ᠬᠤᠷᠠᠭ᠎ᠠ ᠪᠤᠶᠢᠵᠢᠭᠤᠯᠬᠤ ᠲᠤᠬᠠᠢ
ᠨᠡᠶᠢᠲᠡᠯᠡᠭᠰᠡᠨ ᠴᠠᠭ᠄
2015/12/17

     ᠬᠤᠷᠠᠭ᠎ᠠ ᠪᠤᠶᠢᠵᠢᠭᠤᠯᠬᠤ ᠳᠤ ᠬᠤᠷᠠᠭᠠᠨ  ᠤ ᠲᠦᠷᠦᠯ ᠪᠠ ᠤᠳᠤᠮ ᠤᠠᠠᠰᠠᠭ᠎ᠠ  ᠶᠢᠨ ᠠᠳᠠᠯᠢ ᠦᠭᠡᠢ ᠠᠴᠠ ᠪᠤᠯᠵᠤ ᠠᠷᠠᠴᠢᠯᠠᠵᠤ ᠪᠤᠶᠢᠵᠢᠭᠤᠯᠬᠤ ᠨᠢ ᠴᠤ ᠠᠳᠠᠯᠢ ᠦᠭᠡᠢ ᠪᠠᠶᠢᠳᠠᠭ᠃ ᠨᠤᠳᠤᠭ  ᠤᠨ ᠬᠤᠨᠢᠨ  ᠤ ᠬᠤᠷᠠᠭ᠎ᠠ ᠪᠤᠯ ᠡᠭᠡ ᠠᠴᠠ ᠪᠠᠨ ᠭᠠᠷᠬᠤ ᠳᠠᠭᠠᠨ ᠦᠰᠤ ᠨᠤᠤᠰᠤ ᠦᠨᠳᠤᠷ᠂ ᠦᠰᠦᠯᠳᠡ ᠨᠢ ᠲᠦᠷᠭᠡᠨ ᠮᠦᠷᠳᠡᠭᠡᠨ ᠭᠦᠢᠳᠡᠨ ᠳᠤ ᠴᠤ ᠲᠠᠰᠪᠤᠷᠢᠳᠡᠢ ᠪᠤᠯᠬᠤᠷ ᠬᠤᠷᠠᠭᠠᠯᠬᠠᠰᠠᠨ ᠬᠤᠷᠠᠭ᠎ᠠ  ᠶᠢ ᠡᠭᠡ ᠲᠠᠢ ᠨᠢ ᠬᠠᠮᠳᠤ ᠪᠠᠶᠢᠯᠭᠠᠨ ᠤᠶᠢᠷ᠎ᠠ ᠪᠠᠯᠴᠢᠭᠡᠷ ᠲᠤ ᠬᠠᠷᠢᠭᠤᠯᠵᠤ ᠪᠤᠯᠤᠨ᠎ᠠ᠃ ᠡᠶᠢᠮᠤᠷᠭᠦᠤ ᠮᠠᠶ᠋ᠢᠭ  ᠢᠶᠠᠷ ᠪᠤᠶᠢᠵᠢᠠᠠᠰᠠᠨ ᠬᠤᠷᠠᠭ᠎ᠠ ᠨᠢ ᠡᠩ  ᠤᠨ ᠪᠠᠶᠢᠳᠠᠯ ᠳᠤ ᠭᠡᠨᠡᠳᠳᠡ ᠭᠡᠳᠦᠷᠡᠳᠡᠯ᠎ᠠ ᠭᠦᠭᠦᠭᠦ ᠪᠤᠶᠤ ᠬᠠᠯᠠᠭᠤᠨ ᠭᠦᠢᠳᠡᠨ ᠭᠢᠮᠤᠷᠠᠬᠤ ᠮᠠᠳᠤ  ᠶᠢᠨ ᠲᠡᠩᠴᠡᠭᠦᠷᠢ ᠪᠠᠨ ᠠᠯᠳᠠᠬᠤ ᠶᠠᠪᠤᠳᠠᠯ ᠴᠤ ᠴᠦᠭᠡᠨ ᠭᠠᠷᠳᠠᠭ᠃ ᠭᠡᠭᠦ ᠳᠤ ᠡᠪᠡᠰᠤ ᠤᠰᠤᠨ ᠳᠤ ᠡᠭᠡ ᠪᠠᠨ ᠲᠠᠭᠠᠨ ᠡᠷᠳᠡ ᠤᠷᠤᠳᠠᠭ᠃ ᠵᠤᠳ ᠭᠠᠮᠰᠢᠭ ᠲᠠᠢ ᠦᠶ᠎ᠠ ᠳᠤ ᠫᠸᠡᠭ ᠬᠤᠷᠤᠭ᠎ᠠ ᠵᠡᠷᠭᠡ ᠪᠠᠨ ᠪᠡᠯᠡᠳᠭᠡᠴᠢᠭᠡᠪᠡᠯ ᠪᠤᠯᠴᠢᠬᠠᠳᠠᠭ᠃
      ᠨᠠᠷᠢᠨ ᠨᠤᠤᠰᠤᠳᠤ ᠬᠤᠨᠢᠨ  ᠤ ᠬᠤᠷᠠᠭ᠎ᠠ ᠪᠤᠯ ᠦᠰᠤ ᠪᠤᠭᠤᠨᠢ ᠮᠦᠷᠳᠡᠭᠡᠨ ᠨᠢᠴᠦᠭᠦᠨ ᠰᠢᠬᠠᠮ ᠪᠤᠯᠬᠤᠷ ᠬᠠᠭᠢᠷ ᠭᠦᠢᠳᠡᠨ ᠳᠤ ᠲᠠᠰᠪᠤᠷᠢ ᠮᠠᠭᠤ ᠲᠠᠢ ᠪᠦᠭᠡᠳ ᠦᠰᠦᠯᠳᠡ ᠨᠢ ᠤᠳᠠᠭᠠᠨ ᠪᠠᠶᠢᠳᠠᠭ᠂ ᠡᠶᠢᠮᠤ ᠠᠴᠠ ᠭᠠᠷᠳᠠᠨ ᠪᠤᠶᠢᠵᠢᠭᠤᠯᠬᠤ ᠴᠢᠬᠤᠯᠠ ᠲᠠᠢ ᠪᠦᠭᠡᠳ ᠲᠤᠯᠠᠭᠠᠨ ᠫᠸᠡᠭ ᠬᠤᠷᠤᠭ᠎ᠠ ᠲᠠᠢ ᠪᠠᠶᠢᠬᠤ  ᠶᠢ ᠴᠢᠬᠤᠯᠠᠴᠢᠯᠠᠨ᠎ᠠ᠃ ᠡᠭᠦᠨ ᠳᠤ ᠲᠤᠯᠠᠭᠠᠨ  ᠤ ᠭᠡᠮᠵᠢᠶ᠎ᠠ  ᠶᠢ ᠲᠤᠠᠠᠳᠠᠭᠤᠨ ᠪᠠᠶᠢᠯᠭᠠᠬᠤ᠂ ᠭᠦᠭᠦᠭᠦᠯᠭᠦ ᠦᠶ᠎ᠠ ᠳᠤ ᠨᠦᠮᠦᠷᠢ ᠲᠠᠢ ᠭᠠᠵᠠᠷ  ᠢ ᠰᠤᠩᠭᠤᠬᠤ᠂ ᠰᠠᠯᠭᠢ ᠠᠪᠬᠤ ᠠᠴᠠ ᠰᠡᠷᠭᠡᠶᠢᠯᠡᠭᠦ᠂ ᠦᠯᠦᠰᠭᠦᠯᠡᠩ ᠦᠶ᠎ᠠ ᠳᠤ ᠭᠡᠨᠡᠳᠳᠡ ᠴᠠᠳᠬᠤ  ᠶᠢ ᠭᠢᠴᠢᠶᠡᠭᠦ ᠪᠡ ᠦᠯᠤ ᠴᠠᠳᠬᠤ  ᠶᠢ ᠨᠢ ᠨᠦᠭᠦᠪᠤᠷᠢᠯᠡᠨ ᠲᠡᠵᠢᠭᠡᠭᠦ ᠪᠦᠭᠡᠳ ᠭᠦᠭᠦᠭᠦᠯᠭᠦ ᠴᠠᠭ  ᠢ ᠨᠢ ᠤᠬᠤᠷᠬᠠᠨ ᠪᠠᠶᠢᠯᠭᠠᠵᠤ᠂ ᠡᠳᠤᠷ ᠲᠤ 4 ᠤᠳᠠᠭ᠎ᠠ ᠭᠦᠭᠦᠭᠦᠯᠵᠤ ᠪᠤᠯᠤᠨ᠎ᠠ᠃ ᠡᠭᠦᠨ  ᠤ ᠲᠠᠭᠠᠤ ᠬᠤᠷᠠᠭᠠᠨ  ᠤ ᠫᠸᠡᠭ ᠬᠤᠷᠤᠭ᠎ᠠ  ᠶᠢ ᠬᠠᠭᠤᠷᠠᠢ ᠪᠠᠶᠢᠯᠭᠠᠨ᠂ ᠡᠳᠤᠷ ᠪᠦᠷᠢ ᠠᠷᠢᠭᠤᠳᠬᠠᠵᠤ᠂ ᠤᠳᠠᠭ᠎ᠠ ᠪᠤᠯᠭᠠᠨ ᠡᠪᠡᠰᠤ ᠬᠤᠭ  ᠢ ᠨᠢ ᠰᠤᠯᠢᠵᠤ ᠲᠠᠪᠢᠰᠭᠦ ᠭᠡᠷᠡᠭᠳᠡᠢ᠃ ᠲᠦᠯ  ᠤᠨ ᠫᠸᠡᠭ ᠬᠤᠷᠤᠭ᠎ᠠ ᠳᠤ ᠭᠡᠢ ᠠᠭᠠᠷ ᠨᠠᠪᠳᠡᠷᠡᠭᠦᠯᠵᠤ᠂ ᠠᠭᠤᠷ ᠠᠮᠢᠰᠬᠤᠯ  ᠢ ᠨᠢ ᠰᠢᠨ᠎ᠠ ᠰᠤᠷᠭᠤᠭ ᠪᠠᠶᠢᠯᠭᠠᠨ᠎ᠠ᠃ ᠭᠡᠷᠪᠡ ᠴᠢᠭᠢᠭ ᠨᠤᠶᠢᠳᠡᠨ ᠶᠡᠭᠡ ᠪᠤᠶᠤ ᠭᠡᠳᠦᠷᠭᠡᠢ ᠬᠠᠯᠠᠭᠤᠨ ᠪᠤᠯᠪᠠᠯ ᠬᠤᠷᠠᠭ᠎ᠠ ᠠᠮᠠᠷᠬᠠᠨ ᠭᠡᠮᠨᠡᠳᠡᠭ ᠶᠤᠮ᠃ ᠶᠠᠷᠤ  ᠶᠢᠨ ᠪᠠᠶᠢᠳᠠᠯ ᠳᠤ ᠬᠤᠷᠠᠭᠠᠨ  ᠤ ᠫᠸᠡᠭ ᠳᠠᠬᠢ ᠲᠤᠯᠠᠭᠠᠨ  ᠤ ᠭᠡᠮᠵᠢᠶ᠎ᠠ  ᠶᠢ 10 ~ 15℃ ᠪᠠᠶᠢᠯᠭᠠᠪᠠᠯ ᠪᠤᠯᠴᠢᠬᠠᠨ᠎ᠠ᠃ ᠬᠤᠷᠠᠭᠠᠨ  ᠤ ᠦᠯᠦᠰᠭᠦᠯᠡᠩ ᠴᠠᠳᠬᠤᠯᠠᠩ  ᠢ ᠲᠡᠩᠴᠡᠭᠦᠯᠦᠨ ᠪᠠᠶᠢᠯᠭᠠᠵᠤ᠂ ᠬᠤᠷᠠᠭᠠᠨ ᠳᠤ ᠪᠠᠰᠠ ᠲᠠᠪᠤᠰᠤ ᠬᠤᠵᠢᠷ ᠲᠤᠯᠢᠶᠠᠯᠭᠠᠬᠤ ᠪᠤᠶᠤ ᠡᠪᠡᠰᠤ ᠨᠤᠭᠤᠭ᠎ᠠ ᠲᠠᠯᠪᠢᠨ ᠦᠭᠴᠤ ᠢᠳᠡᠰᠢᠯᠡᠭᠦᠯᠭᠦ ᠪᠠ ᠤᠰᠤᠯᠠᠵᠤ ᠰᠤᠷᠭᠠᠬᠤ ᠭᠡᠷᠡᠭᠳᠡᠢ᠃
     ᠨᠢᠯᠬ᠎ᠠ ᠬᠤᠷᠠᠭ᠎ᠠ ᠳᠤ ᠡᠭᠡ  ᠶᠢᠨ ᠭᠢᠨᠢ ᠤᠭᠤᠷᠠᠭ ᠰᠦ  ᠶᠢ ᠡᠷᠳᠡ ᠰᠢᠭ ᠭᠦᠭᠦᠭᠦᠯᠪᠡᠯ ᠭᠡᠮ ᠭᠢᠵᠢᠭ  ᠢ ᠰᠠᠷᠭᠡᠶᠢᠯᠡᠭᠦ ᠪᠠ ᠬᠤᠷᠠᠭᠠᠨ  ᠤ ᠦᠰᠦᠯᠳᠡ ᠪᠤᠶᠢᠵᠢᠯᠳᠡ ᠳᠤ ᠴᠦᠮ ᠠᠰᠢᠭ ᠲᠠᠢ ᠪᠠᠶᠢᠳᠠᠭ᠃ ᠨᠢᠯᠬ᠎ᠠ ᠬᠤᠷᠠᠭ᠎ᠠ ᠳᠤ ᠡᠭᠢᠨ  ᠤ 7 ᠬᠤᠨᠤᠭ ᠲᠤ ᠡᠳᠤᠷ ᠪᠦᠷᠢ 2 ᠤᠳᠠᠭ᠎ᠠ ᠡᠭᠡ  ᠶᠢᠨ ᠭᠢᠨᠢ ᠤᠭᠤᠷᠠᠭ ᠰᠦ  ᠶᠢ ᠭᠦᠭᠦᠭᠦᠯᠦᠨ᠎ᠠ᠃ ᠢᠡᠭᠭᠢᠵᠤ ᠰᠠᠶᠢᠳᠤᠷ ᠠᠩᠬᠠᠷᠤᠨ᠂ ᠲᠠᠰ ᠬᠤᠪᠢᠶᠠᠨ ᠲᠤᠰ ᠲᠤᠰ ᠲᠤᠨᠢ ᠢᠯᠭᠠᠨ ᠲᠡᠵᠢᠭᠡᠵᠤ ᠠᠷᠠᠴᠢᠯᠠᠬᠤ ᠮᠦᠷᠳᠡᠭᠡᠨ ᠭᠦᠴᠤ ᠲᠠᠮᠢᠷ ᠪᠠ ᠰᠤᠯᠠ ᠲᠤᠷᠤᠢ  ᠶᠢ ᠨᠢ ᠢᠯᠭᠠᠨ ᠰᠠᠯᠭᠠᠵᠤ᠂ ᠠᠰ ᠲᠤᠨᠢ ᠠᠷᠠᠴᠢᠯᠠᠨ ᠲᠡᠵᠢᠭᠡᠭᠦ ᠪᠤᠶᠤ ᠭᠡᠮ ᠲᠠᠢ ᠬᠤᠷᠠᠭ᠎ᠠ  ᠶᠢ ᠲᠤᠰᠠᠭᠠᠷᠯᠠᠨ ᠤᠠᠠᠵᠢᠵᠤ ᠲᠡᠵᠢᠭᠡᠭᠦ ᠭᠡᠷᠡᠭᠳᠡᠢ᠃ ᠡᠮ᠎ᠠ ᠬᠤᠨᠢᠨ  ᠤ ᠲᠦᠯ  ᠢᠶᠠᠨ ᠭᠤᠯᠤᠬᠤ  ᠶᠢ ᠰᠡᠷᠭᠡᠶᠢᠯᠡᠨ᠂ ᠭᠤᠯᠤᠠᠠᠳ᠋ᠬᠠᠰᠠᠨ ᠬᠤᠷᠠᠭ᠎ᠠ ᠳᠤ ᠠᠷᠭ᠎ᠠ ᠭᠡᠮᠵᠢᠶ᠎ᠠ ᠠᠪᠴᠤ ᠪᠠᠶᠢᠭᠠᠳ ᠡᠭᠡ ᠳᠤᠨᠢ ᠠᠪᠤᠭᠤᠯᠪᠠᠯ ᠵᠤᠭᠢᠨ᠎ᠠ᠃    
      ᠲᠦᠯ  ᠤᠨ ᠭᠦᠢᠰᠤ  ᠶᠢ ᠬᠠᠮᠠᠭᠠᠯᠠᠬᠤ ᠡᠯᠢᠭᠡᠪᠴᠢ ᠪᠠᠷ ᠲᠠᠷᠤᠵᠤ ᠪᠤᠭᠤᠬᠤ ᠪᠤᠶᠤ ᠨᠢᠯᠬ᠎ᠠ ᠬᠤᠷᠠᠭᠠᠨ  ᠤ ᠭᠦᠢᠰᠤ  ᠶᠢ ᠰᠠᠶᠢᠳᠤᠷ ᠠᠷᠢᠭᠤᠳᠬᠠᠨ ᠭᠡᠮ ᠭᠢᠵᠢᠭ ᠬᠠᠯᠳᠠᠪᠤᠷᠢᠯᠠᠬᠤ ᠠᠴᠠ ᠰᠡᠷᠭᠡᠶᠢᠯᠡᠨ᠎ᠠ᠃
      ᠲᠤᠳᠠᠭᠤ ᠲᠤᠷᠭᠤᠨ ᠭᠠᠷᠤᠠᠠᠰᠠᠨ ᠪᠠ ᠪᠦᠳᠡᠩᠰᠡᠭᠰᠡᠨ ᠬᠤᠷᠠᠭ᠎ᠠ᠂ ᠭᠦᠯᠳᠡᠵᠤ ᠪᠡᠭᠡᠷᠡᠭᠰᠡᠨ ᠬᠤᠷᠠᠭᠠᠨ ᠳᠤ ᠪᠠᠭ᠎ᠠ ᠰᠠᠭ᠎ᠠ ᠬᠠᠷ᠎ᠠ ᠠᠷᠢᠭᠢ ᠴᠢᠳᠬᠤᠨ ᠤᠤᠭᠤᠯᠭᠠᠬᠤ ᠪᠤᠶᠤ ᠪᠢᠳᠡᠭᠦᠯᠡᠨ ᠬᠤᠴᠢᠵᠤ ᠲᠠᠯᠪᠢᠨ᠎ᠠ᠂ ᠡᠰᠡᠭᠦᠯ᠎ᠠ ᠬᠠᠯᠠᠭᠤᠨ ᠬᠠᠷ᠎ᠠ ᠴᠠᠢ ᠦᠭᠭᠦᠭᠰᠡᠨ ᠴᠤ ᠪᠤᠯᠤᠨ᠎ᠠ᠃ ᠰᠢᠷ᠎ᠠ ᠲᠤᠰᠤ ᠪᠤᠯ ᠭᠦᠯᠳᠡᠵᠤ ᠪᠡᠭᠡᠷᠡᠭᠰᠡᠨ ᠳᠤ ᠲᠤᠰᠠᠳᠠᠢ ᠪᠠᠷ ᠪᠠᠷᠠᠬᠤ ᠦᠭᠡᠢ ᠦᠯᠦᠰᠴᠤ ᠦᠯᠪᠡᠷᠡᠭᠦ ᠳᠤᠨᠢ ᠴᠤ ᠲᠤᠰᠠᠳᠠᠢ ᠶᠤᠮ᠃ ᠬᠤᠷᠠᠭᠠᠨ ᠳᠤ ᠦᠷᠭᠦᠯᠵᠢ ᠲᠠᠪᠤᠰᠤ ᠬᠤᠵᠢᠷ ᠲᠤᠯᠢᠶᠠᠯᠭᠠᠬᠤ ᠪᠤᠶᠤ ᠲᠠᠪᠤᠰᠤ ᠲᠠᠢ ᠤᠰᠤ ᠪᠠᠷ ᠤᠰᠤᠯᠠᠵᠤ ᠪᠤᠯᠤᠨ᠎ᠠ᠃ ᠬᠤᠷᠠᠭᠠᠨ  ᠤ ᠦᠰᠤ ᠰᠢᠷᠤᠢ ᠢᠳᠡᠭᠦ  ᠶᠢ ᠰᠡᠷᠭᠡᠶᠢᠯᠡᠪᠡᠯ ᠵᠤᠭᠢᠨ᠎ᠠ᠃
      ᠭᠦᠳᠡᠭᠡ ᠭᠡᠭᠡᠷ᠎ᠡ ᠭᠡᠭᠡᠭᠳᠡᠵᠤ ᠤᠷᠭᠢᠨ᠋ᠠᠳ᠋ᠬᠠᠰᠠᠨ ᠬᠤᠷᠠᠭ᠎ᠠ  ᠶᠢ ᠵᠠᠪᠠᠯ ᠠᠯᠭᠤᠷ ᠠᠭᠠᠵᠢᠮ  ᠢᠶᠠᠷ ᠤᠴᠢᠵᠤ ᠪᠠᠷᠢᠬᠤ ᠪᠤᠶᠤ ᠡᠷᠭᠢᠭᠦᠯᠵᠤ ᠠᠪᠬᠤ ᠭᠡᠷᠡᠭᠳᠡᠢ᠃ ᠭᠦᠶᠦᠵᠤ ᠪᠠᠶᠢᠭᠠᠳ ᠪᠦᠭᠯᠡᠷᠡᠵᠤ ᠦᠭᠦᠭᠦ ᠪᠤᠶᠤ ᠬᠤᠯᠠ ᠲᠦᠭᠡᠷᠢᠵᠤ ᠶᠠᠪᠤᠬᠤ ᠠᠴᠠ ᠰᠡᠷᠭᠡᠶᠢᠯᠡᠨ᠎ᠡ᠃
      ᠬᠤᠷᠠᠭ᠎ᠠ  ᠶᠢ ᠬᠠᠪᠤᠷ ᠲᠤᠰᠴᠤ ᠪᠤᠶᠢᠵᠢᠭᠤᠯᠳᠠᠭ ᠪᠤᠯᠬᠤᠷ ᠭᠡᠮ ᠭᠢᠵᠢᠭ ᠴᠤ ᠲᠤᠩ ᠠᠮᠠᠷᠬᠠᠨ ᠬᠠᠯᠳᠠᠪᠤᠷᠢᠯᠠᠵᠤ ᠮᠡᠳᠡᠨ᠎ᠡ᠃ ᠡᠶᠢᠮᠤ ᠠᠴᠠ ᠠᠷᠠᠴᠢᠯᠠᠭ᠎ᠠ ᠮᠠᠯᠯᠠᠭ᠎ᠠ ᠪᠠᠨ ᠴᠢᠩᠭᠠᠳᠬᠠᠵᠤ᠂ ᠤᠷᠴᠢᠨ ᠲᠤᠭᠤᠷᠢᠨ  ᠤ ᠠᠷᠢᠭᠤᠨ ᠴᠠᠪᠡᠷ  ᠢ ᠰᠠᠶᠢᠳᠤᠷ ᠭᠢᠪᠡᠯ ᠰᠠᠶ᠋ᠢ ᠬᠤᠷᠠᠭᠠᠨ  ᠤ ᠭᠡᠮ ᠭᠢᠵᠢᠭ ᠲᠡᠯᠭᠡᠷᠡᠭᠦ  ᠶᠢ ᠰᠡᠷᠭᠡᠶᠢᠯᠡᠨ ᠭᠢᠵᠠᠭᠠᠷᠯᠠᠵᠤ ᠲᠠᠶᠢᠯᠦᠨ᠎ᠠ᠃ ᠪᠠᠰᠠ ᠵᠤᠭᠢᠬᠤ ᠭᠡᠮᠵᠢᠶᠠᠨ  ᠤ ᠡᠮ ᠵᠡᠷᠭᠡ  ᠶᠢ ᠪᠡᠯᠡᠳᠭᠡᠵᠤ ᠲᠠᠯᠪᠢᠪᠠᠯ ᠵᠤᠭᠢᠨ᠎ᠠ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ