ᠬᠤᠨᠢ ᠲᠡᠵᠢᠭᠡᠭᠦ ᠳᠤ ᠠᠩᠬᠠᠷᠬᠤ ᠲᠦᠷᠪᠡᠨ ᠵᠤᠶᠢᠯᠡᠰ
ᠨᠡᠶᠢᠲᠡᠯᠡᠭᠰᠡᠨ ᠴᠠᠭ᠄
2015/12/17

     ᠨᠢᠭᠡ᠂ ᠲᠠᠵᠢᠭᠡᠯ ᠪᠤᠷᠳᠤᠭ᠎ᠠ  ᠶᠢᠨ ᠲᠤᠭᠢᠷᠠᠭᠤᠯᠤᠯᠳᠠ ᠳᠤ ᠲᠦᠷᠦᠯ ᠵᠤᠶᠢᠯ  ᠢ ᠨᠢ ᠤᠯᠠᠨ ᠪᠤᠯᠭᠠᠵᠤ ᠬᠤᠨᠢ ᠲᠡᠵᠢᠭᠡᠪᠡᠯ ᠪᠤᠷᠳᠤᠭ᠎ᠠ  ᠶᠢᠨ ᠰᠢᠮ᠎ᠠ ᠲᠡᠵᠢᠭᠡᠯ ᠨᠢ ᠡᠯᠪᠡᠭ ᠪᠤᠯᠵᠤ᠂ ᠬᠤᠨᠢᠨ  ᠤ ᠢᠳᠡᠰᠢᠯᠡᠭᠦ ᠲᠤᠷᠠᠰᠢᠯ ᠨᠢ ᠨᠡᠮᠡᠭᠳᠡᠨ᠂ ᠬᠤᠨᠢᠨ  ᠤ ᠦᠰᠦᠯᠳᠡ ᠪᠤᠶᠢᠵᠢᠯᠳᠡ  ᠶᠢ ᠠᠭᠢᠭᠤᠯᠵᠤ ᠴᠢᠳᠠᠨ᠎ᠠ᠃ ᠵᠤᠨ  ᠤ ᠤᠯᠠᠷᠢᠯ ᠳᠤ ᠭᠦᠭᠡ ᠲᠡᠵᠢᠭᠡᠯ ᠪᠤᠷᠳᠤᠭ᠎ᠠ( ᠵᠢᠱᠢᠶᠡᠯᠡᠪᠡᠯ ᠰᠢᠨ᠎ᠠ ᠰᠤᠷᠭᠤᠭ ᠭᠦᠭᠡ ᠡᠪᠡᠰᠤ᠂ ᠨᠠᠪᠴᠢ ᠨᠤᠭᠤᠭ᠎ᠠ᠂ ᠮᠤᠳᠤᠨ ᠨᠠᠪᠴᠢ ᠵᠡᠷᠭᠡ︶ ᠪᠠᠷ ᠭᠤᠤᠯᠯᠠᠨ᠎ᠠ᠃ ᠡᠳᠤᠷ ᠲᠤ ᠪᠠᠭ᠎ᠠ ᠭᠡᠮᠵᠢᠶᠠᠨ  ᠤ ᠨᠠᠷᠢᠯᠢᠭ ᠪᠤᠷᠳᠤᠭ᠎ᠠ ︵ᠡᠷᠳᠡᠨᠢ ᠰᠢᠰᠢ᠂ ᠠᠭ᠎ᠠ  ᠶᠢᠨ ᠬᠠᠯᠢᠰᠤ ᠵᠡᠷᠭᠡ︶ ᠨᠦᠭᠦᠪᠤᠷᠢᠯᠡᠵᠤ᠂ ᠡᠪᠤᠯ ᠬᠠᠪᠤᠷ  ᠤᠨ ᠤᠯᠠᠷᠢᠯ ᠳᠤ ᠰᠢᠪᠳᠤᠷᠵᠢᠭᠤᠯᠤᠠᠠᠰᠠᠨ ᠭᠦᠭᠡ ᠲᠠᠷᠤᠰᠢ ᠪᠤᠷᠳᠤᠭ᠎ᠠ ᠪᠠᠷ ᠲᠡᠵᠢᠭᠡᠪᠡᠯ ᠰᠠᠶᠢᠨ ᠶᠤᠮ᠃
      ᠬᠤᠶᠠᠷ᠂ ᠲᠡᠵᠢᠭᠡᠯ ᠪᠤᠷᠳᠤᠭ᠎ᠠ  ᠶᠢᠨ ᠠᠷᠢᠭᠤᠨ ᠴᠡᠪᠡᠷ ᠡᠷᠡᠭᠦᠯ ᠬᠠᠮᠠᠭᠠᠯᠠᠯ  ᠢ ᠪᠠᠳᠤᠯᠠᠨ᠎ᠠ᠃ ᠬᠤᠨᠢ ᠲᠡᠵᠢᠭᠡᠭᠦ ᠪᠤᠷᠳᠤᠭ᠎ᠠ  ᠶᠢᠨ ᠠᠷᠢᠭᠤᠨ ᠴᠠᠪᠠᠷ ᠡᠷᠡᠭᠦᠯ ᠬᠠᠮᠠᠭᠠᠯᠠᠯ  ᠢ ᠠᠩᠬᠠᠷᠴᠤ᠂ ᠰᠢᠪᠠᠷ ᠰᠢᠷᠤᠢ ᠪᠤᠶᠤ ᠭᠢᠷᠠᠭᠤ ᠲᠠᠢ ᠭᠦᠭᠡ ᠡᠪᠡᠰᠤ ᠪᠠᠷ ᠲᠡᠵᠢᠭᠡᠭᠦ  ᠶᠢ ᠭᠢᠴᠢᠶᠠᠨ᠂ ᠡᠪᠡᠰᠤᠨ  ᠤ ᠲᠦᠷᠦᠯ  ᠤᠨ ᠲᠡᠵᠢᠭᠡᠯ ᠪᠤᠷᠳᠤᠭ᠎ᠠ  ᠶᠢ ᠤᠭᠢᠶᠠᠨ ᠴᠡᠪᠡᠷᠯᠡᠭᠰᠡᠨ  ᠤ ᠲᠠᠷᠠᠭ᠎ᠠ ᠲᠠᠭᠢᠨ ᠬᠤᠨᠢ ᠪᠠᠨ ᠲᠡᠵᠢᠭᠡᠨ᠎ᠡ᠂ ᠭᠡᠷᠭᠢᠪᠡᠴᠤ ᠲᠡᠳᠡᠭᠡᠷ ᠨᠢᠭᠡᠨᠳᠡ ᠢᠯᠵᠢᠷᠠᠨ ᠴᠢᠨᠠᠷ ᠬᠤᠪᠢᠷᠬᠠᠰᠠᠨ ᠲᠡᠵᠢᠭᠡᠯ ᠪᠤᠷᠳᠤᠭ᠎ᠠ ᠪᠠᠷ ᠲᠡᠵᠢᠭᠡᠵᠤ ᠪᠤᠯᠬᠤ ᠦᠭᠡᠢ ᠶᠤᠮ᠃ ᠬᠠᠮᠤᠭ ᠰᠠᠶᠢᠨ ᠨᠢ ᠬᠤᠨᠢᠨ ᠳᠤ ᠲᠤᠰᠬᠠᠢ ᠲᠡᠵᠢᠭᠡᠯ  ᠤᠨ ᠤᠡᠭᠭᠤᠴᠠ ᠵᠡᠷᠭᠡ  ᠶᠢ ᠪᠡᠯᠡᠳᠭᠡᠵᠤ ᠦᠭᠭᠦ ᠪᠦᠭᠡᠳ ᠦᠷᠭᠦᠯᠵᠢ ᠱᠤᠸᠠᠰᠠᠳᠠᠨ ᠤᠭᠢᠶᠠᠵᠤ ᠠᠷᠢᠭᠤᠳᠬᠠᠬᠤ ᠴᠢᠬᠤᠯᠠ ᠲᠠᠢ ᠶᠤᠮ᠃ ᠲᠡᠵᠢᠭᠡᠯ ᠪᠤᠷᠳᠤᠭ᠎ᠠ ᠦᠭᠭᠦ ᠲᠤᠭ᠎ᠠ ᠭᠡᠮᠵᠢᠶᠠᠨ  ᠤ ᠲᠠᠯ᠎ᠠ ᠪᠠᠷ ᠬᠤᠨᠢᠨ ᠳᠤ ᠭᠡᠷᠡᠭᠰᠡᠭᠦ ᠲᠡᠵᠢᠭᠡᠯ ᠪᠤᠷᠳᠤᠭ᠎ᠠ  ᠶᠢᠨ ᠪᠠᠶᠢᠳᠠᠯ  ᠢ ᠦᠨᠳᠦᠰᠦᠯᠡᠨ ᠬᠤᠭᠤᠰᠤᠷᠠᠳᠠᠯ᠎ᠠ ᠢᠳᠡᠰᠢᠯᠡᠭᠦᠯᠭᠦ ᠪᠦᠭᠡᠳ ᠬᠤᠨᠢᠨ  ᠤ ᠡᠩ  ᠤᠨ ᠭᠡᠷᠡᠭᠴᠡᠭᠡ  ᠶᠢ ᠬᠠᠨᠭ᠍ᠭᠠᠪᠠᠯ ᠰᠠᠶᠢᠨ ᠪᠠᠶᠢᠳᠠᠭ᠂ ᠨᠢᠭᠡ ᠯᠡ ᠤᠳᠠᠭ᠎ᠠ ᠳᠤ ᠢᠳᠡᠰᠢ ᠬᠠᠨᠭ᠍ᠭᠠᠪᠠᠯ ᠭᠡᠳᠦᠷᠡᠭᠦ ᠪᠤᠶᠤ ᠪᠠᠰᠠ ᠭᠡᠳᠦᠷᠭᠡᠢ ᠪᠠᠭ᠎ᠠ ᠦᠭᠴᠤ ᠪᠤᠯᠬᠤ ᠦᠭᠡᠢ ᠶᠤᠮ᠃
      ᠭᠤᠷᠪᠡ᠂ ᠲᠡᠵᠢᠭᠡᠯ ᠪᠤᠷᠳᠤᠭ᠎ᠠ ᠪᠠᠨ ᠢᠳᠡᠭ ᠢᠳᠡᠭ  ᠢᠶᠠᠷ ᠬᠤᠪᠢᠷᠠᠭᠤᠯᠤᠨ᠎ᠠ᠃ ᠵᠤᠨ ᠨᠠᠮᠤᠷ  ᠤᠨ ᠤᠯᠠᠷᠢᠯ ᠳᠤ ᠭᠦᠭᠡ ᠲᠡᠵᠢᠭᠡᠯ ᠪᠤᠷᠳᠤᠭ᠎ᠠ ᠠᠷᠪᠢᠨ᠂ ᠡᠪᠤᠯ ᠬᠠᠪᠤᠷ  ᠤᠨ ᠤᠯᠠᠷᠢᠯ ᠳᠤ ᠬᠠᠭᠤᠷᠠᠢ ᠲᠡᠵᠢᠭᠡᠯ ᠪᠤᠷᠳᠤᠭ᠎ᠠ ᠠᠷᠪᠢᠨ ᠪᠠᠶᠢᠳᠠᠭ ᠪᠤᠯᠬᠤᠷ ᠤᠯᠠᠷᠢᠯ  ᠤᠨ ᠬᠤᠪᠢᠷᠠᠯᠳᠠ  ᠶᠢ ᠲᠠᠭᠠᠯᠳᠤᠭᠤᠯᠵᠤ ᠪᠤᠷᠳᠤᠭ᠎ᠠ ᠪᠠᠨ ᠢᠳᠡᠭ ᠢᠳᠡᠭ  ᠢᠶᠠᠷ ᠬᠤᠪᠢᠷᠠᠭᠤᠯᠬᠤ ᠠᠴᠠ ᠪᠢᠰᠢ᠂ ᠦᠨᠤᠳᠤᠷ ᠭᠦᠭᠡ ᠲᠡᠵᠢᠭᠡᠯ ᠪᠤᠷᠳᠤᠭ᠎ᠠ ᠪᠠᠷ ᠲᠡᠵᠢᠭᠡᠨ᠂ ᠮᠠᠷᠭᠠᠰᠢ ᠨᠢ ᠬᠠᠭᠤᠷᠠᠢ ᠬᠠᠳ᠋ᠬᠠᠰᠠᠨ ᠲᠡᠵᠢᠭᠡᠯ ᠡᠪᠡᠰᠤ ᠪᠠᠷ ᠲᠡᠵᠢᠭᠡᠭᠦ ᠮᠡᠳᠤ ᠪᠠᠷ ᠬᠤᠪᠢᠷᠠᠭᠤᠯᠵᠤ ᠪᠤᠯᠬᠤ ᠦᠭᠡᠢ᠃ ᠤᠯᠠᠷᠢᠯ ᠤᠯᠠᠷᠢᠬᠤ  ᠶᠢᠨ ᠡᠮᠦᠨ᠎ᠠ ᠬᠤᠶᠢᠨ᠎ᠠ᠂ ᠭᠦᠭᠡ ᠲᠡᠵᠢᠭᠡᠯ ᠪᠤᠷᠳᠤᠭ᠎ᠠ ᠪᠠ ᠬᠠᠭᠤᠷᠠᠢ ᠬᠠᠳ᠋ᠬᠠᠰᠠᠨ ᠲᠡᠵᠢᠭᠡᠯ ᠡᠪᠡᠰᠤ  ᠶᠢ ᠬᠤᠯᠢᠨ ᠲᠡᠵᠢᠭᠡᠭᠦ ᠪᠦᠭᠡᠳ ᠵᠤᠭᠢᠬᠤ ᠭᠡᠮᠵᠢᠶ᠎ᠠ ᠲᠠᠢ ᠪᠠᠷ ᠨᠡᠮᠡᠵᠤ ᠬᠠᠰᠤᠬᠤ ᠭᠡᠷᠡᠭᠳᠡᠢ᠃
      ᠲᠦᠷᠪᠡ᠂ ᠲᠡᠵᠢᠭᠡᠯ ᠪᠤᠷᠳᠤᠭ᠎ᠠ  ᠶᠢ ᠭᠡᠮᠵᠢᠶ᠎ᠠ ᠲᠠᠢ ᠮᠦᠷᠳᠡᠭᠡᠨ ᠲᠤᠠᠠᠳ᠋ᠬᠠᠰᠠᠨ ᠴᠠᠭ ᠲᠠᠢ ᠬᠠᠨᠭ᠍ᠭᠠᠪᠠᠯ ᠵᠤᠭᠢᠨ᠎ᠠ᠃ ᠬᠤᠨᠢᠨ ᠳᠤ ᠦᠭᠭᠦ ᠲᠡᠵᠢᠭᠡᠯ ᠪᠤᠷᠳᠤᠭ᠎ᠠ  ᠶᠢᠨ ᠴᠠᠭ ᠪᠠ ᠲᠤᠭ᠎ᠠ ᠭᠡᠮᠵᠢᠶ᠎ᠠ  ᠶᠢ ᠠᠳᠠᠯᠢ ᠪᠤᠰᠤ ᠬᠤᠨᠢᠨ  ᠤ ᠪᠠᠶᠢᠳᠠᠯ ᠭᠢᠭᠡᠳ ᠲᠡᠭᠦᠨ  ᠤ ᠦᠰᠦᠯᠳᠡ ᠪᠤᠶᠢᠵᠢᠯᠳᠡ  ᠶᠢᠨ ᠪᠠᠶᠢᠳᠠᠯ  ᠢ ᠦᠨᠳᠦᠰᠦᠯᠡᠨ ᠲᠤᠠᠠᠳᠠᠭᠠᠨ᠎ᠠ᠂ ᠨᠠᠰᠤ ᠭᠦᠢᠴᠡᠭᠰᠡᠨ ᠬᠤᠨᠢ  ᠶᠢ ᠶᠠᠷᠤ ᠳᠡᠭᠡᠨ ᠡᠳᠤᠷ ᠲᠤ ᠭᠤᠷᠪᠡ ᠤᠳᠠᠭ᠎ᠠ ᠲᠡᠵᠢᠭᠡᠳᠡᠭ᠂ ᠬᠤᠷᠠᠭ᠎ᠠ ᠳᠤ ᠪᠤᠯ ᠡᠭᠡ  ᠶᠢᠨ  ᠢᠶᠠᠨ ᠰᠦ  ᠶᠢ ᠭᠦᠭᠦᠭᠦ ᠲᠠᠢ ᠨᠢ ᠤᠶᠠᠯᠳᠤᠭᠤᠯᠵᠤ ᠪᠠᠶᠢᠭᠠᠳ ᠨᠢᠭᠡ ᠭᠡᠰᠡᠭ ᠰᠢᠩᠭᠡᠪᠳᠤᠷ ᠰᠢᠭᠦᠰᠦᠯᠢᠭ ᠨᠠᠷᠢᠯᠢᠭ ᠲᠠᠵᠢᠭᠡᠯ ᠪᠤᠷᠳᠤᠭ᠎ᠠ ᠦᠭᠴᠤ ︵ᠵᠤᠭᠢᠬᠤ ᠭᠡᠮᠵᠢᠶ᠎ᠠ ᠲᠠᠢ︶ ᠪᠤᠯᠤᠨ᠎ᠠ᠃ ᠡᠪᠤᠯ  ᠤᠨ ᠤᠯᠠᠷᠢᠯ ᠳᠤ ᠰᠦᠨᠢ ᠤᠷᠳᠤ᠂ ᠡᠳᠤᠷ ᠤᠬᠤᠷ ᠪᠤᠯᠬᠤᠷ ᠡᠷᠳᠡ ᠨᠢᠭᠡ ᠤᠳᠠᠭ᠎ᠠ ᠲᠡᠵᠢᠭᠡᠵᠤ᠂ ᠦᠳᠡᠰᠢ ᠪᠠᠰᠠ ᠨᠢᠭᠡ ᠤᠳᠠᠭ᠎ᠠ ᠲᠡᠵᠢᠭᠡᠯ ᠡᠪᠡᠰᠤ ᠬᠠᠶᠠᠨ ᠦᠭᠴᠤ ᠲᠡᠵᠢᠭᠡᠪᠡᠯ ᠰᠠᠶᠢᠨ ᠶᠤᠮ᠃ ᠵᠤᠨ  ᠤ ᠡᠳᠤᠷ ᠠᠭᠠᠭᠢᠮ᠎ᠠ ᠬᠠᠯᠠᠭᠤᠨ ᠪᠦᠭᠡᠳ ᠬᠤᠨᠢᠨ  ᠤ ᠪᠡᠶ᠎ᠠ ᠳᠠᠬᠢ ᠡᠨᠧᠷᠭᠢ  ᠶᠢᠨ ᠵᠠᠷᠤᠴᠠᠭᠤᠯᠤᠮᠵᠢ ᠶᠡᠭᠡ ᠪᠠᠶᠢᠳᠠᠭ ᠲᠤᠯᠠ᠂ ᠡᠷᠳᠡ ᠤᠷᠤᠢ  ᠶᠢᠨ ᠰᠡᠷᠢᠭᠦᠨ ᠴᠠᠭ ᠲᠤ ᠢᠯᠡᠭᠦᠭᠡᠨ ᠪᠠᠯᠴᠢᠭᠡᠷᠯᠡᠭᠦᠯᠭᠦ  ᠪᠤᠶᠤ ᠲᠡᠵᠢᠭᠡᠯ ᠪᠤᠷᠳᠤᠭ᠎ᠠ ᠨᠦᠭᠦᠪᠤᠷᠢᠯᠡᠵᠤ ᠪᠤᠯᠤᠨ᠎ᠠ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ