ᠨᠤᠯᠤᠤᠷ ᠤᠨ ᠢᠮᠠᠭ᠎ᠠ  ᠶᠢ ᠠᠷᠠᠴᠢᠯᠡᠨ ᠲᠡᠵᠢᠭᠡᠭᠦ ᠲᠤᠬᠠᠢ
ᠨᠡᠶᠢᠲᠡᠯᠡᠭᠰᠡᠨ ᠴᠠᠭ᠄
2015/12/17

     ᠤᠯᠤᠰ  ᠤᠨ ᠲᠤᠳᠤᠭᠠᠳᠤ ᠭᠠᠳᠠᠭᠠᠳᠤ  ᠶᠢᠨ ᠵᠠᠬ᠎ᠠ ᠲᠡᠯᠭᠡᠭᠦᠷ ᠲᠠᠬᠢ ᠢᠮᠠᠭᠠᠨ ᠨᠤᠯᠤᠤᠷ  ᠤᠨ ᠦᠨ᠎ᠠ ᠬᠠᠨᠭ᠍ᠰᠢ  ᠶᠢᠨ ᠶᠡᠭᠡ ᠪᠠᠷ ᠦᠰᠭᠦ  ᠶᠢ ᠲᠠᠭᠠᠯᠳᠤᠨ᠂ ᠨᠤᠯᠤᠤᠷ  ᠤᠨ ᠢᠮᠠᠭ᠎ᠠ ᠮᠠᠯᠵᠢᠵᠤ ᠦᠰᠭᠡᠭᠦ ᠨᠢ ᠨᠢᠭᠡ ᠵᠤᠶᠢᠯ  ᠤᠨ ᠪᠠᠶᠠᠵᠢᠯ  ᠤᠨ ᠪᠦᠳᠦᠮᠵᠢᠳᠡᠢ ᠠᠷᠭ᠎ᠠ ᠵᠠᠮ ᠪᠤᠯᠤᠠᠠᠰᠠᠨ ᠪᠠᠶᠢᠨ᠎ᠠ᠃ ᠲᠡᠭᠡᠪᠡᠯ ᠢᠮᠠᠭ᠎ᠠ  ᠶᠢ ᠦᠰᠴᠤ ᠦᠷᠡᠵᠢᠭᠦᠯᠭᠦ ᠳᠤ ᠲᠤᠤᠷᠠᠭᠢ ᠭᠡᠳᠦᠨ ᠲᠠᠯ᠎ᠠ  ᠶᠢ ᠭᠠᠷᠳᠠᠨ ᠭᠢᠪᠡᠯ ᠵᠤᠭᠢᠨ᠎ᠠ᠃
    ᠨᠢᠭᠡ᠂ ᠰᠠᠶᠢᠨ ᠡᠭᠦᠯᠳᠡᠷ  ᠤᠨ ᠤᠬᠤᠨ᠎ᠠ ᠭᠢᠭᠡᠳ ᠪᠡᠶ᠎ᠠ ᠪᠢᠯᠳᠡᠷ  ᠢᠶᠠᠷ ᠲᠤᠮᠤ᠂ ᠲᠠᠷᠭᠤ ᠭᠦᠴᠤ ᠰᠠᠶᠢᠳᠠᠢ ᠡᠭᠡ ᠮᠠᠯ  ᠢ ᠰᠤᠩᠭᠤᠨ ᠲᠡᠵᠢᠭᠡᠨ᠎ᠡ᠃ ᠢᠡᠭᠭᠢᠮᠡᠡᠵᠢᠨ ᠰᠠᠶ᠋ᠢ ᠲᠦᠯ  ᠤᠨ ᠡᠳᠡᠭᠡᠷᠡᠯᠳᠡ ᠤᠨᠳᠤᠷᠤᠯᠳᠠ ᠰᠠᠶᠢᠵᠢᠷᠠᠵᠤ᠂ ᠢᠰᠢᠭᠡᠨ  ᠤ ᠦᠰᠦᠯᠳᠡ ᠲᠦᠷᠭᠡᠰᠴᠤ᠂ ᠠᠵᠤ ᠠᠬᠤᠢ  ᠶᠢᠨ ᠦᠷ᠎ᠠ ᠠᠰᠢᠭ ᠨᠢ ᠦᠨᠳᠤᠷᠵᠢᠵᠤ ᠴᠢᠳᠠᠨ᠎ᠠ᠃
     ᠬᠤᠶᠠᠷ᠂ ᠵᠤᠭᠢᠰᠳᠠᠢ ᠴᠠᠭ ᠲᠤᠨᠢ ᠭᠡᠭᠡᠯᠳᠦᠭᠦᠯᠦᠨ᠎ᠠ᠃ ᠭᠡᠳᠤ ᠡᠷᠳᠡ ᠪᠤᠶᠤ ᠡᠰᠡᠭᠦᠯ᠎ᠠ ᠭᠡᠳᠤ ᠤᠷᠤᠢ ᠭᠡᠭᠡᠯᠳᠦᠭᠦᠯᠭᠦ ᠨᠢ ᠪᠦᠷ ᠵᠤᠭᠢᠰ ᠦᠭᠡᠢ ᠶᠤᠮ᠃ ᠨᠤᠯᠤᠤᠷ  ᠤᠨ ᠢᠮᠠᠭ᠎ᠠ  ᠶᠢ ᠲᠦᠷᠦᠭᠦᠤ ᠵᠢᠯ  ᠤᠨ10 ~11 ᠰᠠᠷ᠎ᠠ ᠳᠤ ᠭᠡᠭᠡᠯᠳᠦᠭᠦᠯᠦᠭᠰᠡᠨ ᠪᠤᠯ ᠢᠷᠡᠭᠦ ᠬᠠᠪᠤᠷ  ᠤᠨ ᠭᠢᠨᠢ 3 ~ 4 ᠰᠠᠷ᠎ᠠ ᠳᠤ ᠲᠦᠯᠯᠡᠭᠦᠯᠪᠡᠯ ᠬᠠᠮᠤᠭ ᠠᠴᠠ ᠰᠠᠶᠢᠨ ᠪᠠᠶᠢᠳᠠᠭ᠃
     ᠭᠤᠷᠪᠡ᠂ ᠰᠤᠪᠠᠶᠢᠷᠠᠬᠤ ᠪᠠ ᠭᠡᠭᠡᠯ ᠬᠠᠶᠠᠬᠤ  ᠶᠢ ᠰᠠᠷᠡᠮᠵᠢᠯᠡᠨ᠎ᠡ᠃ ᠡᠭᠦᠨᠳᠤ ᠠᠷᠠᠴᠢᠯᠠᠭ᠎ᠠ ᠲᠤᠳᠤᠮᠳᠠᠯᠭ᠎ᠠ ᠪᠠᠨ ᠴᠢᠩᠭᠠᠳᠬᠠᠵᠤ᠂ ᠡᠭᠡ ᠮᠠᠯ  ᠤᠨ ᠲᠠᠷᠭᠤ ᠭᠦᠴᠤ  ᠶᠢ ᠬᠠᠮᠠᠭᠠᠯᠠᠵᠤ᠂ ᠭᠡᠳᠤ ᠲᠦᠷᠭᠡᠨ ᠭᠦᠭᠡᠭᠡᠵᠤ ᠲᠠᠭᠤᠬᠤ ᠪᠠ ᠲᠠᠰᠢᠭᠤᠷᠳᠠᠬᠤ  ᠶᠢ ᠭᠢᠴᠢᠶᠠᠨ᠎ᠠ᠃ ᠲᠤᠠᠠᠳᠠᠮᠠᠯ ᠬᠤᠭᠤᠴᠠᠭ᠎ᠠ ᠲᠠᠢ ᠪᠠᠷ ᠬᠤᠵᠢᠷᠯᠠᠨ᠂ ᠤᠬᠤᠨ᠎ᠠ  ᠶᠢ ᠰᠦᠷᠦᠭ ᠠᠴᠠ ᠰᠠᠯᠭᠠᠬᠤ ᠵᠡᠷᠭᠡ ᠠᠷᠠᠴᠢᠯᠠᠭ᠎ᠠ ᠮᠠᠯᠯᠠᠭ᠎ᠠ  ᠶᠢ ᠰᠠᠶᠢᠨ ᠭᠢᠪᠡᠯ ᠵᠤᠭᠢᠨ᠎ᠠ᠃
     ᠲᠦᠷᠪᠡ᠂ ᠡᠮ᠎ᠠ ᠢᠮᠠᠭᠠᠳ  ᠤᠨ ᠦᠷᠡᠵᠢᠯ  ᠤᠨ ᠡᠷᠭᠡᠳᠡᠨ  ᠤ ᠭᠡᠮ ᠭᠢᠵᠢᠭ  ᠢ ᠱᠠᠯᠠᠪᠳᠠᠨ ᠵᠠᠰᠬᠤ ᠭᠡᠷᠡᠭᠳᠡᠢ᠃ ᠭᠡᠭᠡᠯᠳᠡᠢ ᠢᠮᠠᠭᠠᠳ  ᠢ ᠢᠰᠢᠭᠡᠯᠡᠭᠦ ᠠᠴᠠ 20 ~ 25 ᠡᠳᠤᠷ  ᠤᠨ ᠡᠮᠦᠨ᠎ᠠ ᠦᠷᠡᠵᠢᠯ  ᠤᠨ ᠡᠷᠭᠡᠳᠡᠨ  ᠤ ᠪᠠᠶᠢᠴᠠᠭᠠᠯᠳᠠ ᠭᠢᠵᠤ ᠦᠷᠪᠢᠰᠦᠯ ᠪᠠᠶᠢᠬᠤ ᠡᠰᠡᠭᠦ ᠪᠠᠷ ᠨᠢ ᠡᠮᠨᠡᠨ ᠵᠠᠰᠠᠪᠠᠯ ᠵᠤᠭᠢᠨ᠎ᠠ᠃
      ᠲᠠᠪᠤ᠂ ᠢᠵᠢᠯ ᠬᠤᠭᠤᠴᠠᠭᠠᠨ ᠳᠤ ᠤᠷᠤᠭ᠎ᠠ ᠤᠷᠤᠭᠤᠯᠬᠤ ᠰᠢᠨ᠎ᠠ ᠮᠡᠷᠭᠡᠵᠢᠯ  ᠢ ᠭᠡᠷᠡᠭᠯᠡᠪᠡᠯ ᠰᠠᠶᠢᠨ ᠶᠤᠮ᠃ ᠡᠨᠡ ᠨᠢ ᠭᠠᠷ ᠭᠡᠭᠡᠯᠳᠦᠭᠦᠯᠭᠡ ᠭᠢᠵᠤ᠂ ᠡᠭᠦᠯᠳᠡᠷ ᠤᠠᠠᠰᠠᠭ᠎ᠠ  ᠶᠢ ᠰᠠᠶᠢᠵᠢᠷᠠᠭᠤᠯᠬᠤ ᠬᠠᠮᠤᠭ  ᠤᠨ ᠲᠤᠭᠢᠳᠠᠢ ᠴᠠᠭ ᠲᠤ ᠲᠦᠯ  ᠢᠶᠠᠨ ᠲᠦᠪᠯᠡᠷᠡᠭᠦᠯᠦᠨ ᠲᠤᠰᠴᠤ ᠪᠤᠶᠢᠵᠢᠭᠤᠯᠬᠤ ᠪᠠ ᠡᠳᠡᠭᠡᠷᠡᠯᠳᠡ ᠤᠨᠳᠤᠷᠤᠯᠳᠠ  ᠶᠢ ᠲᠡᠭᠡᠭᠰᠢᠯᠡᠭᠦᠯᠭᠦ ᠳᠤ ᠴᠦᠮ ᠠᠰᠢᠠᠠᠳᠠᠢ ᠶᠤᠮ᠃
     ᠵᠢᠷᠭᠤᠭ᠎ᠠ᠂ ᠢᠭᠡᠷᠡᠯᠡᠭᠦ ᠤᠳᠤᠮ  ᠤᠨ ᠡᠭᠡ ᠮᠠᠯ ᠭᠢᠭᠡᠳ ᠲᠦᠯ  ᠢᠶᠠᠷ ᠨᠢ ᠦᠷᠡᠵᠢᠭᠴᠢ ᠮᠠᠯ ᠪᠤᠯᠭᠠᠪᠠᠯ ᠰᠠᠶᠢᠨ ᠪᠢᠯᠡ᠃ ᠢᠡᠭᠭᠢᠪᠡᠯ ᠢᠭᠡᠷᠡᠯᠡᠭᠦ ᠨᠤᠷᠮ᠎ᠠ  ᠶᠢ ᠮᠡᠳᠡᠭᠳᠡᠮ᠎ᠠ ᠲᠡᠭᠡᠭᠰᠢᠯᠡᠭᠦᠯᠦᠨ᠎ᠠ᠃ 3 ~ 4 ᠤᠳᠠᠭ᠎ᠠ ᠢᠰᠢᠭᠡᠯᠡᠭᠰᠡᠨ ᠢᠮᠠᠭᠠᠳ  ᠤᠨ ᠢᠭᠡᠷᠡᠯᠡᠭᠦ ᠪᠤᠯᠤᠯᠴᠠᠭ᠎ᠠ ᠨᠢ ᠶᠡᠭᠡ ᠪᠠᠶᠢᠳᠠᠭ ᠲᠤᠯᠠ ᠠᠷᠠᠴᠢᠯᠠᠭ᠎ᠠ ᠲᠤᠳᠤᠮᠳᠠᠯᠭ᠎ᠠ ᠪᠠᠨ ᠤᠯᠠᠮ ᠢᠯᠡᠭᠦᠤ ᠴᠢᠩᠭᠠᠳᠬᠠᠪᠠᠯ ᠵᠤᠭᠢᠨ᠎ᠠ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ