ᠡᠨᠡ ᠵᠢᠯ ᠤᠨ 10 ᠳ᠋ᠤᠭᠠᠷ ᠰᠠᠷ᠎ᠠ ᠠᠴᠠ ᠡᠬᠢᠯᠡᠨ᠂ ᠪᠠᠶᠠᠨᠨᠠᠭᠤᠷ ᠬᠤᠲᠠ ᠤᠰᠤᠯᠠᠯᠲᠠ ᠶᠢᠨ ᠵᠠᠢ ᠵᠠᠪᠰᠠᠷ ᠢᠶᠠᠨ | ᠠᠰᠢᠭᠯᠠᠨ ᠤᠯᠠᠭᠠᠨᠰᠣᠬᠠᠢ ᠳᠤ ᠡᠳᠦᠷ ᠪᠦᠷᠢ ᠲᠠᠰᠤᠷᠠᠯᠲᠠ ᠦᠭᠡᠢ ᠪᠠᠷ ᠤᠰᠤ ᠣᠷᠤᠭᠤᠯᠤᠭᠰᠠᠨ ᠪᠠᠶᠢᠨ᠎ᠠ᠃ | ᠣᠳᠣᠬᠠᠨ ᠳᠤ᠂ ᠬᠠᠲᠤᠨ ᠭᠤᠣᠯ ᠠᠴᠠ ᠤᠯᠠᠭᠠᠨᠰᠣᠬᠠᠢ ᠳᠤ ᠨᠢᠭᠡᠨᠲᠡ150 ᠲᠦᠮᠡᠨ ᠺᠦᠪ ᠮᠧᠲᠷ ᠤᠰᠤ ᠲᠠᠲᠠᠵᠤ | ᠣᠷᠤᠭᠤᠯᠵᠠᠢ᠃ ᠤᠯᠠᠭᠠᠨᠰᠣᠬᠠᠢ ᠶᠢᠨ ᠣᠳᠣᠬᠠᠨ ᠤ ᠣᠰᠣᠨ ᠤ ᠲᠠᠯᠠᠪᠠᠢ ᠨᠢ 293 ᠲᠡᠭᠰᠢ ᠳᠦᠷᠪᠡᠯᠵᠢᠨ | ᠺᠢᠯᠣᠮᠧᠲᠷ ᠪᠠᠶᠢᠵᠤ᠂ ᠬᠠᠲᠤᠨ ᠭᠤᠣᠯ ᠤᠨ ᠳᠡᠭᠡᠳᠦ ᠤᠷᠤᠰᠬᠠᠯ ᠤᠨ ᠬᠠᠮᠤᠭ ᠤᠨ ᠶᠡᠭᠡ ᠴᠡᠩᠭᠡᠭ ᠨᠠᠭᠤᠷ ᠪᠣᠯᠵᠤ᠂ | ᠭᠠᠵᠠᠷ ᠣᠷᠣᠨ ᠤ ᠠᠭᠤᠷ ᠠᠮᠢᠰᠬᠤᠯ ᠢ ᠲᠣᠬᠢᠷᠠᠭᠤᠯᠬᠤ᠂ ᠦᠶᠡᠷ ᠢ ᠰᠡᠷᠭᠡᠶᠢᠯᠡᠬᠦ ᠦᠶᠡᠷ ᠤᠨ ᠤᠰᠤ ᠬᠠᠳᠠᠭᠠᠯᠠᠬᠤ | ᠪᠠ ᠲᠠᠷᠢᠶᠠᠯᠠᠩ ᠤᠨ ᠤᠰᠤᠯᠠᠯᠲᠠ ᠳᠤ ᠴᠢᠬᠤᠯᠠ ᠦᠢᠯᠡᠳᠦᠯ ᠪᠠᠳᠠᠷᠠᠭᠤᠯᠵᠤ ᠪᠤᠢ᠃ ᠳᠡᠭᠡᠷ᠎ᠡ ᠵᠠᠭᠤᠨ ᠤ ᠶᠡᠷᠡᠭᠡᠳ | ᠣᠨ ᠠᠴᠠ ᠡᠬᠢᠯᠡᠨ᠂ ᠤᠯᠠᠭᠠᠨᠰᠣᠬᠠᠢ ᠶᠢᠨ ᠤᠰᠤᠨ ᠨᠥᠬᠦᠪᠦᠷᠢᠯᠡᠭ ᠬᠦᠷᠦᠯᠴᠡᠬᠦ ᠦᠭᠡᠢ᠂ ᠪᠣᠬᠢᠷᠳᠠᠭᠰᠠᠨ ᠰᠤᠷᠪᠤᠯᠵᠢ | ᠪᠣᠬᠢᠷᠳᠠᠭᠰᠠᠨ ᠬᠡᠰᠡᠭ ᠵᠢᠴᠢ ᠳᠣᠲᠣᠭᠠᠳᠤ ᠰᠤᠷᠪᠤᠯᠵᠢ ᠶᠢᠨ ᠪᠣᠬᠢᠷᠳᠠᠯ ᠵᠢᠯ ᠠᠴᠠ ᠵᠢᠯ ᠬᠤᠷᠠᠮᠳᠤᠵᠤ᠂ ᠨᠠᠭᠤᠷ ᠤᠨ | ᠤᠰᠤᠨ ᠤ ᠤᠷᠤᠰᠬᠠᠯ ᠢ ᠪᠥᠭᠯᠡᠨ ᠤᠰᠤᠨ ᠤ ᠴᠢᠨᠠᠷ ᠤᠨ ᠪᠣᠬᠢᠷᠳᠠᠯ ᠵᠢᠯ ᠠᠴᠠ ᠵᠢᠯ ᠬᠦᠨᠳᠦᠷᠡᠵᠦ᠂ ᠤᠰᠤᠨ ᠤ ᠠᠮᠢ | ᠠᠬᠤᠢ ᠶᠢᠨ ᠣᠷᠴᠢᠨ ᠲᠣᠭᠤᠷᠢᠨ ᠮᠠᠭᠤᠲᠠᠪᠠ᠃ 2008 ᠣᠨ ᠠᠴᠠ ᠨᠠᠭᠠᠰᠢ᠂ ᠪᠠᠶᠠᠨᠨᠠᠭᠤᠷ ᠬᠤᠲᠠ | ᠤᠯᠠᠭᠠᠨᠰᠣᠬᠠᠢ ᠶᠢᠨ ᠠᠮᠢ ᠠᠬᠤᠢ ᠶᠢᠨ ᠴᠢᠭᠢᠭᠯᠡᠭ ᠭᠠᠵᠠᠷ ᠤᠨ ᠶᠡᠷᠦᠩᠬᠡᠶᠢᠯᠡᠨ ᠵᠠᠰᠠᠯᠲᠠ ᠪᠣᠯᠣᠨ ᠬᠠᠮᠠᠭᠠᠯᠠᠯᠲᠠ ᠶᠢ | ᠢᠳᠡᠪᠬᠢᠲᠡᠢ ᠥᠷᠨᠢᠭᠦᠯᠵᠦ᠂ ᠪᠣᠬᠢᠷᠳᠠᠭᠰᠠᠨ ᠰᠤᠷᠪᠤᠯᠵᠢ ᠪᠣᠬᠢᠷᠳᠠᠭᠰᠠᠨ ᠬᠡᠰᠡᠭ ᠢ ᠵᠠᠰᠠᠨ ᠴᠡᠭᠴᠡᠯᠡᠬᠦ | ᠬᠦᠴᠦᠯᠡᠴᠡ ᠪᠠᠨ ᠲᠠᠰᠤᠷᠠᠯᠲᠠ ᠦᠭᠡᠢ ᠴᠢᠩᠭᠠᠳᠬᠠᠵᠤ᠂ ᠵᠢᠯ ᠪᠣᠯᠭᠠᠨ ᠬᠠᠲᠤᠨ ᠭᠤᠣᠯ ᠤᠨ ᠬᠠᠯᠢᠶ᠎ᠠ ᠤᠰᠤ᠂ | ᠤᠰᠤᠯᠠᠯᠲᠠ ᠶᠢᠨ ᠵᠠᠢ ᠵᠠᠪᠰᠠᠷ ᠢᠶᠠᠨ ᠠᠰᠢᠭᠯᠠᠨ ᠨᠠᠭᠤᠷ ᠤᠨ ᠣᠷᠣᠨ ᠳᠤ 3 ᠳ᠋ᠦᠩᠰᠢᠭᠤᠷ ᠺᠦᠪ ᠮᠧᠲᠷ ᠤᠰᠤ | ᠨᠥᠬᠦᠵᠦ᠂ ᠤᠰᠤᠨ ᠤ ᠰᠣᠯᠢᠯᠴᠠᠭ᠎ᠠ ᠶᠢ ᠲᠦᠷᠭᠡᠳᠬᠡᠨ᠂ ᠤᠰᠤᠨ ᠤ ᠴᠢᠨᠠᠷ ᠨᠢ ᠠᠭᠠᠵᠢᠮ ᠢᠶᠠᠷ ᠤᠤᠯ ᠤᠨ ᠮᠠᠭᠤ | ᠲᠠᠪᠣᠨ ᠲᠥᠷᠥᠯ ᠠᠴᠠ ᠳᠥᠷᠪᠡᠨ ᠲᠥᠷᠥᠯ ᠤᠨ ᠪᠠᠷᠢᠮᠵᠢᠶ᠎ᠠ ᠳᠤ ᠬᠦᠷᠴᠦ ᠰᠠᠶᠢᠵᠢᠷᠠᠵᠠᠢ᠃ |