᠬᠤ ᠭᠡᠮ ᠪᠡ ᠬᠠᠷᠠᠤ ᠶᠢ ᠡᠰᠡᠷᠭᠦᠴᠡᠭᠦ ᠴᠢᠳᠠᠯ ᠲᠠᠢ᠃ ᠭᠦᠷᠤᠰᠤ ᠪᠤᠷᠳᠤᠭᠤᠷ ᠰᠠᠶᠢᠳᠠᠢ ᠪᠠ ᠤᠰᠤᠯᠠᠯᠳᠠ ᠶᠢᠨ ᠨᠦᠭᠦᠴᠡᠯ ᠲᠠᠢ ᠭᠠᠵᠠᠷ ᠲᠠᠷᠢᠵᠤ᠂ ᠨᠢᠠᠠᠳᠠᠴᠠ ᠶᠢ ᠨᠢ ᠮᠤ᠋ ᠪᠦᠷᠢ 3600 ᠰᠠᠭᠤᠷᠢ ᠪᠠᠶᠢᠯᠭᠠᠵᠤ᠂ ᠲᠤᠭᠤᠰᠤᠳᠤᠠᠠᠰᠠᠨ ᠤ ᠰᠡᠭᠦᠯᠡᠷ 22 ᠬᠤᠨᠤᠭ ᠲᠤ ᠲᠡᠭᠦᠵᠤ ᠬᠤᠷᠢᠶᠠᠪᠠᠯ ᠮᠠᠰᠢ ᠲᠤᠭᠢᠷᠠᠮᠵᠢᠳᠡᠢ᠃

      4. ᠠᠮᠳᠠᠳᠤ ᠡᠷᠳᠡᠨᠢ ᠰᠢᠰᠢ ᠶᠢ ᠲᠠᠷᠢᠬᠤ ᠲᠠᠯ᠎ᠠ ᠪᠠᠷ ᠶᠠᠮᠠᠷ ᠵᠠᠩᠭᠢᠯᠠᠭ᠎ᠠ ᠶᠢᠨ ᠴᠢᠨᠠᠷ ᠲᠠᠢ ᠮᠡᠷᠭᠡᠵᠢᠯ ᠤᠨ ᠠᠷᠭ᠎ᠠ ᠪᠠᠶᠢᠬᠤ ᠪᠤᠢ︖

       ᠡᠩ ᠲᠡᠷᠢᠭᠦᠨ ᠳᠤ ᠲᠠᠷᠢᠬᠤ ᠭᠠᠵᠠᠷ ᠢ ᠰᠠᠶᠢᠳᠤᠷ ᠰᠤᠩᠭᠤᠵᠤ᠂ ᠨᠠᠷᠢᠯᠢᠬ ᠰᠠᠶᠢᠨ ᠲᠡᠭᠰᠢᠯᠡᠭᠦ ᠭᠡᠷᠡᠭᠳᠡᠢ᠃ ᠡᠷᠳᠡᠨᠢ ᠰᠢᠰᠢ ᠶᠢᠨ ᠰᠤᠶᠤᠭᠠᠯᠠᠬᠤ ᠪᠠ ᠰᠢᠷᠤᠢ ᠲᠦᠯᠭᠢᠭᠦ ᠴᠢᠳᠠᠯ ᠨᠢ ᠠᠨᠠᠢ ᠪᠠᠶᠢᠳᠠᠭ ᠪᠤᠯᠬᠤᠷ ᠭᠦᠷᠦᠰᠤᠨ ᠲᠠᠪᠬᠤᠷᠭ᠎ᠠ ᠨᠢ ᠭᠦᠨ᠂ ᠪᠤᠷᠳᠤᠭᠤᠷ ᠰᠠᠶᠢᠳᠠᠢ᠂ ᠭᠦᠴᠢᠯ ᠬᠤᠵᠢᠷ ᠨᠢ ᠲᠡᠩᠴᠡᠭᠦᠷᠢᠳᠡᠢ᠂ ᠤᠰᠤᠯᠠᠬᠤ ᠳᠤ ᠲᠦᠭᠦᠮ᠂ ᠭᠡᠷᠡᠯ ᠤᠨ ᠲᠤᠰᠤᠯᠳᠠ ᠭᠦᠢᠴᠡᠳ ᠵᠡᠷᠭᠡ ᠭᠠᠵᠠᠷ ᠢ ᠰᠤᠩᠭᠤᠵᠤ᠂ ᠲᠠᠷᠢᠬᠤ ᠠᠴᠠ ᠪᠠᠨ ᠡᠮᠦᠨ᠎ᠠ ᠭᠦᠨ ᠤᠷᠪᠠᠭᠤᠯᠵᠤ᠂ ᠭᠡᠳᠦᠨ ᠡᠳᠤᠷ ᠰᠠᠶᠢᠨ ᠰᠢᠷᠬᠠᠰᠠᠨ ᠤ ᠲᠠᠷᠠᠭ᠎ᠠ ᠮᠤ᠋ ᠪᠦᠷᠢ 1000~1500kg ᠴᠢᠨᠠᠷ ᠰᠠᠶᠢᠳᠠᠢ ᠰᠢᠭᠡᠭ ᠪᠤᠷᠳᠤᠭᠤᠷ ᠤᠷᠤᠭᠤᠯᠤᠨ ᠲᠠᠷᠢᠬᠤ ᠭᠡᠷᠡᠭᠳᠡᠢ᠃ ᠲᠠᠷᠠᠭ᠎ᠠ ᠳᠤᠨᠢ ᠦᠷ᠎ᠠ ᠪᠠᠨ ᠰᠠᠶᠢᠳᠤᠷ ᠰᠤᠩᠭᠤᠨ᠎ᠠ᠃ ᠭᠤᠤᠯ ᠨᠢ ᠢᠳᠡᠷᠡᠭᠦᠨ ᠰᠠᠶᠢᠨ ᠦᠷ᠎ᠡ ᠶᠢ ᠰᠤᠩᠭᠤᠵᠤ᠂ ᠤᠷᠢᠳ ᠢᠶᠠᠷ ᠴᠡᠪᠡᠷ ᠤᠰᠤᠨ ᠳᠤ 24 ᠴᠠᠭ ᠲᠡᠪᠳᠦᠭᠡᠵᠤ᠂ ᠲᠠᠭᠢᠨ 50% ᠶᠢᠨ ᠳ᠋ᠦᠸᠧ ᠵᠢᠶᠦ᠋ᠨ ᠯᠢᠩ ︵多菌灵︶ ᠡᠮ ᠪᠤᠶᠤ 75% ᠶᠢᠨ ᠲᠦᠸᠧ ᠪᠦ᠋ ᠶᠢᠨ ︵托布津︶ ᠡᠮ ᠢ 500 ᠲᠠᠭᠢᠨ ᠢᠶᠠᠷ ᠰᠢᠩᠭᠡᠯᠡᠨ᠂ 2~3 ᠴᠠᠭ ᠲᠠᠪᠳᠦᠭᠡᠭᠰᠡᠨ ᠤ ᠰᠡᠭᠦᠯᠡᠷ ᠦᠷ᠎ᠡ ᠪᠠᠨ ᠱᠦᠭᠦᠨ ᠭᠠᠷᠭᠠᠨ ᠰᠠᠶᠢᠳᠤᠷ ᠤᠭᠢᠶᠠᠵᠤ᠂ ᠬᠠᠳᠠᠭᠠᠭᠠᠳ ᠲᠠᠷᠢᠬᠤ ᠭᠡᠷᠡᠭᠳᠡᠢ᠃

     5. ᠲᠠᠷᠢᠶᠠᠯᠠᠭ᠎ᠠ ᠶᠢᠨ ᠲᠠᠯ᠎ᠠ ᠪᠠᠷ ᠶᠠᠮᠠᠷ ᠮᠡᠷᠭᠡᠵᠢᠯ ᠤᠨ ᠱᠠᠭᠠᠷᠳᠠᠯᠭ᠎ᠠ ᠪᠠᠶᠢᠬᠤ ᠪᠤᠢ︖

      ᠡᠩ ᠲᠡᠷᠢᠭᠦᠨ ᠳᠤ ᠡᠷᠭᠡᠪᠰᠢ ᠰᠠᠯᠭᠠᠵᠤ ᠲᠤᠰᠠᠭᠠᠷᠯᠠᠨ ᠲᠠᠷᠢᠬᠤ ᠭᠡᠷᠡᠭᠳᠡᠢ᠃ ᠠᠮᠳᠠᠳᠤ ᠡᠷᠳᠡᠨᠢ ᠰᠢᠰᠢ ᠶᠢ ᠡᠩ ᠤᠨ ᠡᠷᠳᠡᠨᠢ ᠰᠢᠰᠢ ᠪᠤᠶᠤ ᠪᠤᠰᠤᠳ ᠲᠦᠷᠦᠯ ᠤᠨ ᠡᠷᠳᠡᠨᠢ ᠰᠢᠰᠢ ᠠᠴᠠ ᠲᠤᠰᠠᠭᠠᠷᠯᠠᠨ ᠲᠠᠷᠢᠬᠤ ᠭᠡᠷᠡᠭᠳᠡᠢ᠃ ᠲᠤᠰᠠᠭᠠᠷᠯᠠᠨ ᠲᠠᠷᠢᠬᠤ ᠳᠤ ᠤᠷᠤᠨ ᠵᠠᠢ ᠪᠠᠷ ᠠᠯᠤᠰᠯᠠᠬᠤ ᠪᠠ ᠴᠠᠭ ᠢᠶᠠᠷ ᠠᠯᠤᠰᠯᠠᠬᠤ ᠬᠤᠶᠠᠷ ᠵᠦᠢᠯ ᠤᠨ ᠠᠷᠭ᠎ᠠ ᠶᠢ ᠭᠡᠷᠡᠭᠯᠡᠵᠤ ᠪᠤᠯᠤᠨ᠎ᠠ᠃ ᠤᠷᠤᠨ ᠵᠠᠢ ᠪᠠᠷ ᠠᠯᠤᠰᠯᠠᠬᠤ ᠳᠠᠭᠠᠨ ᠲᠠᠯᠠᠷᠬᠠᠭ ᠭᠠᠵᠠᠷ ᠪᠤᠯ 400m ᠠᠴᠠ ᠲᠡᠭᠡᠭᠰᠢ ᠵᠠᠢ ᠲᠠᠢ ᠪᠠᠶᠢᠯᠭᠠᠬᠤ ᠭᠡᠷᠡᠭᠳᠡᠢ᠃ ᠪᠠᠭᠴᠠᠯᠠᠭᠠᠳ ᠭᠡᠯᠡᠪᠡᠯ ᠬᠤᠶᠠᠷ ᠲᠦᠷᠦᠯ ᠤᠨ ᠡᠷᠳᠡᠨᠢ ᠰᠢᠰᠢ ᠶᠢᠨ ᠴᠡᠴᠡᠭ ᠤᠨ ᠲᠤᠭᠤᠰᠤ ᠶᠢ ᠬᠠᠷᠢᠯᠴᠠᠨ ᠦᠯᠤ ᠵᠠᠯᠭᠠᠯᠳᠤᠭᠤᠯᠬᠤ ᠪᠠᠷ ᠵᠠᠷᠴᠢᠮ ᠪᠤᠯᠭᠠᠬᠤ ᠭᠡᠷᠡᠭᠳᠡᠢ᠃ ᠲᠠᠷᠠᠭ᠎ᠠ ᠳᠤᠨᠢ ᠲᠠᠷᠢᠬᠤ ᠴᠠᠭ ᠲᠤᠭᠢᠶᠠᠯ ᠢ ᠰᠠᠶᠢᠳᠤᠷ ᠡᠵᠡᠮᠰᠢᠭᠦ ᠭᠡᠷᠡᠭᠳᠡᠢ᠃ ᠭᠦᠷᠦᠰᠤᠨ ᠤ ᠲᠤᠯᠠᠭᠠᠨ ᠨᠢ 10℃ ~12 ℃ ᠲᠤ ᠲᠤᠠᠠᠳᠠᠪᠤᠷᠢᠵᠢᠬᠤ ᠦᠶᠡᠰ ᠲᠠᠷᠢᠵᠤ ᠪᠤᠯᠤᠨ᠎ᠠ᠃ ᠲᠠᠷᠢᠬᠤ ᠳᠠᠭᠠᠨ ᠮᠦᠷ ᠤᠨ ᠵᠠᠢ ᠶᠢ 50~60cm ᠵᠠᠶᠢᠳᠠᠢ᠂ ᠰᠠᠭᠤᠷᠢ ᠶᠢᠨ ᠵᠠᠢ ᠶᠢ 25~30cm ᠵᠠᠶᠢᠳᠠᠢ᠂ ᠮᠤ᠋ ᠪᠦᠷᠢ 3300~3600 ᠰᠠᠭᠤᠷᠢ ᠲᠠᠷᠢᠪᠡᠯ ᠲᠤᠭᠢᠷᠠᠮᠵᠢᠳᠡᠢ᠃ ᠠᠪᠴᠠᠯᠳᠤᠩᠭᠤᠢ ᠭᠡᠯᠪᠡᠷᠢ ᠶᠢᠨ ᠰᠤᠷᠲ ᠪᠤᠯ ᠮᠤ᠋ ᠪᠦᠷᠢ 4000 ᠰᠠᠭᠤᠷᠢ ᠤᠷᠴᠢᠮ ᠪᠠᠶᠢᠯᠭᠠᠨ᠎ᠠ᠃ ᠭᠤᠷᠪᠡ ᠳᠤ ᠰᠢᠨᠵᠢᠯᠡᠭᠦ ᠤᠬᠠᠭᠠᠠᠴᠢ ᠪᠠᠷ ᠪᠤᠷᠳᠤᠭᠤᠷ ᠤᠷᠤᠭᠤᠯᠬᠤ ᠭᠡᠷᠡᠭᠳᠡᠢ᠃ ᠠᠮᠳᠠᠳᠤ ᠡᠷᠳᠡᠨᠢ ᠰᠢᠰᠢ ᠶᠢᠨ ᠲᠡᠭᠦᠵᠤ ᠬᠤᠷᠢᠶᠠᠬᠤ ᠴᠠᠭ ᠨᠢ ᠡᠩ ᠤᠨ ᠡᠷᠳᠡᠨᠢ ᠰᠢᠰᠢ ᠶᠢᠨ ᠬᠢ ᠠᠴᠠ ᠡᠷᠳᠡ ᠪᠠᠶᠢᠳᠠᠭ ᠪᠤᠯᠬᠤᠷ ᠡᠷᠭᠡᠪᠰᠢ ᠰᠠᠭᠤᠷᠢ ᠪᠤᠷᠳᠤᠭᠤᠷ ᠢ ᠭᠦᠢᠴᠡᠳ ᠤᠷᠤᠭᠤᠯᠵᠤ᠂ ᠪᠤᠷᠳᠤᠭᠤᠷ ᠢᠶᠠᠨ ᠰᠠᠶᠢᠳᠤᠷ ᠲᠤᠭᠢᠷᠠᠭᠤᠯᠬᠤ ᠭᠡᠷᠡᠭᠳᠡᠢ᠃ ᠤᠮᠠᠷᠠᠳᠤ ᠤᠷᠤᠨ ᠪᠤᠯ ᠮᠤ᠋ ᠪᠦᠷᠢ 2000kg ᠤᠷᠭᠠᠨᠢᠭ ᠪᠤᠷᠳᠤᠭᠤᠷ ᠤᠷᠤᠭᠤᠯᠤᠠᠠᠰᠠᠨ ᠰᠠᠭᠤᠷᠢᠨ ᠲᠡᠭᠡᠷ᠎ᠡ ᠪᠠᠰᠠ ᠮᠤ᠋ ᠪᠦᠷᠢ 15~20kg ᠨᠡᠶᠢᠯᠡᠮᠡᠯ ᠪᠤᠷᠳᠤᠭᠤᠷ ︵N · P · K ᠶᠢ ᠲᠤᠰᠪᠤᠷᠢ 15 ᠬᠤᠪᠢ︶ ᠤᠷᠤᠭᠤᠯᠵᠤ᠂ ᠡᠷᠳᠡᠨᠢ ᠰᠢᠰᠢ ᠶᠢᠨ ᠰᠢᠮ᠎ᠠ ᠲᠠᠵᠢᠭᠡᠯ ᠤᠨ ᠭᠡᠷᠡᠭᠴᠡᠭᠡ ᠶᠢ ᠪᠠᠳᠤᠯᠠᠬᠤ ᠭᠡᠷᠡᠭᠳᠡᠢ᠃ ᠲᠦᠷᠪᠡ ᠳᠤ᠂ ᠠᠭᠤᠷ ᠠᠮᠢᠰᠬᠤᠯ ᠪᠠ ᠤᠷᠴᠢᠨ ᠲᠤᠭᠤᠷᠢᠨ ᠢ ᠴᠡᠪᠡᠷ ᠪᠠᠶᠢᠯᠭᠠᠬᠤ ᠶᠢ ᠠᠩᠬᠠᠷᠬᠤ ᠭᠡᠷᠡᠭᠳᠡᠢ᠃ ᠠᠭᠠᠷ ᠤᠨ ᠴᠡᠪᠡᠷᠴᠡ᠂ ᠤᠰᠤᠨ ᠤ ᠴᠡᠪᠡᠷᠴᠡ ᠪᠠ ᠭᠦᠷᠤᠰᠤ ᠰᠢᠷᠤᠢ ᠶᠢ ᠴᠦᠮ ᠨᠠᠶᠢᠳᠡ ᠶᠢᠨ ᠭᠦᠨᠦᠭᠡᠯ ᠦᠭᠡᠢ ᠲᠠᠷᠢᠶᠠᠯᠨᠩ ᠤᠨ ᠪᠦᠳᠦᠭᠡᠭᠳᠡᠭᠦᠨ ᠤ ᠰᠠᠭᠤᠷᠢᠨ ᠭᠠᠵᠠᠷ ᠤᠨ ᠶᠠᠰᠤ ᠴᠢᠨᠠᠷ ᠤᠨ ᠪᠠᠷᠢᠮᠵᠢᠶ᠎ᠠ ᠳᠤ ᠨᠡᠶᠢᠴᠡᠭᠦᠯᠭᠦ ᠭᠡᠷᠡᠭᠳᠡᠢ᠃

        6. ᠠᠮᠳᠠᠳᠤ ᠡᠷᠳᠡᠨᠢ ᠰᠢᠰᠢ ᠶᠢᠨ ᠲᠠᠷᠢᠶᠠᠨ ᠳᠠᠬᠢ ᠠᠷᠠᠴᠢᠯᠠᠯᠳᠠ ᠶᠢ ᠶᠠᠭᠠᠭᠢᠨ ᠴᠢᠩᠭᠠᠳᠬᠠᠬᠤ ᠪᠤᠢ︖

       ᠨᠢᠭᠡ ᠳᠤ᠂ ᠴᠢᠭᠢ ᠨᠦᠭᠦᠭᠦ ᠭᠡᠷᠡᠭᠳᠡᠢ᠃ ᠡᠷᠳᠡᠨᠢ ᠰᠢᠰᠢ 3~4 ᠨᠠᠪᠴᠢᠯᠠᠬᠤ ᠦᠶᠡᠰ᠂ ᠴᠢᠭᠢ ᠨᠦᠭᠦᠭᠦ ᠴᠢᠬᠤᠯᠠ ᠲᠠᠢ ᠪᠤᠯ ᠰᠢᠷᠤᠢ ᠲᠠᠢ ᠴᠢᠭᠢ ᠵᠠᠶᠢᠯᠠᠨ ᠨᠦᠭᠦᠵᠤ᠂ ᠵᠠᠶᠢᠯᠠᠮᠬᠠᠴᠠ ᠪᠠᠨ ᠤᠰᠤᠯᠠᠬᠤ ᠭᠡᠷᠡᠭᠳᠡᠢ᠃ ᠴᠢᠭᠢ ᠨᠦᠭᠦᠭᠦ ᠳᠡᠭᠡᠨ ᠦᠳᠡᠰᠢ ᠤᠷᠤᠢ ᠪᠤᠶᠤ ᠪᠦᠷᠭᠦᠭ ᠡᠳᠤᠷ ᠨᠦᠭᠦᠪᠡᠯ ᠬᠠᠮᠤᠭ ᠤᠨ ᠰᠠᠶᠢᠨ᠃ 5 ᠨᠠᠪᠴᠢᠯᠠᠬᠤ ᠦᠶᠡᠰ ᠴᠢᠭᠢ ᠶᠢ ᠲᠤᠠᠠᠳᠠᠭᠠᠵᠤ᠂ ᠨᠦᠭᠡ ᠪᠦᠷᠢ ᠨᠢᠭᠡ ᠶᠢ ᠯᠡ ᠦᠯᠡᠳᠡᠭᠡᠵᠤ᠂ ᠪᠤᠷᠳᠤᠭᠤᠷ ᠤᠷᠤᠭᠤᠯᠬᠤ ᠶᠢᠨ ᠲᠠᠭᠠᠤ ᠡᠪᠡᠰᠤ ᠶᠢ ᠨᠢ ᠠᠷᠢᠯᠭᠠᠬᠤ ᠭᠡᠷᠡᠭᠳᠡᠢ᠃ ᠴᠢᠭᠢᠯᠡᠭᠦ ᠦᠶ᠎ᠠ ᠳᠤ ᠭᠦᠷᠦᠰᠤᠨ ᠤ ᠤᠰᠤᠨ ᠤ ᠠᠭᠤᠯᠤᠭᠳᠠᠴᠨ ᠶᠢᠨ ᠭᠡᠮᠵᠢᠶ᠎ᠠ ᠨᠢ 50%~60% ᠪᠠᠶᠢᠪᠠᠯ ᠤᠰᠤᠯᠠᠬᠤ ᠦᠭᠡᠢ᠂ ᠦᠶᠡᠳᠦᠭᠰᠡᠨ ᠤ ᠰᠡᠭᠦᠯᠡᠷᠭᠢ ᠭᠦᠷᠦᠰᠤᠨ ᠤ ᠤᠰᠤᠨ ᠤ ᠠᠭᠤᠯᠤᠭᠳᠠᠴᠨ ᠶᠢᠨ ᠭᠡᠮᠵᠢᠶ᠎ᠠ ᠶᠢ 70% ᠪᠠᠶᠢᠯᠭᠠᠬᠤ ᠭᠡᠷᠡᠭᠳᠡᠢ᠃ ᠬᠤᠶᠠᠷ ᠲᠤ᠂ ᠭᠡᠮ ᠬᠤᠷᠤᠬᠠᠢ ᠶᠢᠨ ᠭᠦᠨᠦᠭᠡᠯ ᠢ ᠰᠡᠷᠭᠡᠶᠢᠯᠡᠨ ᠵᠠᠰᠠᠬᠤ ᠭᠡᠷᠡᠭᠳᠡᠢ᠃ ᠠᠮᠳᠠᠳᠤ ᠡᠷᠳᠡᠨᠢ ᠰᠢᠰᠢ ᠨᠢ ᠪᠤᠰᠤᠳ ᠡᠷᠳᠡᠨᠢ ᠰᠢᠰᠢ ᠠᠴᠠ ᠠᠮᠳᠠᠳᠠᠢ ᠪᠠᠶᠢᠳᠠᠭ ᠪᠤᠯᠬᠤᠷ ᠡᠷᠳᠡᠨᠢ ᠰᠢᠰᠢ ᠶᠢᠨ ᠮᠢᠩ ᠬᠤᠷᠤᠬᠠᠢ᠂ ᠮᠠᠢ ᠶᠢᠨ ᠴᠤᠬᠤ᠂ ᠪᠠᠭᠠᠷᠠᠩ ᠬᠤᠷᠤᠬᠠᠢ ᠵᠡᠷᠭᠡ ᠭᠦᠨᠦᠭᠡᠯᠳᠤ ᠬᠤᠷᠤᠬᠠᠢ ᠶᠢ ᠠᠮᠠᠷᠬᠠᠨ ᠤᠷᠢᠵᠤ ᠠᠪᠴᠢᠷᠠᠳᠠᠭ᠃ ᠡᠶᠢᠮᠤ ᠠᠴᠠ ᠴᠢᠭᠢᠯᠡᠭᠦ ᠦᠶ᠎ᠠ ᠶᠢᠨ ᠭᠦᠨᠦᠭᠡᠯᠳᠤ ᠬᠤᠷᠤᠬᠠᠢ ᠪᠠ ᠲᠤᠮᠳᠠ ᠰᠡᠭᠦᠯᠴᠢ ᠶᠢᠨ ᠬᠤᠭᠤᠴᠠᠭᠠᠨ ᠤ ᠮᠢᠩ ᠬᠤᠷᠤᠬᠠᠢ ᠶᠢ ᠰᠠᠶᠢᠳᠤᠷ ᠰᠡᠷᠭᠡᠶᠢᠯᠡᠨ ᠵᠠᠰᠠᠬᠤ ᠭᠡᠷᠡᠭᠳᠡᠢ᠃ ᠢᠳᠡᠭᠡᠨ ᠤ ᠬᠤᠤᠷᠳᠠᠯ ᠢ ᠰᠡᠷᠭᠡᠶᠢᠯᠡᠭᠦ ᠶᠢᠨ ᠲᠤᠰᠠᠳᠠ ᠲᠤᠮᠳᠠ ᠰᠡᠭᠦᠯᠴᠢ ᠶᠢᠨ ᠬᠤᠭᠤᠴᠠᠭᠠᠨ ᠳᠤ ᠲᠠᠷᠢᠶᠠᠨ ᠡᠮ ᠢ ᠪᠤᠯᠭᠤᠮᠵᠢᠳᠡᠢ ᠭᠡᠷᠡᠭᠯᠡᠵᠤ᠂ ᠭᠢᠮᠢ ᠶᠢᠨ ᠲᠠᠷᠢᠶᠠᠨ ᠡᠮ ᠢ ᠪᠠᠭ᠎ᠠ ᠭᠡᠷᠡᠭᠯᠡᠭᠦ ᠭᠡᠷᠡᠭᠳᠡᠢ᠂ ᠰᠢᠷᠦᠭᠦᠨ ᠬᠤᠤᠷᠳᠤ ᠡᠮ ᠢ ᠤᠠᠠᠳᠤ ᠭᠡᠷᠡᠭᠯᠡᠵᠤ ᠪᠤᠯᠬᠤ ᠦᠭᠡᠢ᠃ ᠭᠤᠷᠪᠡ ᠳᠤ᠂ ᠲᠤᠭᠤᠰᠤᠳᠤᠭᠤᠯᠬᠤ ᠪᠠ ᠡᠷ᠎ᠡ ᠲᠦᠷᠦᠭᠦᠤ ᠶᠢ ᠠᠷᠢᠯᠭᠠᠬᠤ ᠠᠵᠢᠯ ᠢ ᠰᠠᠶᠢᠳᠤᠷ ᠭᠢᠭᠦ ᠭᠡᠷᠡᠭᠳᠡᠢ᠃ ᠲᠤᠭᠤᠰᠤᠳᠤᠬᠤ ᠬᠤᠭᠤᠴᠠᠭᠠᠨ ᠳᠤ ᠦᠷᠭᠦᠯᠵᠢᠯᠡᠨ ᠪᠦᠷᠭᠦᠭ ᠡᠳᠤᠷ ᠲᠤᠭᠢᠶᠠᠯᠳᠤᠪᠠᠯ᠂ ᠲᠠᠷᠦ᠋ᠢᠬᠠᠨ ᠭᠦᠮᠦᠨ ᠤ ᠭᠦᠴᠤ ᠪᠠᠷ ᠲᠤᠭᠤᠰᠤᠳᠤᠭᠤᠯᠬᠤ ᠭᠡᠷᠡᠭᠳᠡᠢ᠃ ᠡᠭᠦᠨ ᠤ ᠲᠠᠭᠠᠤ ᠰᠢᠮ᠎ᠠ ᠲᠡᠵᠢᠭᠡᠯ ᠤᠨ ᠬᠤᠷᠤᠠᠠᠳᠠᠯ ᠢ ᠪᠠᠭᠠᠰᠬᠠᠬᠤ ᠶᠢᠨ ᠲᠤᠰᠠᠳᠠ ᠲᠤᠭᠤᠰᠤᠳᠤᠠᠠᠰᠠᠨ ᠤ ᠭᠢᠨᠢ ᠰᠡᠭᠦᠯᠡᠷ᠂ ᠡᠷ᠎ᠠ ᠲᠦᠷᠦᠭᠦᠤ ᠶᠢ ᠪᠦᠭᠦᠨ ᠢ ᠬᠠᠶᠢᠴᠢᠯᠠᠵᠤ ᠬᠠᠶᠠᠬᠤ ᠭᠡᠷᠡᠭᠳᠡᠢ᠃ ᠡᠭᠦᠨ ᠠᠴᠠ ᠭᠠᠳᠠᠨ᠎ᠠ ᠠᠮᠳᠠᠳᠤ ᠡᠷᠳᠡᠨᠢ ᠰᠢᠰᠢ ᠶᠢᠨ ᠤᠯᠠᠩᠭᠢ ᠨᠢ ᠲᠦᠷᠤᠬᠦᠳᠤᠬᠦ ᠬᠤᠭᠤᠴᠠᠭᠠᠨ ᠳᠤ ᠤᠷᠤᠠᠠᠰᠠᠨ ᠤ ᠰᠡᠭᠦᠯᠡᠷ ᠨᠢᠭᠡ ᠡᠰᠢᠨ ᠳᠤ ᠤᠯᠠᠨ ᠲᠦᠷᠦᠭᠦᠤ ᠰᠠᠭᠤᠬᠤ ᠦᠵᠡᠭᠳᠡᠯ ᠭᠠᠷᠳᠠᠭ ᠲᠤᠯᠠ ᠢᠯᠡᠭᠦᠴᠡ ᠲᠦᠷᠦᠭᠦᠤ ᠶᠢ ᠴᠠᠭ ᠲᠤᠬᠠᠢ ᠳᠤᠨᠢ ᠲᠤᠭᠢᠳᠡᠢ ᠠᠷᠢᠯᠭᠠᠬᠤ ᠭᠡᠷᠡᠭᠳᠡᠢ᠃

       7. ᠠᠮᠳᠠᠳᠤ ᠡᠷᠳᠡᠨᠢ ᠰᠢᠰᠢ ᠶᠢᠨ ᠲᠦᠷᠦᠭᠦᠤ ᠶᠢ ᠶᠠᠭᠠᠭᠢᠵᠤ ᠲᠤᠠᠠᠳᠠᠭᠠᠬᠤ ᠪᠤᠢ︖

       ᠨᠢᠭᠡ ᠳᠤ᠂ ᠭᠡᠮ ᠬᠤᠷᠤᠬᠠᠢ ᠶᠢᠨ ᠭᠦᠨᠦᠭᠡᠯ ᠦᠭᠡᠢ᠂ ᠢᠳᠡᠷᠡᠭᠦᠨ ᠮᠢᠬᠠᠯᠢᠭ ᠤᠷᠤᠢ ᠶᠢᠨ ᠲᠦᠷᠦᠭᠦᠤ ᠶᠢ ᠦᠯᠡᠳᠡᠭᠡᠭᠦ ᠭᠡᠷᠡᠭᠳᠡᠢ᠃ ᠬᠤᠶᠠᠷ ᠲᠤ᠂ ᠨᠢᠬᠡ ᠯᠠ ᠡᠰᠢᠨ ᠲᠡᠭᠡᠷ᠎ᠡ ᠨᠢᠭᠡ ᠲᠦᠷᠦᠭᠦᠤ ᠦᠯᠡᠳᠡᠭᠡᠵᠤ᠂ ᠪᠤᠰᠤᠳ ᠰᠠᠯᠠᠭ᠎ᠠ ᠲᠦᠷᠦᠭᠦᠤ ᠶᠢ 2~3 ᠤᠳᠠᠭ᠎ᠠ ᠳᠤ ᠴᠦᠮ ᠠᠷᠢᠯᠭᠠᠬᠤ ᠭᠡᠷᠡᠭᠳᠡᠢ᠃ ᠭᠤᠷᠪᠡ ᠳᠤ᠂ ᠨᠢᠯᠬ᠎ᠠ ᠲᠦᠷᠦᠭᠦᠤ ᠶᠢ ᠠᠷᠢᠯᠭᠠᠬᠤ ᠳᠠᠭᠠᠨ ᠲᠤᠠᠠᠳ᠋ᠬᠠᠰᠠᠨ ᠵᠢᠷᠤᠮᠵᠢᠯ ᠶᠤᠰᠤᠭᠠᠷ ᠨᠠᠷᠢᠨ ᠨᠢᠮᠪᠠᠢ ᠠᠷᠢᠯᠭᠠᠬᠤ ᠭᠡᠷᠡᠭᠳᠡᠢ᠃ ᠭᠤᠤᠯ ᠡᠰᠢ ᠪᠤᠯᠤᠨ ᠲᠦᠷᠦᠭᠦᠤ ᠶᠢᠨ ᠨᠠᠪᠴᠢ ᠶᠢ ᠰᠢᠷᠬᠠᠳᠤᠭᠤᠯᠬᠤ ᠠᠴᠠ ᠤᠨᠴᠠ ᠭᠢᠴᠢᠶᠡᠭᠦ ᠭᠡᠷᠡᠭᠳᠡᠢ᠃

     8. ᠠᠮᠳᠠᠳᠤ ᠡᠷᠳᠡᠨᠢ ᠰᠢᠰᠢ ᠶᠢ ᠶᠠᠮᠠᠷ ᠴᠠᠭ ᠦᠶ᠎ᠠ ᠳᠤ ᠲᠡᠭᠦᠵᠤ ᠬᠤᠷᠢᠶᠠᠪᠠᠯ ᠬᠠᠮᠤᠭ ᠤᠨ ᠰᠠᠶᠢᠨ ᠪᠤᠢ︖

      ᠡᠷᠳᠡᠨᠢ ᠰᠢᠰᠢ ᠶᠢᠨ ᠦᠷᠡᠳᠤ ᠲᠦᠷᠦᠭᠦᠤ ᠨᠢ ᠰᠢᠷᠭᠡᠭ ᠪᠦᠭᠡᠯᠵᠢᠭᠰᠡᠨ ᠤ ᠰᠡᠭᠦᠯᠡᠷᠭᠢ 22~25 ᠬᠤᠨᠤᠭ ᠲᠤ ᠰᠢᠭᠢᠷ ᠤᠨ ᠠᠭᠤᠯᠤᠭᠳᠠᠴᠨ ᠨᠢ ᠬᠠᠮᠤᠭ ᠤᠨ ᠡᠯᠪᠡᠭ᠂ ᠬᠠᠯᠢᠰᠤ ᠨᠢ ᠬᠠᠮᠤᠭ ᠤᠨ ᠨᠢᠮᠭᠡᠨ ᠪᠠᠶᠢᠳᠠᠭ ᠲᠤᠯᠠ ᠡᠨᠡ ᠦᠶᠡᠰ ᠲᠡᠭᠦᠵᠤ ᠬᠤᠷᠢᠶᠠᠪᠠᠯ ᠮᠠᠰᠢ ᠲᠤᠭᠢᠷᠠᠮᠵᠢᠳᠡᠢ᠃ ᠭᠡᠳᠦᠷᠭᠡᠢ ᠡᠷᠳᠡ ᠪᠤᠶᠤ ᠭᠡᠳᠦᠷᠭᠡᠢ ᠤᠷᠦ᠋ᠢᠳᠠᠪᠠᠯ ᠡᠷᠳᠡᠨᠢ ᠰᠢᠰᠢ ᠶᠢᠨ ᠴᠢᠨᠠᠷ ᠪᠠ ᠠᠮᠳᠠ ᠶᠢ ᠨᠦᠯᠦᠭᠡᠯᠡᠨ᠎ᠡ᠃ ᠡᠭᠦᠨ ᠤ ᠬᠠᠮᠳᠤ ᠠᠮᠳᠠᠳᠤ ᠡᠷᠳᠡᠨᠢ ᠰᠢᠰᠢ ᠶᠢ ᠪᠤᠯᠭᠤᠵᠤ ᠬᠤᠳᠠᠯᠳᠤᠬᠤ ᠳᠠᠭᠠᠨ᠂ ᠵᠢᠩᠨᠠᠵᠤ ᠪᠤᠯᠭᠤᠪᠠᠯ ᠬᠠᠮᠤᠭ ᠤᠨ ᠰᠠᠶᠢᠨ᠂ ᠤᠰᠤᠨ ᠳᠤ ᠴᠢᠨᠠᠵᠤ ᠪᠤᠯᠭᠤᠵᠤ ᠤᠠᠠᠳᠤ ᠪᠤᠯᠬᠤ ᠦᠭᠡᠢ᠂ ᠴᠢᠨᠠᠵᠤ ᠪᠤᠯᠭᠤᠬᠤ ᠨᠢ ᠡᠷᠳᠡᠨᠢ ᠰᠢᠰᠢ ᠶᠢᠨ ᠴᠢᠨᠠᠷ ᠢ ᠰᠦᠷᠡᠭᠡᠢ ᠪᠠᠭᠤᠷᠠᠭᠤᠯᠬᠤ ᠪᠤᠯᠤᠨ᠎ᠠ᠃

       9. ᠠᠮᠳᠠᠳᠤ ᠡᠷᠳᠡᠨᠢ ᠰᠢᠰᠢ ᠶᠢᠨ ᠠᠵᠤ ᠠᠬᠤᠢ ᠶᠢᠨ ᠦᠷ᠎ᠡ ᠠᠰᠢᠭ ᠢ ᠲᠡᠭᠡᠭᠰᠢᠯᠡᠭᠦᠯᠭᠦ ᠳᠤ ᠦᠭᠡᠷ᠎ᠡ ᠶᠠᠮᠠᠷ ᠮᠡᠷᠭᠡᠵᠢᠯ ᠤᠨ ᠠᠷᠭ᠎ᠠ ᠪᠠᠶᠢᠬᠤ ᠪᠤᠢ︖

      ᠲᠡᠭᠡᠷ᠎ᠡ ᠲᠤᠷᠠᠳᠤᠠᠠᠰᠠᠨ ᠠᠮᠳᠠᠳᠤ ᠡᠷᠳᠡᠨᠢ ᠰᠢᠰᠢ ᠶᠢ ᠲᠠᠷᠢᠬᠤ ᠶᠠᠪᠤᠴᠨ ᠳᠤ ᠪᠠᠰᠠ ᠡᠷᠳᠡ᠂ ᠲᠤᠮᠳᠠ᠂ ᠤᠷᠤᠢ ᠪᠤᠯᠪᠠᠰᠤᠷᠠᠬᠤ ᠲᠦᠷᠦᠯ ᠵᠦᠢᠯ ᠢ ᠬᠠᠪᠰᠤᠷᠭᠠᠨ ᠲᠠᠷᠢᠵᠤ᠂ ᠵᠠᠯᠭᠠᠬ᠎ᠠ ᠪᠠᠷ ᠪᠤᠶᠤ ᠬᠤᠭᠤᠴᠠᠭ᠎ᠠ ᠵᠦᠷᠢᠭᠦᠯᠦᠨ ᠵᠠᠬ᠎ᠠ ᠲᠡᠯᠭᠡᠭᠦᠷ ᠲᠤ ᠭᠠᠷᠭᠠᠵᠤ᠂ ᠠᠵᠤ ᠠᠬᠤᠢ ᠶᠢᠨ ᠦᠷ᠎ᠠ ᠠᠰᠢᠭ ᠢ ᠨᠢ ᠲᠡᠭᠡᠭᠰᠢᠯᠡᠭᠦᠯᠭᠦ ᠭᠡᠷᠡᠭᠳᠡᠢ᠃ ᠶᠡᠭᠡ ᠭᠡᠮᠵᠢᠶᠠᠨ ᠤ ᠡᠷᠳᠡᠨᠢ ᠰᠢᠰᠢ ᠶᠢ ᠨᠢᠬᠡ ᠯᠠ ᠲᠡᠭᠡᠷ᠎ᠡ ᠵᠠᠬ᠎ᠠ ᠲᠡᠯᠭᠡᠭᠦᠷ ᠲᠤ ᠭᠠᠷᠭᠠᠠᠠᠰᠠᠨ ᠠᠴᠠ ᠪᠤᠯᠵᠤ᠂ ᠦᠨ᠎ᠠ ᠨᠢ ᠭᠢᠮᠳᠠᠷᠠᠭᠠᠳ ᠲᠠᠷᠢᠶᠠᠴᠢᠳ ᠬᠤᠭᠢᠷᠠᠬᠤ ᠦᠵᠡᠭᠳᠡᠯ ᠭᠠᠷᠬᠤ ᠠᠴᠠ ᠵᠠᠶᠢᠯᠡᠰᠭᠢᠭᠦ ᠭᠡᠷᠡᠭᠳᠡᠢ᠃

       10. ᠶᠠᠭᠠᠭᠢᠵᠤ ᠲᠠᠷᠢᠪᠠᠯ ᠵᠠᠬ᠎ᠠ ᠳᠤ ᠭᠠᠷᠭᠠᠬᠤ ᠴᠠᠭ ᠢ ᠵᠦᠷᠢᠭᠦᠯᠵᠤ ᠴᠢᠳᠠᠬᠤ ᠪᠤᠢ︖

       ᠤᠮᠠᠷᠠᠳᠤ ᠶᠢᠨ ᠭᠠᠵᠠᠷ ᠤᠷᠤᠨ ᠪᠤᠯ ᠡᠷᠳᠡ᠂ ᠲᠤᠮᠳᠠ᠂ ᠤᠷᠤᠢ ᠪᠤᠯᠪᠠᠰᠤᠷᠠᠬᠤ ᠲᠦᠷᠦᠯ ᠵᠦᠢᠯ ᠢ ᠬᠠᠪᠰᠤᠷᠭᠠᠨ ᠲᠠᠷᠢᠬᠤ ᠠᠴᠠ ᠭᠠᠳᠠᠨ᠎ᠠ ᠪᠠᠰᠠ ᠪᠦᠷᠭᠦᠪᠴᠢᠨ ᠳᠤ ᠲᠠᠷᠢᠬᠤ ᠪᠠ ᠲᠤᠯᠠᠭᠠᠨ ᠭᠦᠯᠡᠮᠵᠢᠨ ᠳᠤ ᠴᠠᠭᠠᠰᠤᠨ ᠲᠦᠡᠭᠰᠡᠨ ᠳᠤ ᠴᠢᠭᠢ ᠪᠤᠶᠢᠵᠢᠭᠤᠯᠤᠨ ᠵᠠᠶᠢᠯᠠᠵᠤ ᠲᠠᠷᠢᠪᠠᠯ ᠡᠷᠳᠡᠨᠢ ᠰᠢᠰᠢ ᠶᠢᠨ ᠲᠠᠷᠢᠬᠤ ᠴᠠᠭ ᠢ ᠬᠠᠷᠢᠴᠠᠩᠭᠤᠢ ᠪᠠᠷ ᠤᠷᠢᠳᠴᠢᠯᠠᠭᠤᠯᠵᠤ᠂ ᠲᠠᠷᠢᠬᠤ ᠴᠠᠭ ᠢ ᠵᠦᠷᠢᠭᠦᠯᠭᠦ ᠵᠤᠷᠢᠯᠭ᠎ᠠ ᠳᠤ ᠭᠦᠷᠴᠤ᠂ ᠤᠷᠤᠨ ᠵᠠᠢ ᠶᠢ ᠠᠯᠤᠰᠯᠠᠬᠤ ᠳᠤ ᠪᠡᠷᠭᠡ ᠪᠠᠶᠢᠳᠠᠭ ᠵᠦᠷᠢᠴᠡᠯ ᠢ ᠰᠢᠢᠳᠪᠤᠷᠢᠯᠡᠵᠤ ᠴᠢᠳᠠᠨ᠎ᠠ᠃ ᠤᠮᠠᠷᠠᠳᠤ ᠤᠷᠤᠨ ᠡᠷᠳᠡᠨᠢ ᠰᠢᠰᠢ ᠶᠢ ᠨᠡᠯᠢᠶᠡᠳ ᠲᠦᠭᠡᠮᠡᠯ ᠲᠠᠷᠢᠳᠠᠭ ᠪᠠ ᠨᠢᠬᠡ ᠯᠠ ᠤᠯᠠᠷᠢᠯ ᠳᠤ ᠲᠠᠷᠢᠳᠠᠭ ᠪᠤᠯᠬᠤᠷ ᠭᠡᠷᠪᠡ ᠶᠠᠷᠦᠳᠡ ᠶᠢᠨ ᠵᠠᠩᠰᠢᠯ ᠢᠶᠠᠷ ᠢᠶᠠᠨ ᠲᠠᠷᠢᠪᠠᠯ᠂ ᠤᠷᠤᠨ ᠵᠠᠢ ᠪᠤᠯᠤᠨ ᠴᠠᠭ ᠬᠤᠭᠤᠴᠠᠭ᠎ᠠ ᠶᠢ ᠠᠯᠤᠰᠯᠠᠨ ᠵᠦᠷᠢᠭᠦᠯᠭᠦ ᠳᠤ ᠨᠡᠩ ᠭᠦᠴᠢᠷ ᠲᠠᠢ ᠪᠤᠯᠤᠨ᠎ᠠ᠃ ᠡᠶᠢᠮᠤ ᠠᠴᠠ ᠪᠦᠷᠭᠦᠪᠴᠢᠨ ᠳᠤ ᠲᠠᠷᠢᠬᠤ ᠪᠠ ᠲᠤᠯᠠᠭᠠᠨ ᠭᠦᠯᠡᠮᠵᠢ ᠳᠤ ᠴᠠᠭᠠᠰᠤᠨ ᠲᠦᠡᠭᠰᠡᠨ ᠳᠤ ᠴᠢᠭᠢ ᠪᠤᠶᠢᠵᠢᠭᠤᠯᠤᠨ ᠵᠠᠶᠢᠯᠠᠬᠤ ᠠᠷᠭ᠎ᠠ ᠶᠢ ᠲᠡᠯᠭᠡᠷᠡᠭᠦᠯᠭᠦ ᠨᠢ ᠬᠤᠤᠰ ᠠᠰᠢᠭ ᠤᠯᠬᠤ ᠶᠢᠨ ᠪᠦᠳᠦᠮᠵᠢᠳᠡᠢ ᠠᠷᠭ᠎ᠠ ᠭᠡᠮᠵᠢᠶ᠎ᠠ ᠪᠤᠯᠤᠨ᠎ᠠ᠃

      11. ᠬᠤᠷᠢᠶᠠᠯᠳᠠ ᠶᠢ ᠨᠡᠮᠡᠭᠳᠡᠭᠦᠯᠵᠤ ᠦᠷ᠎ᠠ ᠠᠰᠢᠭ ᠢ ᠲᠡᠭᠡᠭᠰᠢᠯᠡᠭᠦᠯᠭᠦ ᠦᠭᠡᠷ᠎ᠡ ᠪᠠᠰᠠ ᠶᠠᠮᠠᠷ ᠠᠷᠭ᠎ᠠ ᠭᠡᠮᠵᠢᠶ᠎ᠠ ᠪᠠᠶᠢᠬᠤ ᠪᠤᠢ︖

      ᠠᠮᠳᠠᠳᠤ ᠡᠷᠳᠡᠨᠢ ᠰᠢᠰᠢ ᠶᠢ ᠤᠯᠠᠩᠭᠢ ᠳᠠᠭᠠᠨ ᠰᠢᠨ᠎ᠠ ᠰᠤᠷᠭᠤᠭ ᠢᠶᠠᠷ ᠨᠢ ᠢᠳᠡᠳᠡᠭ ᠪᠤᠯᠬᠤᠷ ᠲᠠᠷᠢᠠᠠᠰᠠᠨ ᠤ ᠰᠡᠭᠦᠯᠡᠷ 70~90 ᠬᠤᠨᠤᠭ ᠲᠤ ᠲᠡᠭᠦᠵᠤ ᠬᠤᠷᠢᠶᠠᠳᠠᠭ᠃ ᠲᠡᠭᠦᠵᠤ ᠬᠤᠷᠢᠶ᠋ᠬᠠᠰᠠᠨ ᠤ ᠰᠡᠭᠦᠯᠡᠷ ᠪᠠᠰᠠ ᠪᠤᠰᠤᠳ ᠵᠦᠢᠯ ᠤᠨ ᠲᠠᠷᠢᠮᠠᠯ ᠤᠷᠭᠤᠵᠤ ᠪᠤᠯᠪᠠᠰᠤᠷᠠᠬᠤ ᠴᠠᠭ ᠬᠤᠭᠤᠴᠠᠭ᠎ᠠ ᠦᠯᠡᠳᠡᠵᠤ ᠪᠠᠶᠢᠳᠠᠭ ᠶᠤᠮ᠃ ᠡᠶᠢᠮᠤ ᠠᠴᠠ ᠤᠮᠠᠷᠠᠳᠤ ᠤᠷᠤᠨ ᠤ 10℃ ᠠᠴᠠ ᠲᠡᠭᠡᠭᠰᠢ ᠬᠤᠷᠠᠮᠳᠤᠭᠤᠯᠭ᠎ᠠ ᠲᠤᠯᠠᠭᠠᠨ ᠤ ᠭᠡᠮᠵᠢᠶ᠎ᠠ ᠲᠠᠢ ᠭᠠᠵᠠᠷ ᠤᠷᠤᠨ ᠠᠮᠳᠠᠳᠤ ᠡᠷᠳᠡᠨᠢ ᠰᠢᠰᠢ ᠶᠢ ᠠᠵᠤ ᠠᠬᠤᠢ ᠶᠢᠨ ᠲᠠᠷᠢᠮᠡᠯ ᠲᠠᠢ ᠲᠤᠬᠤᠨ ᠲᠠᠷᠢᠬᠤ᠂ ᠠᠯᠬᠠᠯᠠᠨ ᠲᠠᠷᠢᠬᠤ᠂ ᠲᠠᠪᠬᠤᠷᠯᠠᠨ ᠲᠠᠷᠢᠬᠤ ᠠᠷᠭ᠎ᠠ ᠶᠢ ᠠᠪᠴᠤ᠂ ᠭᠦᠷᠦᠰᠤ ᠰᠢᠷᠤᠢ ᠶᠢᠨ ᠠᠰᠢᠠᠠᠯᠠᠯᠳᠠ ᠶᠢᠨ ᠨᠤᠷᠮ᠎ᠠ ᠶᠢ ᠲᠡᠭᠡᠭᠰᠢᠯᠡᠭᠦᠯᠵᠤ᠂ ᠲᠠᠷᠢᠮᠠᠯ ᠤᠨ ᠦᠢᠯᠡᠰ ᠤᠨ ᠤᠷᠤᠯᠭ᠎ᠠ ᠶᠢ ᠨᠡᠮᠡᠭᠳᠡᠭᠦᠯᠵᠤ ᠪᠤᠯᠤᠨ᠎ᠠ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ