ᠠᠰᠢᠭ ᠰᠢᠮ᠎ᠠ ᠶᠡᠭᠡᠳᠡᠢ ᠢᠮᠠᠭ᠎ᠠ ᠲᠡᠵᠢᠭᠡᠭᠦ ᠦᠢᠯᠡᠰ
ᠨᠡᠶᠢᠲᠡᠯᠡᠭᠰᠡᠨ ᠴᠠᠭ᠄
2015/12/17

        ︽ᠶᠠᠭᠠᠷᠬᠠᠰᠠᠨ ᠭᠦᠮᠦᠨ ᠢᠮᠠᠭ᠎ᠠ ᠮᠠᠯᠵᠢ︾ ᠭᠡᠳᠡᠭ ᠰᠡᠴᠡᠨ ᠦᠭᠡ ᠪᠠᠶᠢᠳᠠᠭ᠃ ᠲᠠᠩᠰᠤᠭ ᠪᠠᠶᠠᠨ ᠮᠤᠩᠭᠤᠯ ᠤᠷᠤᠨ ᠳᠤ ᠲᠠᠯ᠎ᠠ ᠲᠦᠭᠦᠷᠡᠩ ᠪᠡᠯᠴᠢᠭᠰᠡᠨ ᠲᠠᠪᠤᠨ ᠬᠤᠰᠢᠭᠤ ᠮᠠᠯ  ᠤᠨ ᠲᠤᠳᠤᠷᠠᠭᠢ ᠪᠤᠭ  ᠤᠨ ᠨᠢᠭᠡ ᠢᠮᠠᠭ᠎ᠠ ᠪᠤᠯ ᠡᠯᠡᠰᠤᠨ ᠴᠦᠯ᠂ ᠠᠭᠤᠯᠠᠷᠬᠠᠭ ᠤᠷᠤᠨ ᠪᠤᠶᠤ ᠲᠤᠪᠤᠴᠠᠭ ᠡᠰᠡᠭᠦᠯ᠎ᠠ ᠤᠢ ᠰᠢᠭᠤᠢ ᠲᠠᠢ ᠤᠷᠴᠢᠨ ᠲᠤᠭᠤᠷᠢᠨ ᠳᠤ ᠮᠠᠯᠯᠠᠬᠤ ᠳᠤ ᠲᠤᠭᠢᠷᠠᠮᠵᠢᠳᠡᠢ ᠪᠦᠭᠡᠳ ᠨᠠᠷᠢᠯᠢᠭ ᠲᠠᠵᠢᠭᠡᠯ ᠪᠤᠷᠳᠤᠭ᠎ᠠ  ᠶᠢ ᠲᠠᠮᠡᠢ ᠭᠡᠷᠡᠭᠰᠡᠳᠡᠭ ᠦᠭᠡᠢ ᠮᠦᠷᠳᠡᠭᠡᠨ ᠠᠷᠠᠴᠢᠯᠠᠵᠤ ᠮᠠᠯᠯᠠᠬᠤ ᠳᠤ ᠭᠢᠯᠪᠠᠷ᠂ ᠨᠢᠭᠡ ᠬᠤᠶᠠᠷ ᠪᠤᠶᠤ ᠰᠦᠷᠦᠭᠯᠡᠨ ᠮᠠᠯᠯᠠᠵᠤ ᠪᠤᠯᠳᠠᠭ ᠠᠮᠢᠳᠠᠨ ᠶᠤᠮ᠃ ᠤᠴᠢᠷ ᠨᠢ ᠭᠦᠳᠡᠭᠡ ᠨᠤᠳᠤᠭ᠂ ᠬᠤᠳᠠ ᠲᠤᠭᠤᠷᠢᠭ᠂ ᠬᠤᠰᠢᠭᠤ ᠰᠤᠮᠤᠨ  ᠤ ᠲᠦᠪ ᠲᠤ ᠭᠡᠰᠡᠨ ᠦᠭᠡᠢ ᠴᠦᠮ ᠢᠮᠠᠭ᠎ᠠ ᠠᠷᠠᠴᠢᠯᠡᠨ ᠲᠡᠵᠢᠭᠡᠵᠤ ᠪᠤᠯᠬᠤ ᠲᠤᠯᠠ ᠭᠦᠳᠡᠯᠮᠤᠷᠢ ᠭᠦᠴᠤᠨ ᠳᠤ ᠴᠤ ᠠᠷᠪᠢᠳᠡᠢ ᠪᠢᠯᠡ᠃
     ᠤᠷᠴᠢᠮ  ᠤᠨ ᠵᠢᠯ  ᠨᠤᠭᠤᠳ ᠲᠤ᠂ ᠢᠮᠠᠭᠠᠨ ᠨᠤᠯᠤᠤᠷ ᠨᠡᠩ ᠴᠤ ᠦᠨ᠎ᠠ ᠳᠤ ᠭᠦᠷᠴᠤ᠂ ᠢᠮᠠᠭᠠᠨ ᠨᠤᠯᠤᠤᠷ  ᠢᠶᠠᠷ ᠨᠡᠭᠡᠭᠰᠡᠨ ᠬᠠᠨᠳᠠᠭᠠᠵᠠ ᠪᠤᠯᠤᠨ ᠬᠠᠨᠵᠢᠶᠠᠷ ᠨᠢ ᠤᠯᠤᠰ  ᠤᠨ ᠲᠤᠳᠤᠭᠠᠳᠤ ᠭᠠᠳᠠᠭᠠᠳᠤ ᠳᠤ ᠪᠤᠷᠤᠯᠠᠭᠤᠯᠭ᠎ᠠ ᠰᠠᠶᠢᠳᠠᠢ ᠲᠠᠸᠠᠷ ᠪᠤᠯᠤᠠᠠᠰᠠᠨ ᠪᠠᠶᠢᠨ᠎ᠠ᠃ ᠮᠠᠨ  ᠤ ᠤᠷᠤᠨ  ᠤ ᠤᠷᠳᠤᠰ  ᠤᠨ ᠢᠮᠠᠭᠠᠨ ᠨᠤᠯᠤᠤᠷ  ᠤᠨ ᠬᠠᠨᠳᠠᠭᠠᠵᠠ  ᠶᠢᠨ ᠦᠢᠯᠡᠳᠪᠤᠷᠢ  ᠶᠢᠨ ᠦᠢᠯᠡᠳᠪᠤᠷᠢᠯᠡᠭᠰᠡᠨ ᠰᠤᠷ ᠦᠭᠡᠢ ᠨᠤᠯᠤᠤᠷ ᠨᠢ ᠭᠦᠮᠦᠰ ᠲᠤ ︽ᠨᠤᠯᠤᠤᠷ  ᠤᠨ ᠸᠠᠩ︾᠂ ︽ᠵᠦᠭᠡᠯᠡᠨ ᠴᠠᠭᠠᠨ ᠠᠯᠳᠠ︾᠂ ︽ ᠨᠡᠭᠡᠮᠡᠯ  ᠤᠨ ᠰᠢᠷᠭᠡᠭ  ᠤᠨ ᠡᠷᠳᠡᠨᠢ  ᠶᠢᠨ ᠴᠢᠯᠠᠭᠤ︾ ᠭᠡᠮᠡᠨ ᠮᠬᠠᠳ᠋ᠬᠠᠳ᠋ᠬᠠᠰᠠᠨ ᠮᠦᠷᠳᠡᠭᠡᠨ ᠢᠮᠠᠭᠠᠨ ᠨᠤᠯᠤᠤᠷ  ᠤᠨ ᠬᠠᠨᠳᠠᠭᠠᠵᠠ ᠨᠢ ᠠᠯᠤᠰ ᠬᠤᠯᠠ  ᠶᠢᠨ ᠶᠠᠫᠤᠨ᠂ ᠠᠮᠧᠷᠢᠺᠠ᠂ ᠠᠩᠭ᠍ᠯᠢ᠂ ᠭᠧᠷᠮᠡᠨ᠂ ᠢᠲ᠋ᠠᠯᠢ᠂ ᠰᠢᠶᠠᠩᠭᠠᠡᠭ ᠵᠡᠷᠭᠡ ᠤᠯᠠᠨ ᠤᠯᠤᠰ  ᠢᠶᠠᠷ ᠪᠤᠷᠤᠯᠠᠭᠤᠯᠤᠠᠠᠳᠠᠵᠤ ᠪᠤᠢ᠃
     ᠲᠡᠭᠡᠪᠡᠯ ᠢᠮᠠᠭ᠎ᠠ ᠡᠷᠳᠡᠨ ᠠᠴᠠ ᠠᠪᠤᠭᠠᠳ ᠡᠳᠦᠭᠡ ᠪᠤᠯᠳᠠᠯ᠎ᠠ ᠠᠷᠠᠴᠢᠯᠠᠵᠤ ᠮᠠᠯᠵᠢᠠᠠᠰᠠᠨ ᠠᠮᠠᠷᠠᠭ ᠡᠵᠡᠨ ᠳᠡᠭᠡᠨ ᠦᠴᠦᠭᠡᠨ ᠲᠡᠳᠦᠢ ᠴᠤ ᠲᠠᠳᠠᠭᠠᠯᠵᠠᠯ ᠦᠭᠡᠢ ᠪᠠᠷ ᠵᠤᠶᠢᠯ ᠵᠤᠶᠢᠯ  ᠤᠨ ᠭᠡᠷᠡᠭᠴᠡᠭᠡᠨ  ᠤ ᠪᠦᠳᠦᠭᠡᠭᠳᠡᠭᠦᠨ  ᠢ ᠬᠠᠨᠭ᠍ᠭᠠᠠᠠᠰᠠᠭᠠᠷ ᠢᠷᠡᠭᠰᠡᠨ ᠶᠤᠮ᠃
     ᠢᠮᠠᠭ᠎ᠠ ᠪᠠᠰᠠ ᠦᠰᠴᠤ ᠦᠷᠡᠵᠢᠭᠦ ᠨᠢ ᠬᠤᠷᠳᠤᠨ᠂ ᠶᠠᠷᠤ ᠳᠡᠭᠡᠨ ᠠᠩᠬ᠎ᠠ ᠢᠰᠢᠭᠡᠯᠡᠭᠦ ᠳᠡᠭᠡᠨ ᠭᠠᠭᠴᠠ ᠢᠰᠢᠭᠡᠯᠡᠳᠡᠭ ᠠᠴᠠ ᠭᠠᠳᠠᠨ᠎ᠠ ᠬᠤᠶᠢᠰᠢᠳᠠ ᠤᠯᠠᠩᠭᠢ ᠳᠠᠭᠠᠨ ᠢᠭᠡᠷ᠎ᠠ ᠪᠤᠶᠤ ᠡᠭᠦᠨ ᠠᠴᠠ ᠢᠯᠡᠭᠦᠤ ᠴᠤ ᠢᠰᠢᠭᠡᠯᠡᠳᠡᠭ᠃ ᠭᠡᠷᠪᠡ ᠠᠷᠠᠴᠢᠯᠠᠭ᠎ᠠ ᠲᠤᠳᠤᠮᠳᠠᠯᠭ᠎ᠠ ᠨᠢ ᠲᠤᠭᠢᠷᠠᠮᠵᠢ ᠰᠠᠶᠢᠳᠠᠢ ᠪᠠᠶᠢᠪᠠᠯ ᠡᠮ᠎ᠡ ᠢᠮᠠᠭ᠎ᠠ  ᠶᠢ ᠲᠤᠰ ᠵᠢᠯ ᠳᠤᠨᠢ ᠭᠡᠭᠡᠯᠳᠦᠭᠦᠯᠵᠤ᠂ 14 ~ 15 ᠰᠠᠷ᠎ᠠ ᠪᠤᠯᠪᠠᠯ ᠢᠰᠢᠭᠡᠯᠡᠭᠦ ᠮᠦᠷᠳᠡᠭᠡᠨ ᠵᠠᠷᠢᠮ ᠨᠢ 12 ~ 13 ᠰᠠᠷ᠎ᠠ ᠪᠤᠯᠤᠮᠬᠠᠴᠠ ᠰᠦ  ᠶᠢ ᠨᠢ ᠰᠠᠭᠠᠵᠤ ᠪᠤᠯᠤᠨ᠎ᠠ᠃
     ᠢᠮᠠᠭᠠᠨ  ᠤ ᠰᠢᠨ᠎ᠠ ᠰᠤᠷᠭᠤᠭ ᠰᠦ ᠴᠠᠭ᠎ᠠ᠂ ᠮᠢᠬ᠎ᠠ ᠲᠤᠰᠤ ᠪᠤᠯᠤᠨ ᠠᠷᠠᠰᠤ ᠰᠢᠷᠢ᠂ ᠰᠤᠷ ᠨᠤᠯᠤᠤᠷ ᠨᠢ ᠴᠦᠮ ᠭᠦᠮᠦᠨ ᠲᠦᠷᠦᠯᠭᠢᠳᠡᠨ  ᠤ ᠡᠳᠤᠷ ᠲᠤᠳᠤᠮ  ᠤᠨ ᠠᠮᠢᠳᠤᠷᠠᠯ ᠳᠤ ᠲᠤᠶᠢᠯ  ᠤᠨ ᠭᠡᠷᠡᠭᠴᠡᠭᠡ ᠲᠠᠢ ᠪᠢᠯᠡ᠃ ᠢᠮᠠᠭ᠎ᠠ ᠰᠤᠳᠤᠯᠤᠠᠠᠴᠢᠳ  ᠤᠨ ᠢᠯᠡᠷᠡᠭᠦᠯᠦᠭᠰᠡᠨ  ᠢ ᠦᠨᠳᠦᠰᠦᠯᠡᠪᠡᠯ᠂ ᠢᠮᠠᠭᠠᠨ ᠮᠢᠬᠠᠨ  ᠤ ᠤᠭᠤᠷᠠᠭ  ᠤᠨ ᠠᠭᠤᠯᠤᠠᠠᠳᠠᠴᠠ ᠨᠢ ᠭᠠᠭ᠋ᠠᠢ  ᠶᠢᠨ ᠮᠢᠬ᠎ᠠ᠂ ᠦᠭᠡᠷ ᠬᠤᠨᠢᠨ ᠮᠢᠬ᠎ᠠ  ᠶᠢᠨ ᠬᠢ ᠠᠴᠠ ᠦᠨᠳᠤᠷ ᠮᠦᠷᠳᠡᠭᠡᠨ 20% ᠤᠷᠴᠢᠮ ᠳᠤ ᠭᠦᠷᠦᠨ᠎ᠠ᠃ ᠢᠮᠠᠭᠠᠨ  ᠤ ᠦᠭᠡᠭᠦ ᠲᠤᠰᠤ ᠨᠢ ᠴᠠᠷᠴᠠᠮᠠᠳᠠᠭᠠᠢ ᠲᠤᠯᠠ ᠭᠡᠷᠡᠯᠳᠦᠭᠦᠯᠭᠡ ᠳᠤ ᠭᠡᠷᠡᠭᠯᠡᠳᠡᠭ ᠯᠡ ᠭᠢᠵᠤ ᠪᠤᠯᠤᠨ᠎ᠠ᠃ ᠢᠮᠠᠭᠠᠨ ᠮᠢᠬᠠᠨ ᠳᠠᠬᠢ ᠪᠢᠴᠢᠯ ᠡᠯᠧᠮᠧᠨ᠋ᠲ᠂ ᠸᠢᠲ᠋ᠠᠮᠢᠨ A᠂ ᠸᠢᠲ᠋ᠠᠮᠢᠨ B᠂ ᠸᠢᠲ᠋ᠠᠮᠢᠨ C  ᠶᠢᠨ ᠠᠭᠤᠯᠤᠠᠠᠳᠠᠴᠠ ᠨᠢ ᠴᠦᠮ ᠪᠤᠰᠤᠳ ᠮᠢᠬᠠᠨ  ᠤ ᠲᠦᠷᠦᠯ  ᠤᠨ ᠬᠢ ᠠᠴᠠ ᠦᠨᠳᠤᠷ ᠶᠤᠮ᠃ ᠢᠮᠠᠭᠠᠨ ᠮᠢᠬᠠᠨ ᠳᠠᠬᠢ ᠰᠦᠰᠦᠨ  ᠤ ᠴᠢᠯᠠᠭᠤᠯᠢᠭ ᠠᠯᠺᠤᠤᠯ  ᠤᠨ ᠠᠭᠤᠯᠤᠠᠠᠳᠠᠴᠠ ᠨᠢ ᠬᠠᠮᠤᠭ ᠠᠴᠠ ᠲᠤᠤᠷ᠎ᠠ ᠪᠠᠶᠢᠳᠠᠭ ᠪᠤᠯᠬᠤᠷ ᠭᠦᠮᠦᠰ  ᠤᠨ ᠭᠦᠷᠢᠶᠠᠯᠠᠯ  ᠢ ᠤᠯᠵᠤ᠂ ᠤᠨᠴᠠᠭᠠᠶᠢᠯᠠᠨ ᠨᠠᠰᠤᠳᠠᠶᠢᠴᠤᠳ ᠲᠤ ᠲᠤᠭᠢᠷᠠᠬᠤ ᠨᠢ ᠰᠠᠶᠢᠨ ᠪᠠᠶᠢᠳᠠᠭ᠃ ᠭᠡᠳᠦᠶᠢᠪᠡᠷ ᠢᠮᠠᠭᠠᠨ ᠮᠢᠬᠠᠨ ᠠᠴᠠ ᠰᠢᠩᠭᠡᠭ ᠦᠨᠤᠷ ᠦᠨᠦᠷᠳᠦᠭᠳᠡᠭᠦ ᠪᠤᠯᠪᠠᠴᠤ ᠮᠠᠯᠴᠢᠨ ᠠᠷᠠᠳ  ᠤᠨ ᠭᠦᠳᠡᠭᠡ ᠭᠠᠳᠠᠭ᠎ᠠ ᠭᠡᠭᠡᠷ᠎ᠡ ᠲᠠᠯ᠎ᠠ ᠳᠤ ᠢᠮᠠᠭᠠᠨ ᠮᠢᠬ᠎ᠠ ᠰᠢᠷᠠᠵᠤ ᠢᠳᠡᠳᠡᠭ ᠨᠢ ᠲᠠᠷᠤᠢ ᠰᠢᠩᠭᠡᠭ ᠦᠨᠤᠷ  ᠢ ᠨᠢ ᠠᠷᠢᠯᠭᠠᠵᠤ ᠪᠠᠶᠢᠬᠤ ᠮᠡᠷᠭᠡᠨ ᠠᠷᠭ᠎ᠠ ᠪᠤᠯᠤᠨ᠎ᠠ᠃
     ᠢᠮᠠᠭᠠᠨ ᠰᠦ ᠪᠤᠯ ᠰᠢᠮ᠎ᠠ ᠲᠡᠵᠢᠭᠡᠯ  ᠢᠶᠠᠷ ᠡᠯᠪᠡᠭ᠂ ᠦᠨᠤᠷ ᠠᠮᠳᠠ ᠰᠠᠳᠠᠢ ᠢᠳᠡᠭᠡᠨ ᠮᠦᠨ᠃ ᠰᠢᠨᠵᠢᠯᠡᠭᠦ ᠤᠬᠠᠭᠠᠠᠳᠠᠳ  ᠤᠨ ᠰᠤᠳᠤᠯᠤᠯᠳᠠ  ᠶᠢ ᠦᠨᠳᠦᠰᠦᠯᠡᠪᠡᠯ᠂ ᠢᠮᠠᠭᠠᠨ ᠰᠦ ᠳᠠᠬᠢ ᠦᠭᠡᠭᠦ ᠲᠤᠰᠤᠨ  ᠳᠤ ᠮᠦᠭᠦᠯᠢᠭ ᠨᠢ ᠲᠤᠩ ᠵᠢᠵᠢᠭ ᠪᠤᠯᠬᠤᠷ ᠠᠮᠠᠷᠬᠠᠨ ᠰᠢᠩᠭᠡᠳᠡᠭ᠂ ᠤᠠᠴᠠᠭᠠᠶᠢᠯᠠᠨ ᠨᠢᠯᠬ᠎ᠠ ᠭᠡᠤᠭᠡᠳ  ᠤᠨ ᠤᠤᠭᠤᠬᠤ ᠳᠤ ᠲᠤᠭᠢᠷᠠᠮᠵᠢᠳᠡᠢ ᠰᠠᠶᠢᠨ ᠤᠮᠳᠠᠭᠠᠨ ᠪᠤᠯᠤᠨ᠎ᠠ᠃ ᠢᠮᠠᠭᠠᠨ ᠰᠦ ᠳᠤ ᠡᠷᠦᠳᠡᠰᠤ ᠪᠤᠳᠡᠰ ᠪᠤᠯᠤᠨ ᠸᠢᠲ᠋ᠠᠮᠢᠨ ᠡᠯᠪᠡᠭ ᠠᠭᠤᠯᠤᠠᠠᠳᠠᠵᠤ᠂ ᠰᠦᠨ ᠳᠠᠬᠢ ᠲᠤᠰᠤᠯᠢᠭ  ᠤᠨ ᠠᠭᠤᠯᠤᠠᠠᠳᠠᠴᠠ ᠨᠢ ᠴᠤ ᠨᠡᠯᠢᠶᠡᠳ ᠴᠦᠭᠡᠨ ᠪᠠᠶᠢᠳᠠᠭ᠃ ᠨᠢᠭᠡ ᠺᠢᠯᠤᠭ᠍ᠷᠡᠮ ᠢᠮᠠᠭᠠᠨ ᠰᠦ ᠳᠤ 1.74 ᠭᠷᠡᠮ ᠺᠠᠯᠼ ᠪᠠ 1.29 ᠭᠷᠡᠮ ᠹᠤᠰᠹᠤᠷ ᠠᠭᠤᠯᠤᠠᠠᠳᠠᠵᠤ ᠪᠠᠶᠢᠬᠤ ᠪᠤᠯᠬᠤᠷ ᠭᠡᠤᠭᠡᠳ ᠲᠤ ᠢᠮᠠᠭᠠᠨ ᠰᠦ ᠤᠤᠭᠤᠯᠭᠠᠪᠠᠯ ᠠᠷᠤᠭ ᠶᠠᠰᠤᠨ  ᠤ ᠪᠤᠶᠢᠵᠢᠯᠳᠡ ᠳᠤᠨᠢ ᠠᠰᠢᠠᠠᠳᠠᠢ ᠮᠦᠷᠳᠡᠭᠡᠨ ᠶᠠᠰᠤ ᠵᠦᠭᠡᠯᠡᠷᠡᠭᠦ ᠡᠪᠡᠳᠴᠢᠨ ᠡᠮᠭᠡᠭ  ᠢ ᠰᠡᠷᠭᠡᠶᠢᠯᠡᠭᠦ ᠦᠢᠯᠡᠳᠦᠯ ᠲᠠᠢ ᠶᠤᠮ᠃ ᠠᠨᠠᠭᠠᠬᠤ ᠤᠬᠠᠭᠠᠨ  ᠤ ᠰᠤᠳᠤᠯᠭᠠᠨ ᠠᠴᠠ ᠦᠵᠡᠪᠡᠯ᠂ ᠢᠮᠠᠭᠠᠨ  ᠤ ᠡᠯᠢᠭᠡ ᠨᠢ ᠴᠢᠰᠤ ᠨᠦᠭᠦᠪᠤᠷᠢᠯᠡᠨ᠂ ᠨᠢᠳᠤ ᠲᠤᠳᠤᠷᠠᠭᠤᠯᠬᠤ ᠴᠢᠳᠠᠯ ᠲᠠᠢ᠃ ᠡᠪᠡᠷ ᠨᠢ ᠪᠠᠳᠭᠠᠨ ᠪᠠ ᠭᠢᠵᠢᠭ ᠬᠠᠯᠠᠭᠤᠨ  ᠢ ᠠᠷᠢᠯᠭᠠᠵᠤ᠂ ᠬᠠᠳᠬᠤᠯᠭ᠎ᠠ  ᠶᠢ ᠲᠠᠷᠤᠨ᠎ᠠ᠃ ᠡᠪᠡᠷ  ᠤᠨ ᠦᠵᠦᠭᠦᠷ  ᠤᠨ ᠦᠨᠡᠰᠤ ᠨᠢ ᠰᠢᠷ᠎ᠠ ᠤᠰᠤᠨ  ᠤ ᠰᠦᠪᠡ  ᠶᠢᠨ ᠬᠠᠯᠠᠭᠤᠨ  ᠢ ᠠᠷᠢᠯᠭᠠᠨ᠎ᠠ︔ ᠦᠭᠡᠭᠦ ᠲᠤᠰᠤ ᠨᠢ ᠬᠤᠷᠤᠬᠠᠢ ᠪᠠ ᠲᠠᠮᠪᠤᠤ ᠶᠠᠷ᠎ᠠ  ᠶᠢ ᠠᠷᠢᠯᠭᠠᠵᠤ᠂ ᠭᠦᠵᠦᠭᠦᠨ  ᠤ ᠴᠢᠰᠤ ᠨᠢ ᠦᠶ᠎ᠠ ᠭᠡᠰᠢᠭᠦᠤ  ᠶᠢᠨ ᠰᠢᠷ᠎ᠠ ᠤᠰᠤ  ᠶᠢ ᠪᠤᠭᠤᠨ᠎ᠠ᠃ ᠰᠤᠷ  ᠢᠶᠠᠷ ᠨᠢ ᠡᠷᠡᠭᠡᠭᠰᠡᠨ ᠰᠢᠷᠬ᠎ᠠ  ᠶᠢ ᠨᠤᠮᠤᠬᠠᠳᠬᠠᠨ᠎ᠠ︔ ᠰᠢᠭᠡᠰᠤ ᠪᠠᠷ ᠨᠢ ᠪᠠᠳᠭᠠᠨ ᠪᠠ ᠬᠤᠤᠷ ᠭᠦᠶᠦᠭᠰᠡᠨ ᠳᠤ ᠲᠡᠪᠳᠦᠭᠡᠯᠭᠡ ᠭᠡᠳᠡᠭ᠃
      ᠬᠤᠷᠭᠤᠯ  ᠢᠶᠠᠷ ᠨᠢ ᠬᠤᠯᠤᠭᠠᠨ᠎ᠠ  ᠶᠢᠨ ᠶᠠᠷ᠎ᠠ  ᠶᠢ ᠲᠠᠪᠳᠦᠭᠡᠨ ᠤᠭᠢᠶᠠᠵᠤ ᠪᠤᠯᠤᠨ᠎ᠠ︔ ᠰᠦ ᠪᠠᠷ ᠨᠢ ᠭᠢᠵᠢᠭ᠂ ᠠᠭᠤᠰᠭᠢ ᠨᠢ ᠠᠭᠤᠰᠭᠢᠨ  ᠤ ᠬᠤᠷᠤᠬᠠᠢ  ᠶᠢ ᠠᠷᠢᠯᠭᠠᠵᠤ᠂ ᠠᠭᠤᠰᠭᠢᠨ  ᠤ ᠭᠡᠢ  ᠶᠢ ᠨᠠᠪᠳᠡᠷᠡᠭᠦᠯᠦᠨ᠂ ᠬᠠᠨᠢᠶᠠᠬᠤ  ᠶᠢ ᠠᠨᠠᠭᠠᠵᠤ᠂ ᠰᠢᠭᠡᠯᠭᠡᠭᠦ ᠦᠢᠯᠡᠳᠦᠯ ᠲᠠᠢ︔ ᠰᠢᠨ᠎ᠠ ᠨᠤᠶᠢᠳᠡᠨ ᠠᠷᠠᠰᠤ ᠪᠠᠷ ᠨᠢ ᠬᠤᠷᠤᠬᠠᠢ ᠠᠷᠢᠯᠭᠠᠨ᠎ᠠ︔ ᠪᠦᠭᠡᠷ᠎ᠡ ᠨᠢ ᠲᠠᠮᠤᠷ  ᠢ ᠨᠦᠭᠦᠪᠤᠷᠢᠯᠡᠨ᠂ ᠰᠦᠰᠤ ᠨᠢ ᠨᠢᠳᠤᠨ  ᠤ ᠴᠠᠭ᠎ᠠ ᠪᠤᠯᠤᠨ ᠭᠡᠢ ᠪᠠᠷ ᠨᠢᠯᠪᠤᠰᠤ ᠴᠤᠪᠤᠷᠠᠬᠤ  ᠶᠢ ᠠᠨᠠᠭᠠᠨ᠎ᠠ︔ ᠮᠢᠬ᠎ᠠ ᠨᠢ ᠬᠤᠭᠤᠰᠤᠷᠬᠠᠰᠠᠨ  ᠢ ᠨᠦᠭᠦᠪᠤᠷᠢᠯᠡᠵᠤ᠂ ᠭᠦᠴᠦᠵᠢᠭᠦᠯᠭᠦ ᠦᠢᠯᠡᠳᠦᠯ ᠲᠠᠢ ᠲᠤᠯᠠ ᠭᠦᠮᠦᠨ  ᠤ ᠪᠡᠶ᠎ᠠ ᠮᠠᠬᠠᠪᠤᠳ  ᠢ ᠲᠡᠩᠭᠡᠷᠡᠭᠦᠯᠭᠦ ᠳᠤ ᠲᠤᠩ ᠶᠡᠭᠡ ᠠᠴᠢ ᠬᠤᠯᠪᠤᠠᠠᠳᠠᠯ ᠲᠠᠢ ᠶᠤᠮ᠃ ᠡᠭᠦᠨ ᠠᠴᠠ ᠭᠠᠳᠠᠨ᠎ᠠ ᠢᠮᠠᠭᠠᠨ ᠰᠦᠨ  ᠤ ᠭᠦᠮᠦᠨ  ᠤ ᠪᠡᠶ᠎ᠠ ᠳᠤ ᠰᠢᠩᠭᠡᠭᠦ ᠦᠶ᠎ᠠ ᠳᠤ ᠡᠭᠦᠰᠭᠦ ᠬᠠᠭᠠᠰ ᠰᠦᠨ ᠰᠢᠭᠢᠷ ᠨᠢ ᠨᠢᠯᠬ᠎ᠠ ᠭᠡᠤᠭᠡᠳ  ᠤᠨ ᠤᠶᠤᠨ  ᠤ ᠪᠤᠶᠢᠵᠢᠯᠳᠠ ᠳᠤ ᠲᠤᠰᠠᠳᠠᠢ ᠶᠤᠮ᠃ ᠰᠠᠭᠠᠯᠢ  ᠶᠢᠨ ᠢᠮᠠᠭ᠎ᠠ ᠪᠠᠰᠠ ᠰᠦᠷᠢᠶ᠎ᠠ ᠡᠪᠡᠳᠴᠢᠨ ᠳᠤ ᠭᠢᠯᠪᠠᠷᠬᠠᠨ ᠨᠡᠷᠪᠡᠭᠳᠡᠭᠦ ᠦᠭᠡᠢ ᠲᠤᠯᠠ ᠢᠮᠠᠭᠠᠨ ᠰᠦ ᠤᠤᠭᠤᠪᠠᠯ ᠦᠮᠡᠨ  ᠢ ᠰᠡᠷᠭᠡᠶᠢᠯᠡᠭᠦ ᠪᠡ ᠡᠯᠢᠭᠡᠨ ᠦᠷᠪᠢᠰᠦᠯ ᠵᠡᠷᠭᠡ ᠡᠪᠡᠳᠴᠢᠨ ᠡᠮᠭᠡᠭ  ᠢ ᠰᠡᠷᠭᠡᠶᠢᠯᠡᠨ ᠵᠠᠰᠠᠵᠤ ᠴᠢᠳᠠᠨ᠎ᠠ᠂ ᠡᠶᠢᠮᠤ ᠠᠴᠠ ᠢᠮᠠᠭᠠᠨ ᠰᠦ ᠪᠤᠯ ᠭᠦᠮᠦᠨ  ᠤ ᠪᠡᠶ᠎ᠠ  ᠶᠢᠨ ᠡᠷᠡᠭᠦᠯ ᠮᠠᠨᠳᠤ ᠳᠤ ᠲᠤᠰᠠᠳᠠᠢ ᠢᠳᠡᠭᠡᠨ ᠤᠮᠳᠠᠭᠠᠨ ᠪᠤᠯᠬᠤ ᠶᠤᠮ᠃ ᠢᠮᠠᠭᠠᠨ  ᠤ ᠭᠡᠳᠡᠰᠤ ᠲᠤᠳᠤᠷ ᠨᠢ ᠡᠮ ᠨᠠᠶᠢᠷᠠᠯᠭ᠎ᠠ ᠳᠤ ᠤᠷᠤᠳᠠᠭ ᠮᠦᠷᠳᠡᠭᠡᠨ ᠨᠠᠷᠢᠨ ᠭᠡᠳᠡᠰᠤ ᠪᠠᠷ ᠨᠢ ᠮᠠᠰᠠ ᠵᠠᠰᠠᠯ  ᠤᠨ ᠤᠶᠤᠳᠠᠯ  ᠤᠨ ᠤᠳᠠᠰᠤ ᠦᠢᠯᠡᠳᠴᠤ ᠪᠤᠯᠤᠨ᠎ᠠ᠃
     ᠢᠮᠠᠭᠠᠨ  ᠤ ᠶᠠᠰᠤ ᠨᠢ ᠭᠢᠮᠢ  ᠶᠢᠨ ᠠᠵᠤ ᠦᠢᠯᠡᠳᠪᠤᠷᠢ  ᠶᠢᠨ ᠲᠦᠭᠦᠭᠡᠢ ᠡᠳ᠋ ᠪᠤᠯᠬᠤ ᠪᠠᠷ ᠪᠠᠷᠠᠬᠤ ᠦᠭᠡᠢ᠂ ᠡᠪᠡᠷ᠂ ᠰᠠᠬᠠᠯ᠂ ᠬᠤᠭᠢᠰᠤ᠂ ᠭᠡᠳᠡᠰᠤ᠂ ᠡᠯᠢᠭᠡ᠂ ᠲᠡᠯᠢᠭᠦᠤ᠂ ᠴᠢᠰᠤ  ᠶᠢ ᠨᠢ ᠴᠦᠮ ᠠᠵᠤ ᠦᠢᠯᠡᠳᠪᠤᠷᠢ  ᠶᠢᠨ ᠲᠦᠭᠦᠭᠡᠢ ᠡᠳ᠋ ᠪᠤᠯᠭᠠᠵᠤ ᠪᠤᠯᠬᠤ ᠶᠤᠮ᠃ ᠲᠠᠭᠢᠪᠡᠯ ᠢᠮᠠᠭᠠᠨ  ᠤ ᠡᠪᠡᠷ  ᠢᠶᠠᠷ ᠭᠤᠶᠤ ᠭᠢᠴᠡᠳᠡᠢ ᠭᠠᠷ ᠤᠷᠠᠯᠠᠯ  ᠤᠨ ᠪᠦᠳᠦᠭᠡᠭᠳᠡᠭᠦᠨ ᠦᠢᠯᠡᠳᠴᠤ᠂ ᠶᠠᠰᠤ ᠲᠤᠰᠤ  ᠶᠢ ᠨᠢ ᠲᠠᠯᠬᠠᠳᠠᠵᠤ ᠪᠤᠯᠪᠠᠰᠤᠷᠠᠭᠤᠯᠤᠭᠠᠳ ᠰᠠᠪᠤᠡᠭ ᠭᠢᠳᠡᠭ᠃ ᠢᠮᠠᠭᠠᠨ  ᠤ ᠰᠢᠭᠡᠭ ︵ᠪᠠᠭᠠᠰᠤ ᠰᠢᠭᠡᠰᠤ︶ ᠲᠤ ᠠᠽᠤᠲ᠂ ᠹᠤᠰᠹᠤᠷ᠂ ᠺᠠᠯᠢ ᠵᠠᠷᠭᠡ ᠠᠭᠤᠯᠵᠤ ᠪᠠᠶᠢᠬᠤ ᠪᠤᠯᠬᠤᠷ᠂ ᠲᠠᠷᠠ ᠪᠤᠯ ᠨᠢᠭᠡ ᠵᠤᠶᠢᠯ  ᠤᠨ ᠲᠤᠩ ᠰᠠᠶᠢᠨ ᠢᠯᠴᠢᠳᠤ ᠴᠢᠨᠠᠷᠳᠠᠢ ᠮᠦᠷᠳᠡᠭᠡᠨ ᠲᠠᠷᠢᠶᠠᠨ ᠭᠠᠵᠠᠷ  ᠤᠨ ᠭᠦᠷᠦᠰᠤ ᠰᠢᠷᠤᠢ  ᠶᠢ ᠰᠢᠮᠵᠢᠭᠦᠯᠦᠨ ᠰᠠᠶᠢᠵᠢᠷᠠᠭᠤᠯᠬᠤ ᠳᠤ ᠲᠤᠳ᠋ᠬᠠᠳᠠᠵᠤ ᠪᠤᠯᠤᠰᠢ ᠦᠭᠡᠢ ᠴᠢᠨᠠᠷ ᠰᠠᠶᠢᠳᠠᠢ ᠤᠷᠭᠠᠨᠢᠭ ᠪᠤᠷᠳᠤᠭᠤᠷ ᠪᠤᠯᠤᠨ᠎ᠠ᠃ ᠡᠭᠦᠨ ᠠᠴᠠ ᠭᠠᠳᠠᠨ᠎ᠠ᠂ ᠢᠮᠠᠭᠠᠨ  ᠤ ᠶᠠᠰᠤ ᠴᠢᠰᠤ ᠵᠡᠷᠭᠡ ᠢᠯᠭᠠᠳᠠᠰᠤ  ᠶᠢ ᠨᠤᠳᠤᠭ  ᠤᠨ ᠲᠡᠵᠢᠭᠡᠯ ᠪᠤᠷᠳᠤᠭ᠎ᠠ ᠪᠤᠯᠭᠠᠨ ᠪᠤᠯᠪᠠᠰᠤᠷᠠᠭᠤᠯᠵᠤ ᠠᠰᠢᠠᠠᠯᠠᠪᠠᠯ ᠲᠠᠵᠢᠭᠡᠯ ᠪᠤᠷᠳᠤᠭᠠᠨ  ᠤ ᠦᠢᠯᠡᠳᠪᠤᠷᠢᠯᠡᠯ ᠳᠤ ᠨᠠᠮᠠᠷᠢ ᠬᠠᠨᠳᠢᠪ ᠦᠵᠡᠭᠦᠯᠵᠤ ᠴᠢᠳᠠᠨ᠎ᠠ᠃
      ᠢᠮᠠᠭᠠᠨ  ᠤ ᠠᠷᠠᠰᠤ ᠰᠢᠷᠢ ᠨᠢ ᠠᠰᠢᠭ ᠶᠡᠭᠡᠳᠡᠢ ᠮᠦᠷᠳᠡᠭᠡᠨ ᠠᠷᠠᠰᠤ ᠰᠢᠷᠢ  ᠶᠢᠨ ᠠᠵᠤ ᠦᠢᠯᠡᠳᠪᠤᠷᠢ  ᠶᠢᠨ ᠪᠤᠯᠪᠠᠰᠤᠷᠠᠭᠤᠯᠤᠯᠳᠠ  ᠶᠢᠨ ᠤᠭᠢ ᠰᠠᠶᠢᠨ ᠲᠦᠭᠦᠭᠡᠢ ᠮᠠᠲ᠋ᠧᠷᠢᠶᠠᠯ ᠪᠤᠯᠬᠤ ᠪᠠᠷ ᠪᠠᠷᠬᠤ ᠦᠭᠡᠢ᠂ ᠨᠤᠯᠤᠤᠷ ᠨᠢ ᠴᠤ ᠨᠤᠤᠰᠤᠨ ᠨᠡᠭᠡᠮᠡᠯ  ᠤᠨ ᠠᠵᠤ ᠦᠢᠯᠡᠳᠪᠤᠷᠢ  ᠶᠢᠨ ᠲᠦᠭᠦᠭᠡᠢ ᠮᠠᠲ᠋ᠧᠷᠢᠶᠠᠯ ᠪᠤᠯᠵᠤ᠂ ᠠᠷᠠᠰᠤ ᠨᠤᠯᠤᠤᠷ ᠨᠢ ᠪᠦᠷ ᠭᠦᠢᠳᠡᠨ  ᠢ ᠬᠠᠯᠬᠠᠯᠠᠬᠤ ᠦᠢᠯᠡᠳᠦᠯ ᠲᠠᠢ ᠶᠤᠮᠰᠠᠨ᠃ ᠢᠮᠠᠭᠠᠨ  ᠤᠨ ᠨᠤᠯᠤᠤᠷ  ᠢᠶᠠᠷ ᠢᠰᠡᠭᠡᠢ᠂ ᠲᠠᠩᠽᠢ ᠪᠠ ᠡᠯ᠎ᠠ ᠵᠤᠶᠢᠯ  ᠤᠨ ᠭᠤᠶᠤ ᠰᠠᠶᠢᠬᠠᠨ ᠬᠤᠪᠴᠠᠰᠤ ᠬᠤᠨᠠᠷ ᠵᠡᠷᠭᠡ ᠨᠡᠭᠡᠮᠡᠯ  ᠢ ᠦᠢᠯᠡᠳᠴᠤ ᠪᠤᠯᠬᠤ ᠮᠦᠷᠳᠡᠭᠡᠨ ᠢᠮᠠᠭᠠᠨ ᠠᠷᠠᠰᠤ ᠪᠠᠷ ᠪᠠᠰᠠ ᠴᠠᠪᠠᠤ᠂ ᠪᠡᠭᠡᠯᠡᠢ᠂ ᠲᠡᠭᠡᠳᠤ ᠵᠡᠷᠭᠡ  ᠶᠢᠨ ᠠᠷᠠᠰᠤᠨ ᠭᠤᠳᠤᠯ᠂ ᠱᠠᠬᠠᠢ᠂ ᠪᠤᠠᠠᠴᠤ ᠵᠡᠷᠭᠡ  ᠶᠢ ᠭᠢᠳᠡᠭ᠃ ᠨᠡᠩ ᠭᠠᠶᠢᠬᠠᠮᠰᠢᠠᠠᠳᠠᠢ ᠨᠢ ᠭᠡᠪᠡᠯ᠂ ᠮᠠᠯᠴᠢᠨ ᠠᠷᠠᠳ  ᠤᠨ ᠨᠤᠳᠤᠭ  ᠤᠨ ᠠᠷᠭ᠎ᠠ ᠪᠠᠷ ᠱᠠᠤᠯᠠᠵᠤ ᠭᠢᠭᠰᠡᠨ ᠢᠮᠠᠭᠠᠨ ᠠᠷᠠᠰᠤᠨ ᠲᠠᠬᠤ ᠨᠢ ᠡᠪᠤᠯ  ᠤᠨ ᠭᠦᠢᠳᠡᠨ ᠪᠠ ᠰᠠᠯᠭᠢ ᠵᠢᠪᠠᠷ  ᠢ ᠬᠠᠯᠬᠠᠯᠠᠵᠤ᠂ ᠴᠠᠰᠤ ᠪᠤᠷᠤᠭᠠᠨ ᠳᠤ ᠦᠰᠤ  ᠶᠢ ᠨᠢ ᠭᠠᠳ᠋ᠬᠠᠰᠢ ᠬᠠᠨᠳᠤᠭᠤᠯᠤᠨ ᠡᠮᠦᠰᠪᠡᠯ ᠨᠤᠷᠴᠤ ᠡᠪᠳᠡᠷᠡᠭᠦ ᠦᠭᠡᠢ ᠬᠤᠶᠠᠷ ᠭᠡᠷᠡᠭᠯᠡᠬᠦᠨᠳᠤ ᠬᠤᠪᠴᠠᠰᠤ ᠪᠤᠯᠳᠠᠭ ᠪᠠᠶᠢᠨ᠎ᠠ᠃ ᠤᠷᠴᠢᠮ  ᠤᠨ ᠵᠢᠯ  ᠤᠳ ᠲᠤ᠂ ᠠᠷᠠᠰᠤ ᠰᠢᠷᠢ  ᠶᠢᠨ ᠠᠵᠤ ᠦᠢᠯᠡᠳᠪᠤᠷᠢ  ᠶᠢᠨ ᠬᠢᠨ ᠢᠮᠠᠭᠠᠨ ᠠᠷᠠᠰᠤ  ᠶᠢ ᠨᠡᠩ ᠴᠤ ᠠᠷᠢᠯᠢᠭ ᠰᠠᠶᠢᠬᠠᠨ ᠪᠤᠯᠪᠠᠰᠤᠷᠠᠭᠤᠯᠤᠭᠠᠳ ᠬᠤᠳᠠ ᠭᠦᠳᠡᠭᠡ  ᠶᠢᠨ ᠭᠦᠮᠦᠰ ᠲᠤ ᠭᠠᠨᠭ᠍ᠭᠠᠡᠭ ᠵᠢᠶᠠᠺᠧ ᠬᠤᠪᠴᠠᠰᠤ  ᠤᠳ  ᠢ ᠬᠠᠨᠭ᠍ᠭᠠᠨ ᠦᠭᠴᠤ ᠪᠤᠢ᠃  
       ᠡᠶᠢᠮᠤ ᠠᠴᠠ ᠢᠮᠠᠭ᠎ᠠ ᠲᠡᠵᠢᠭᠡᠭᠦ ᠦᠢᠯᠡᠰ  ᠢ ᠭᠦᠭᠵᠢᠭᠦᠯᠭᠦ ᠪᠤᠯ ᠤᠳᠤ ᠴᠤ ᠭᠡᠰᠡᠨ ᠦᠭᠡᠢ᠂ ᠢᠷᠡᠭᠡᠳᠦᠢ ᠳᠤ ᠴᠤ ᠭᠡᠰᠡᠨ ᠦᠭᠡᠢ ᠴᠦᠮ ᠮᠠᠨ  ᠤ ᠤᠯᠤᠰ ᠤᠷᠤᠨ  ᠤ ᠠᠵᠤ ᠠᠬᠤᠢ  ᠶᠢᠨ ᠪᠦᠳᠦᠭᠡᠨ ᠪᠠᠶᠢᠭᠤᠯᠤᠯᠳᠠ ᠳᠤ ᠲᠤᠶᠢᠯ  ᠤᠨ ᠠᠴᠢ ᠲᠤᠰᠠᠳᠠᠢ ᠲᠠᠷᠬᠠᠨ ᠡᠭᠦᠷᠭᠡ ᠶᠤᠮ᠃ ᠮᠠᠨ  ᠤ ᠤᠯᠤᠰ ᠤᠷᠤᠨ  ᠤ ᠨᠤᠳᠤᠭ ᠲᠠᠪᠢᠰᠭᠡᠷ ᠦᠷᠭᠡᠨ ᠠᠭᠤᠳᠠᠮ᠂ ᠪᠠᠶᠢᠭᠠᠯᠢ  ᠶᠢᠨ ᠡᠪᠡᠰᠤ ᠪᠡᠯᠴᠢᠭᠡᠷ ᠡᠯᠪᠡᠭ ᠲᠡᠯᠪᠡᠭ ᠪᠤᠯᠬᠤᠷ ᠲᠤᠰ ᠭᠠᠵᠠᠷ ᠤᠷᠤᠨ  ᠤ ᠪᠠᠨ ᠪᠤᠳᠠᠳᠤ ᠪᠠᠶᠢᠳᠠᠯ ᠳᠠᠭᠠᠨ ᠲᠤᠭᠢᠷᠠᠭᠤᠯᠵᠤ ᠪᠠᠶᠢᠭᠠᠳ ᠲᠤᠭᠢᠷᠠᠮᠵᠢᠳᠡᠢ ᠰᠠᠶᠢᠨ ᠡᠭᠦᠯᠳᠡᠷ  ᠢ ᠤᠷᠤᠭᠤᠯᠤᠨ ᠠᠪᠴᠢᠷᠠᠬᠤ ᠪᠦᠭᠡᠳ ᠨᠤᠳᠤᠭ  ᠤᠨ ᠰᠠᠶᠢᠨ ᠡᠭᠦᠯᠳᠡᠷ  ᠤᠨ ᠢᠮᠠᠭ᠎ᠠ  ᠶᠢ ᠴᠤ ᠢᠳᠡᠪᠭᠢᠳᠡᠢ ᠪᠠᠷ ᠦᠷᠡᠵᠢᠭᠦᠯᠦᠨ ᠭᠦᠭᠵᠢᠭᠦᠯᠪᠡᠯ ᠵᠤᠭᠢᠨ᠎ᠠ᠃ ᠢᠡᠭᠭᠢᠪᠡᠯ ᠰᠦᠨ ᠴᠠᠭᠠᠨ ᠦᠡᠭᠭᠡᠳᠤ ᠢᠮᠠᠭᠠᠨ ᠰᠦᠷᠦᠭ ᠴᠤ ᠲᠠᠯ᠎ᠠ ᠳᠤ ᠰᠠᠴᠤᠠᠠᠰᠠᠨ ᠲᠠᠨ᠎ᠠ ᠰᠤᠪᠤᠳ ᠠᠳᠠᠯᠢ ᠲᠠᠷᠬᠠᠨ ᠪᠡᠯᠴᠢᠵᠤ᠂ ᠭᠡᠵᠢᠶ᠎ᠠ ᠡᠭᠦᠷᠢᠳᠡ ᠮᠤᠩᠭᠤᠯ ᠨᠤᠳᠤᠭ  ᠢᠶᠠᠨ ᠴᠢᠮᠡᠭᠯᠡᠵᠤ᠂ ᠮᠠᠯᠴᠢᠨ ᠠᠷᠠᠳ  ᠢᠶᠠᠨ ᠪᠠᠶᠠᠰᠬᠠᠨ ᠪᠠᠶᠠᠵᠢᠭᠤᠯᠬᠤ ᠶᠤᠮ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ