ᠬᠤᠨᠢ ᠪᠤᠯ ᠪᠦᠭᠦ ᠪᠡᠶ᠎ᠠ ᠪᠠᠷ  ᠢᠶᠠᠨ ᠡᠷᠳᠡᠨᠢ ᠮᠦᠨ
ᠨᠡᠶᠢᠲᠡᠯᠡᠭᠰᠡᠨ ᠴᠠᠭ᠄
2015/12/17

        ᠲᠠᠩᠰᠤᠭ ᠰᠠᠶᠢᠬᠠᠨ ᠮᠤᠩᠭᠤᠯ ᠤᠷᠤᠨ ᠳᠤ ᠲᠠᠯ᠎ᠠ ᠲᠦᠭᠦᠷᠡᠩ ᠪᠡᠯᠴᠢᠵᠤ ᠪᠠᠶᠢᠭ᠎ᠠ ᠲᠠᠪᠤᠨ ᠬᠤᠰᠢᠭᠤ ᠮᠠᠯ  ᠤᠨ ᠨᠢᠭᠡ ᠪᠤᠯᠤᠠᠠᠴᠢ ᠬᠤᠨᠢ ᠪᠤᠯ ᠭᠦᠭᠦᠳᠡᠨ  ᠤ ᠲᠦᠷᠦᠯ ᠳᠤ ᠬᠠᠷᠢᠶᠠᠯᠬᠠᠳᠠᠵᠤ ᠦᠭᠡᠷ  ᠤᠨ ᠢᠵᠠᠭᠤᠷᠳᠤ ᠡᠪᠡᠰᠤᠨ ᠲᠡᠵᠢᠭᠡᠯᠳᠤ ᠲᠠᠵᠢᠭᠡᠪᠤᠷᠢ ᠠᠮᠢᠳᠠᠨ ᠶᠤᠮ᠃ ᠬᠤᠨᠢᠨ  ᠤ ᠡᠭᠦᠰᠦᠭᠰᠡᠨ ᠨᠤᠳᠤᠭ ᠤᠰᠤ᠂ ᠲᠠᠰᠬᠠᠨ ᠦᠷᠡᠵᠢᠭᠦᠯᠵᠤ ᠪᠤᠶᠢᠵᠢᠭᠤᠯᠤᠨ ᠭᠠᠷᠭᠠᠠᠠᠰᠠᠨ ᠭᠠᠵᠠᠷ ᠤᠷᠤᠨ᠂ ᠦᠢᠯᠡᠳᠪᠤᠷᠢᠯᠡᠯ  ᠤᠨ ᠴᠢᠨᠠᠷ ᠴᠢᠠᠰᠠᠭ᠎ᠠ ᠠᠴᠠ ᠨᠢ ᠠᠪᠴᠤ ᠦᠵᠡᠭᠰᠡᠨ ᠴᠤ ᠲᠤᠩ ᠤᠯᠠᠨ ᠲᠦᠷᠦᠯ ᠵᠤᠶᠢᠯ  ᠤᠨ ᠡᠭᠦᠯᠳᠡᠷ ᠲᠠᠢ ᠶᠤᠮ᠃ ᠵᠢᠱᠢᠶᠡᠯᠡᠪᠡᠯ ᠠᠦ᠋ᠰᠲᠷᠯᠢᠶ᠎ᠠ ᠬᠤᠨᠢ᠂ ᠮᠤᠩᠭᠤᠯ ᠬᠤᠨᠢ᠂ ᠦᠵᠦᠮᠦᠴᠢᠨ ᠬᠤᠨᠢ᠂ ᠰᠢᠨᠵᠢᠶᠠᠩ  ᠤᠨ ᠨᠠᠷᠢᠨ ᠨᠤᠤᠰᠤᠳᠤ ᠬᠤᠨᠢ᠂ ᠬᠠᠨᠶᠠᠩ ᠬᠤᠨᠢ᠂ ᠲᠦᠪᠡᠳ ᠬᠤᠨᠢ᠂ ᠨᠤᠤᠰᠤ ᠮᠢᠬ᠎ᠠ ᠬᠠᠪᠰᠤᠷᠭᠠᠠᠠᠰᠠᠨ ᠬᠤᠨᠢ ᠵᠡᠷᠭᠡ ᠪᠤᠢ᠃ ᠬᠤᠨᠢᠨ  ᠤ ᠵᠠᠩ ᠴᠢᠨᠠᠷ ᠨᠢ ᠨᠤᠮᠤᠬᠠᠨ ᠪᠦᠭᠡᠳ ᠰᠦᠷᠦᠭᠯᠡᠭᠦ ᠲᠤᠷᠠᠳᠠᠢ᠂ ᠠᠷᠠᠴᠢᠯᠠᠵᠤ ᠮᠠᠯᠯᠠᠬᠤ ᠳᠤ ᠴᠤ ᠠᠮᠠᠷᠬᠠᠨ᠂ ᠦᠷᠡᠵᠢᠯᠳᠡ ᠦᠰᠦᠯᠳᠡ ᠨᠢ ᠲᠦᠷᠭᠡᠨ ᠪᠦᠭᠡᠳ ᠨᠠᠮ ᠰᠡᠯᠡᠭᠦᠤ ᠤᠷᠴᠢᠨ ᠲᠤᠭᠤᠷᠢᠨ ᠳᠤ ᠤᠷᠤᠰᠢᠨ ᠲᠤᠠᠠᠳᠠᠨᠢᠬᠤ ᠲᠤᠷᠠᠳᠠᠢ ᠶᠤᠮ᠃
     ︽ᠬᠤᠨᠢᠨ  ᠤ ᠦᠪᠴᠢ ᠪᠡᠶ᠎ᠡ ᠡᠷᠳᠡᠨᠢ︾ ᠭᠡᠳᠡᠭ ᠦᠨᠡᠨ ᠦᠭᠡ ᠪᠠᠶᠢᠳᠠᠭ᠃ ᠬᠤᠨᠢᠨ ᠮᠢᠬᠠᠨ  ᠤ ᠦᠨᠤᠷ ᠠᠮᠳᠠ ᠨᠢ ᠰᠠᠶᠢᠬᠠᠨ᠂ ᠰᠢᠮ᠎ᠠ ᠲᠡᠵᠢᠭᠡᠯ ᠶᠡᠭᠡᠳᠡᠢ ᠪᠤᠯᠬᠤᠷ ᠭᠦᠮᠦᠰ  ᠤᠨ ᠡᠳᠤᠷ ᠲᠤᠳᠤᠮ  ᠤᠨ ᠠᠮᠢᠳᠤᠷᠠᠯ ᠳᠤ ᠭᠤᠤᠯ ᠢᠳᠡᠳᠡᠭ ᠮᠢᠬᠠᠨ  ᠤ ᠨᠢᠭᠡ ᠵᠤᠶᠢᠯ ᠪᠤᠯᠤᠠᠠᠰᠠᠭᠠᠷ ᠢᠷᠡᠪᠡ᠃ ᠰᠢᠨᠵᠢᠯᠡᠭᠦ ᠤᠬᠠᠭᠠᠨ  ᠤ ᠵᠠᠳᠠᠯᠤᠯᠳᠠ  ᠶᠢ ᠦᠨᠳᠦᠰᠦᠯᠡᠪᠡᠯ᠂ ᠨᠢᠭᠡ ᠺᠢᠯᠤᠭ᠍ᠷᠡᠮ ᠬᠤᠨᠢᠨ ᠮᠢᠬᠠᠨ ᠳᠤ 11.1 ᠭᠷᠡᠮ ᠤᠭᠤᠷᠠᠭ᠂ 28.8 ᠭᠷᠡᠮ ᠦᠭᠡᠭᠦ ᠲᠤᠰᠤ᠂ 0.5 ᠭᠷᠡᠮ ᠨᠡᠭᠦᠷᠡᠰᠤ — ᠤᠰᠤᠨ  ᠤ ᠨᠢᠭᠡᠳᠪᠤᠷᠢ ᠠᠭᠤᠯᠤᠠᠠᠳᠠᠵᠤ ᠪᠠᠶᠢᠬᠤ ᠪᠦᠭᠡᠳ 206 ᠺᠢᠯᠤᠺᠠᠯᠤᠷᠢ ᠢᠯᠴᠢ  ᠶᠢᠨ ᠭᠡᠮᠵᠢᠶ᠎ᠠ ᠲᠠᠢ ᠶᠤᠮ᠃ ᠡᠭᠦᠨ ᠠᠴᠠ ᠭᠠᠳᠠᠨ᠎ᠠ ᠪᠠᠰᠠ ᠺᠠᠯᠼ᠂ ᠹᠤᠰᠹᠤᠷ᠂ ᠲᠠᠮᠤᠷ ᠵᠡᠷᠭᠡ ᠤᠯᠠᠨ ᠵᠤᠶᠢᠯ  ᠤᠨ ᠡᠯᠧᠮᠧᠨ᠋ᠲ ᠪᠤᠯᠤᠨ ᠸᠢᠲ᠋ᠠᠮᠢᠨ ᠠᠭᠤᠯᠤᠠᠠᠳᠠᠵᠤ ᠪᠠᠶᠢᠳᠠᠭ᠃ ᠡᠶᠢᠮᠤ ᠠᠴᠠ ᠬᠤᠨᠢᠨ ᠮᠢᠬ᠎ᠠ  ᠶᠢ ᠢᠳᠡᠭᠡᠨ ᠳᠤ ᠭᠡᠷᠡᠭᠯᠡᠭᠦ ᠳᠤ ᠰᠢᠮ᠎ᠠ ᠲᠡᠵᠢᠭᠡᠯ ᠲᠠᠢ ᠠᠴᠠ ᠭᠠᠳᠠᠨ᠎ᠠ ᠬᠤᠨᠢᠨ ᠮᠢᠬ᠎ᠠ ᠨᠢ ᠪᠠᠰᠠ ᠠᠮᠢᠰᠬᠤᠯ  ᠢ ᠲᠤᠰᠠᠯᠠᠵᠤ᠂ ᠲᠠᠮᠢᠷ  ᠢ ᠨᠦᠭᠦᠪᠤᠷᠢᠯᠡᠨ ᠬᠠᠯᠠᠭᠤᠨ  ᠢ ᠲᠠᠷᠤᠬᠤ ᠦᠢᠯᠡᠳᠦᠯ ᠲᠠᠢ ᠶᠤᠮᠰᠠᠨ᠃ ᠲᠡᠭᠡᠪᠡᠯ ᠬᠤᠨᠢᠨ ᠮᠢᠬ᠎ᠠ ᠪᠠᠰᠠ ᠪᠠᠳᠭᠠᠨ ᠭᠡᠢ  ᠶᠢ ᠠᠷᠢᠯᠭᠠᠵᠤ᠂ ᠲᠤᠷᠠᠰᠢᠯ  ᠢ ᠨᠡᠮᠡᠭᠳᠡᠭᠦᠯᠦᠨ᠂ ᠲᠠᠮᠢᠷ ᠲᠡᠩᠭᠡᠭᠡ  ᠶᠢ ᠰᠠᠶᠢᠵᠢᠷᠠᠭᠤᠯᠬᠤ ᠴᠢᠳᠠᠯ ᠲᠠᠢ ᠭᠡᠵᠤ ︽ᠮᠤᠩᠭᠤᠯ ᠠᠨᠠᠭᠠᠬᠤ ᠤᠬᠠᠭᠠᠨ︾ ᠳᠤ ᠲᠡᠮᠳᠡᠭᠯᠡᠭᠰᠡᠨ ᠪᠠᠶᠢᠳᠠᠭ᠃ ︽ᠮᠤᠩᠭᠤᠯ ᠢᠳᠡᠭᠡᠨ ᠤᠮᠳᠠᠭᠠᠨ  ᠤ ᠲᠤᠪᠴᠢ︾ ᠳᠤ ᠬᠤᠨᠢᠨ ᠮᠢᠬ᠎ᠠ  ᠶᠢ ᠢᠳᠡᠭᠦ ᠳᠤ ᠱᠠᠩᠳᠠᠭᠤᠨ ᠪᠦᠭᠡᠳ ᠰᠢᠮ᠎ᠠ ᠲᠡᠭᠦᠯᠳᠡᠷ ᠭᠡᠰᠡᠨ ᠲᠡᠮᠳᠡᠭᠯᠡᠯ ᠲᠠᠢ ᠶᠤᠮ᠃ ᠪᠦᠭᠦᠯᠢ ᠬᠤᠨᠢᠨ ᠮᠢᠬᠠᠨ  ᠤ ᠴᠢᠨ᠋ᠬᠠᠰᠠᠨ ᠱᠦᠯᠤ  ᠶᠢ ᠤᠤᠭᠤᠪᠠᠰᠤ ᠭᠡᠢ ᠪᠦᠷᠢᠯᠳᠦᠭᠦᠯᠦᠭᠰᠡᠨ ᠡᠪᠡᠳᠴᠢᠨ ᠡᠮᠭᠡᠭ  ᠢ ᠠᠷᠢᠯᠭᠠᠨ᠂ ᠰᠤᠳᠠᠰᠤ  ᠶᠢ ᠨᠡᠭᠡᠭᠡᠭᠳᠡᠭᠦᠯᠦᠨ᠂ ᠬᠤᠶᠠᠩ ᠰᠢᠷ᠎ᠠ ᠤᠰᠤ  ᠶᠢ ᠲᠠᠷᠬᠠᠭᠠᠵᠤ᠂ ᠲᠠᠮᠢᠷ ᠭᠦᠴᠤ  ᠶᠢ ᠨᠡᠮᠡᠭᠳᠡᠭᠦᠯᠭᠦ ᠴᠢᠳᠠᠯ ᠲᠠᠢ᠃ ᠬᠤᠨᠢᠨ  ᠤ ᠪᠤᠠᠠᠳᠤᠭᠤᠰᠤ᠂ ᠰᠢᠭᠢᠷ᠎ᠠ᠂ ᠲᠠᠯᠤᠨ ᠶᠠᠰᠤᠨ  ᠤ ᠱᠦᠯᠤ  ᠶᠢ ᠭᠤᠷᠪᠡᠨ ᠰᠢᠮᠡᠳᠤ  ᠶᠢᠨ ᠱᠦᠯᠤ ᠭᠡᠳᠡᠭ᠃ ᠲᠡᠭᠡᠷ᠎ᠡ ᠨᠢ ᠬᠤᠨᠢᠨ  ᠤ ᠤᠬᠤᠷ ᠰᠡᠭᠦᠯ  ᠢ ᠨᠡᠮᠡᠪᠡᠯ ᠲᠦᠷᠪᠡᠨ ᠰᠢᠮᠡᠳᠤ ᠭᠡᠵᠤ ᠠᠬᠠᠮᠠᠳ ᠮᠠᠯᠴᠢᠳ ᠶᠠᠷᠢᠵᠠᠭᠠᠳᠠᠭ᠃ ᠲᠦᠷᠪᠡᠨ ᠰᠢᠮᠡᠳᠤ  ᠶᠢᠨ ᠱᠦᠯᠤ ᠪᠤᠯ ᠭᠡᠢ ᠲᠠᠷᠬᠠᠭᠠᠬᠤ ᠦᠢᠯᠡᠳᠦᠯ  ᠢᠶᠠᠷ ᠤᠨᠴᠠ ᠰᠠᠶᠢᠨ᠃ ᠬᠤᠨᠢᠨ ᠮᠢᠬᠠᠨ  ᠤ ᠰᠢᠭᠦᠰᠤ ᠨᠢ ᠲᠠᠪᠤᠨ ᠭᠦᠨᠦᠭᠡᠯ ᠲᠤᠯᠤᠭᠠᠨ ᠭᠡᠮᠳᠦᠯ ᠭᠢᠭᠡᠳ ᠴᠤᠯᠤ ᠰᠠᠪᠠ  ᠶᠢᠨ ᠭᠦᠢᠳᠡᠨ ᠭᠡᠢ  ᠶᠢ ᠵᠠᠰᠠᠨ᠎ᠠ᠃ ᠡᠭᠦᠨ ᠳᠤ ᠬᠤᠨᠢᠨ  ᠤ ᠭᠤᠶ᠎ᠠ  ᠶᠢᠨ ᠮᠢᠬ᠎ᠠ  ᠶᠢ ᠵᠢᠵᠢᠭᠯᠡᠨ ᠭᠦᠰᠭᠦᠯᠡᠵᠤ᠂ ᠴᠡᠪᠡᠷ ᠲᠤᠭᠤᠭᠠᠨ ᠳᠤ ᠭᠢᠵᠤ ᠪᠢᠡᠭ ᠪᠢᠳᠡᠭᠦᠤ ᠪᠠᠷ ᠰᠢᠯᠵᠡᠷᠡᠳᠡᠯ᠎ᠠ ᠴᠢᠨᠠᠵᠤ ᠪᠤᠯᠭᠤᠭᠠᠳ ᠴᠡᠪᠡᠷ ᠱᠦᠯᠤ  ᠶᠢ ᠨᠢ ᠰᠢᠪᠬᠠᠨ ᠠᠪᠴᠤ ᠤᠳᠠᠭᠠᠨ ᠬᠤᠨᠤᠭ ᠤᠤᠭᠤᠪᠠᠰᠤ ᠰᠠᠪᠠ  ᠶᠢ ᠰᠠᠯᠪᠢᠨ᠂ ᠲᠠᠮᠢᠷ  ᠢ ᠰᠠᠶᠢᠵᠢᠷᠠᠭᠤᠯᠬᠤ ᠠᠴᠢ ᠲᠤᠰᠠᠳᠠᠢ ᠪᠠᠶᠢᠳᠠᠭ᠃ ︽ᠮᠤᠩᠭᠤᠯ ᠡᠮ  ᠤᠨ ᠲᠡᠭᠦᠪᠤᠷᠢ︾ ᠳᠤ ᠪᠠᠰᠠ ᠬᠤᠨᠢᠨ  ᠤ ᠪᠦᠭᠡᠷ᠎ᠠ  ᠶᠢ ᠬᠤᠨᠢᠨ ᠰᠦᠨ ᠳᠤ ᠴᠢᠨᠠᠵᠤ ᠢᠳᠡᠪᠡᠰᠤ ᠬᠠᠷ᠎ᠠ ᠪᠦᠭᠡᠷᠡᠨ  ᠤ ᠡᠪᠡᠳᠴᠢᠨ  ᠢ ᠵᠠᠰᠠᠵᠤ᠂ ᠰᠢᠭᠡᠰᠤ ᠴᠢᠪᠳ᠋ᠬᠠᠰᠢᠬᠤ ᠪᠠ ᠪᠤᠭᠤᠠᠠᠳᠠᠬᠤ  ᠶᠢ ᠡᠳᠡᠭᠡᠷᠡᠭᠦᠯᠦᠨ᠎ᠠ ᠭᠡᠵᠤ ᠲᠡᠮᠳᠡᠭᠯᠡᠭᠰᠡᠨ ᠪᠠᠶᠢᠨ᠎ᠠ᠃ ᠬᠤᠨᠢᠨ  ᠤ ᠰᠠᠪᠡᠰᠤᠨ ᠲᠠᠪᠳᠦᠭᠡᠯ ᠨᠢ ᠴᠠᠭᠠᠨ ᠬᠤᠶᠠᠩ᠂ ᠨᠢᠯᠬ᠎ᠠ ᠭᠡᠤᠭᠡᠳ  ᠤᠨ ᠡᠯᠢᠭᠡ ᠤᠨᠠᠬᠤ ᠡᠪᠡᠳᠴᠢᠨ  ᠢ ᠡᠳᠡᠭᠡᠷᠡᠭᠦᠯᠭᠦ ᠴᠢᠳᠠᠯ ᠲᠠᠢ᠃ ᠬᠤᠨᠢᠨ ᠰᠦ᠂ ᠰᠢᠷ᠎ᠠ ᠲᠤᠰᠤ᠂ ᠦᠭᠡᠭᠦ᠂ ᠲᠠᠷᠢᠭᠢ᠂ ᠵᠢᠷᠦᠭᠡ᠂ ᠠᠭᠤᠰᠭᠢ᠂ ᠡᠯᠢᠭᠡ᠂ ᠪᠦᠭᠡᠷ᠎ᠠ᠂ ᠲᠦᠮᠤᠰᠤ᠂ ᠨᠢᠳᠤ᠂ ᠴᠢᠰᠤ᠂ ᠭᠠᠪᠠᠯᠠ  ᠶᠢᠨ ᠶᠠᠰᠤ᠂ ᠪᠠᠮᠪᠠᠢ ᠪᠤᠯᠴᠢᠷᠬᠠᠢ᠂ ᠰᠠᠪᠠᠰᠤ᠂ ᠡᠪᠡᠷ᠂ ᠴᠢᠮᠦᠭᠡ᠂ ᠬᠠᠷᠪᠢᠰᠤ  ᠶᠢ ᠨᠢ ᠮᠤᠩᠭᠤᠯ ᠡᠮ ᠡᠮᠨᠡᠯᠭᠡ ᠳᠤ ᠦᠷᠭᠦᠯᠵᠢ ᠭᠡᠷᠡᠭᠯᠡᠳᠡᠭ᠃  ︽ᠠᠨᠠᠭᠠᠬᠤ ᠤᠬᠠᠭᠠᠨ  ᠤ ᠲᠦᠷᠪᠡᠨ ᠦᠨᠳᠤᠰᠤ︾ ᠳᠤ ᠬᠤᠨᠢᠨ ᠮᠢᠬ᠎ᠠ ᠪᠤᠯ ᠭᠡᠢ ᠡᠪᠡᠳᠴᠢᠨ  ᠢ ᠲᠠᠷᠬᠠᠭᠠᠬᠤ ᠲᠠᠪᠤᠨ ᠵᠤᠶᠢᠯ  ᠤᠨ ᠮᠢᠬᠠᠨ  ᠤ ᠨᠢᠭᠡ ᠨᠢ ᠪᠤᠯᠬᠤ ᠪᠦᠭᠡᠳ ᠪᠠᠳᠭᠠᠨ ᠡᠪᠡᠳᠴᠢᠨ  ᠢ ᠠᠨᠠᠭᠠᠬᠤ ᠢᠳᠡᠭᠡ ᠮᠦᠨ ᠭᠡᠵᠤ ᠲᠡᠮᠳᠡᠭᠯᠡᠭᠰᠡᠨ ᠪᠠᠶᠢᠳᠠᠭ᠃ ᠬᠤᠨᠢᠨ ᠮᠢᠬᠠᠨ  ᠤ ᠡᠮ ᠡᠮᠨᠡᠯᠭᠡ ᠳᠤ ᠭᠡᠷᠡᠭᠯᠡᠭᠳᠡᠭᠦ ᠠᠴᠢ ᠬᠤᠯᠪᠤᠠᠠᠳᠠᠯ ᠡᠭᠦᠨ  ᠢᠶᠠᠷ ᠵᠤᠠᠠᠰᠤᠬᠤ ᠪᠢᠰᠢ᠂ ᠬᠤᠨᠢᠨ ᠰᠦ᠂ ᠴᠢᠰᠤ᠂ ᠰᠦᠰᠤ᠂ ᠡᠯᠢᠭᠡ᠂ ᠦᠯᠦᠨ ᠭᠡᠳᠡᠰᠤ᠂ ᠬᠤᠶᠢᠳᠤᠭᠢ᠂ ᠦᠨᠦᠴᠢᠨ ᠲᠠᠷᠢᠭᠢ ᠵᠡᠷᠭᠡ ᠲᠠᠪᠤᠨ ᠡᠷᠭᠡᠳᠡᠨ ᠵᠢᠷᠭᠤᠭᠠᠨ ᠴᠤᠯᠤ ᠨᠢ ᠴᠦᠮ ᠰᠢᠮ᠎ᠠ ᠲᠡᠵᠢᠭᠡᠯ  ᠢᠶᠠᠷ ᠡᠯᠪᠡᠭ ᠪᠦᠭᠡᠳ ᠡᠮ ᠡᠮᠨᠡᠯᠭᠡ  ᠶᠢᠨ ᠲᠠᠯ᠎ᠠ ᠪᠠᠷ ᠴᠤ ᠦᠷᠭᠡᠨ ᠭᠡᠷᠡᠭᠴᠡᠭᠡ ᠲᠠᠢ ᠭᠡᠰᠡᠨ  ᠢ ᠮᠤᠩᠭᠤᠯᠴᠤᠳ ᠠᠮᠢᠳᠤᠷᠠᠯ  ᠤᠨ ᠲᠤᠮᠳᠠ ᠠᠴᠠ ᠪᠠᠨ ᠤᠬᠠᠵᠤ ᠮᠡᠳᠡᠭᠰᠡᠨ ᠶᠤᠮ᠃ ᠬᠤᠨᠢᠨ ᠰᠦ ᠨᠢ ᠲᠠᠮᠢᠷ ᠲᠡᠩᠭᠡᠭᠡ  ᠶᠢ ᠨᠦᠭᠦᠭᠦ᠂ ᠵᠤᠭᠢᠰᠬᠤ  ᠶᠢ ᠵᠤᠠᠠᠰᠤᠭᠠᠬᠤ᠂ ᠤᠮᠳᠠᠭᠠᠰᠬᠤ  ᠶᠢ ᠲᠠᠷᠤᠬᠤ ᠠᠴᠢ ᠲᠤᠰᠠᠳᠠᠢ᠃ ᠬᠤᠨᠢᠨ  ᠤ ᠴᠢᠰᠤ ᠨᠢ ᠴᠢᠰᠤ ᠵᠤᠠᠠᠰᠤᠭᠠᠬᠤ᠂ ᠴᠢᠰᠤ ᠬᠤᠷᠠᠬᠤ ᠡᠪᠡᠳᠴᠢᠨ ᠡᠮᠭᠡᠭ  ᠢ ᠠᠨᠠᠭᠠᠨ᠎ᠠ᠃ ᠬᠤᠨᠢᠨ  ᠤ ᠰᠦᠰᠤ  ᠶᠢ ᠰᠦᠰᠦᠨ ᠭᠦᠴᠢᠯ ᠪᠤᠯᠭᠠᠨ ᠨᠠᠶᠢᠷᠠᠭᠤᠯᠤᠭᠠᠳ ᠵᠠᠷᠢᠮ ᠡᠪᠡᠳᠴᠢᠨ ᠡᠮᠭᠡᠭ ᠠᠴᠠ ᠪᠤᠯᠤᠠᠠᠰᠠᠨ ᠰᠦᠰᠦᠨ ᠭᠦᠴᠢᠯ ᠲᠤᠳ᠋ᠬᠠᠳᠠᠬᠤ ᠡᠪᠡᠳᠴᠢᠨ ᠡᠮᠭᠡᠭ  ᠢ ᠡᠮᠨᠡᠨ ᠵᠠᠰᠠᠳᠠᠭ᠃ ᠬᠤᠨᠢᠨ  ᠤ ᠡᠯᠢᠭᠡ ᠨᠢ ᠲᠠᠭᠢᠶᠠᠨ ᠬᠠᠷᠠᠩ ᠡᠪᠡᠳᠴᠢᠨ  ᠢ ᠵᠠᠰᠠᠨ᠎ᠠ᠃ ᠬᠤᠨᠢᠨ  ᠤ ᠡᠯᠢᠭᠡ  ᠶᠢ ᠪᠠᠰᠠ ᠡᠯᠢᠭᠡᠨ ᠬᠠᠨᠳᠠ  ᠶᠢᠨ ᠲᠠᠷᠢᠯᠭ᠎ᠠ  ᠶᠢᠨ ᠰᠢᠩᠭᠡᠨ ᠪᠤᠶᠤ ᠡᠯᠢᠭᠡᠨ ᠬᠠᠨᠳᠠ ᠪᠤᠯᠭᠠᠵᠤ᠂ ᠡᠭᠦᠨ  ᠢᠶᠠᠷ ᠵᠠᠷᠢᠮ ᠴᠢᠰᠤ ᠲᠤᠳᠠᠬᠤ ᠡᠪᠡᠳᠴᠢᠨ  ᠢ ᠵᠠᠰᠠᠳᠠᠭ︔ ᠬᠤᠨᠢᠨ  ᠤ ᠵᠢᠷᠦᠭᠡ ᠪᠠᠷ ᠦᠢᠯᠡᠳᠦᠭᠰᠡᠨ ᠡᠮ ᠳᠤ ᠠᠭᠤᠯᠬᠤ ᠡᠰ  ᠤᠨ ᠦᠡᠭᠭᠡᠨ  ᠤ ᠨᠠᠶᠢᠷᠠᠭ ᠨᠢ ᠴᠢᠰᠤ ᠭᠠᠷᠬᠤ ᠱᠤᠺ ᠪᠤᠯᠤᠨ ᠲᠠᠷᠢᠭᠢᠨ  ᠤ ᠭᠦᠴᠢᠯᠳᠦ᠋ᠷᠦᠭᠴᠢ ᠲᠤᠳ᠋ᠬᠠᠳᠠᠬᠤ ᠡᠪᠡᠳᠴᠢᠨ  ᠢ ᠡᠮᠨᠡᠨ ᠵᠠᠰᠠᠵᠤ ᠴᠢᠳᠠᠨ᠎ᠠ︔ ᠬᠤᠨᠢᠨ  ᠤ ᠬᠤᠶᠢᠳᠤᠭᠢ᠂ ᠵᠠᠰᠠᠭ᠎ᠠ ᠭᠢᠭᠡᠳ ᠪᠦᠭᠡᠷ᠎ᠡ ᠨᠢ ᠲᠠᠮᠢᠷ ᠨᠦᠭᠦᠪᠤᠷᠢᠯᠡᠭᠦ ᠦᠢᠯᠡᠳᠦᠯ ᠲᠠᠢ᠃ ᠬᠤᠨᠢᠨ  ᠤ ᠦᠨᠤᠴᠢᠨ ᠲᠠᠷᠢᠭᠢ ᠠᠴᠠ ᠢᠯᠭᠠᠷᠠᠭᠤᠯᠤᠨ ᠠᠪᠤᠠᠠᠰᠠᠨ ᠦᠰᠦᠯᠳᠡ  ᠶᠢᠨ ᠬᠤᠷᠮᠤᠨ ᠨᠢ ᠦᠰᠦᠯᠳᠡ ᠤᠳᠠᠭᠠᠨ ᠡᠪᠡᠳᠴᠢᠨ ᠪᠤᠯᠤᠨ ᠠᠷᠤᠭ ᠶᠠᠰᠤᠨ  ᠤ ᠪᠤᠶᠢᠵᠢᠯᠳᠡ ᠪᠠᠷ ᠮᠠᠭᠤ ᠡᠪᠡᠳᠴᠢᠨ  ᠢ ᠡᠮᠨᠡᠨ ᠵᠠᠰᠠᠵᠤ ᠲᠠᠶᠢᠯᠳᠡᠭ᠃ ᠬᠤᠨᠢᠨ  ᠤ ᠨᠠᠷᠢᠨ ᠭᠡᠳᠡᠰᠤ ᠪᠠᠷ ᠡᠮ ᠨᠠᠶᠢᠷᠠᠭᠤᠯᠳᠠᠭ ᠮᠦᠷᠳᠡᠭᠡᠨ ᠲᠡᠭᠦᠨ  ᠢ ᠪᠤᠯᠪᠠᠰᠤᠷᠠᠭᠤᠯᠤᠠᠠᠰᠠᠨ  ᠤ ᠲᠠᠷᠠᠭ᠎ᠠ ᠮᠠᠰᠠ ᠵᠠᠰᠠᠯ  ᠤᠨ ᠤᠶᠤᠳᠠᠯ  ᠤᠨ ᠤᠳᠠᠰᠤ ᠪᠤᠯᠭᠠᠨ ᠠᠰᠢᠠᠠᠯᠠᠳᠠᠭ᠃ ᠵᠠᠷᠢᠮ ᠵᠠᠳᠠᠯᠤᠯᠳᠠ ᠢᠯᠡᠷᠡᠭᠦᠯᠦᠭᠰᠡᠨ ᠨᠢ᠂ ᠬᠤᠨᠢᠨ  ᠤ ᠲᠠᠪᠤᠨ ᠡᠷᠭᠡᠳᠡᠨ ᠵᠢᠷᠭᠤᠭᠠᠨ ᠴᠤᠯᠤ  ᠶᠢ ᠡᠮ  ᠤᠨ ᠦᠢᠯᠡᠳᠪᠤᠷᠢ ᠳᠤ ᠤᠷᠤᠭᠤᠯᠪᠠᠯ ᠲᠡᠭᠦᠨ  ᠢᠶᠠᠷ 70 ᠭᠠᠷᠤᠢ ᠵᠤᠶᠢᠯ  ᠤᠨ ᠭᠢᠳᠡᠳ ᠡᠸᠦ᠋ᠷᠦᠫᠡ ᠡᠮ ᠨᠠᠶᠢᠷᠠᠭᠤᠯᠵᠤ ᠪᠤᠯᠤᠨ᠎ᠠ᠃
      ᠦᠪᠴᠢ ᠪᠡᠶ᠎ᠠ ᠨᠢ ᠡᠷᠳᠡᠨᠢ ᠪᠠᠷ ᠪᠦᠷᠢᠯᠳᠦᠭᠰᠡᠨ ᠬᠤᠨᠢ ᠨᠢ ᠭᠦᠮᠦᠰ  ᠤᠨ ᠡᠳᠤᠷ ᠲᠤᠳᠤᠮ  ᠤᠨ ᠠᠮᠢᠳᠤᠷᠠᠯ  ᠤᠨ ᠭᠡᠷᠡᠭᠴᠡᠭᠡ  ᠶᠢ ᠬᠠᠨᠭ᠍ᠭᠠᠬᠤ ᠪᠠᠷ ᠦᠯᠤ ᠪᠠᠷᠠᠮ᠂ ᠪᠠᠰᠠ ᠠᠵᠤ ᠦᠢᠯᠡᠳᠪᠤᠷᠢ  ᠶᠢᠨ ᠴᠢᠬᠤᠯᠠ ᠲᠦᠭᠦᠭᠡᠢ ᠡᠳ᠋ ᠪᠤᠯᠬᠤ ᠶᠤᠮ᠃ ᠬᠤᠨᠢᠨ  ᠤ ᠶᠠᠰᠤᠨ ᠳᠤ ᠲᠤᠰᠤ᠂ ᠴᠠᠪᠠᠤ᠂ ᠹᠤᠰᠹᠤᠷ ᠪᠤᠯᠤᠨ ᠠᠽᠤᠲ ᠵᠡᠷᠭᠡ ᠤᠯᠠᠨ ᠵᠤᠶᠢᠯ  ᠤᠨ ᠭᠢᠮᠢ  ᠶᠢᠨ ᠪᠦᠷᠢᠯᠳᠦᠭᠦᠨ ᠠᠭᠤᠯᠤᠠᠠᠳᠠᠵᠤ ᠪᠤᠢ᠂ ᠶᠠᠰᠤᠨ ᠲᠤᠰᠤ ᠪᠤᠯ ᠰᠠᠪᠤᠡᠭ ᠭᠢᠭᠦ ᠴᠢᠬᠤᠯᠠ ᠲᠦᠭᠦᠭᠡᠢ ᠡᠳ᠋ ᠪᠤᠯᠤᠨ᠎ᠠ᠃ ᠶᠠᠰᠤᠨ ᠴᠠᠪᠠᠤ ᠪᠠᠷ ᠴᠠᠭᠠᠰᠤ ᠭᠢᠭᠦ᠂ ᠭᠡᠪᠯᠡᠯ ᠲᠠᠷᠤᠮᠠᠯ ᠳᠤ ᠪᠤᠳᠤᠭ ᠰᠠᠭᠤᠯᠭᠠᠬᠤ᠂ ᠨᠡᠭᠡᠮᠡᠯ ᠪᠤᠶᠤ ᠴᠤᠶᠢᠳ᠋ᠸᠡᠭ ᠵᠡᠷᠭᠡ  ᠶᠢᠨ ᠠᠵᠤ ᠦᠢᠯᠡᠳᠪᠤᠷᠢ  ᠶᠢᠨ ᠨᠠᠭᠠᠯᠳᠤᠭᠤᠯᠤᠠᠠᠴᠢ ᠡᠳ᠋  ᠢ ᠦᠢᠯᠡᠳᠴᠤ ᠪᠤᠯᠬᠤ ᠪᠦᠭᠡᠳ ᠲᠡᠭᠦᠨ  ᠢᠶᠠᠷ ᠪᠤᠯᠪᠠᠰᠤᠷᠠᠭᠤᠯᠤᠠᠠᠰᠠᠨ ᠲᠤᠩᠭᠠᠯᠠᠭ ᠴᠠᠪᠠᠤ ᠪᠠᠷ ᠪᠠᠰᠠ ᠰᠡᠭᠦᠳᠡᠷᠯᠡᠭᠦ ᠮᠠᠰᠢᠨ  ᠤ ᠢᠯᠳᠠᠰᠤ ᠪᠠ ᠺᠢᠨᠤ᠋  ᠶᠢᠨ ᠹᠢᠯᠢᠮ ᠭᠢᠵᠤ ᠪᠤᠯᠳᠠᠭ᠂ ᠬᠤᠨᠢᠨ  ᠤ ᠶᠠᠰᠤᠨ ᠲᠠᠯᠬ᠎ᠠ᠂ ᠴᠢᠰᠤᠨ ᠲᠠᠯᠬ᠎ᠠ ᠪᠠᠷ ᠨᠤᠳᠤᠭ  ᠤᠨ ᠪᠤᠷᠳᠤᠭ᠎ᠠ ᠭᠢᠵᠤ᠂ ᠮᠠᠯ ᠲᠡᠵᠢᠭᠡᠪᠤᠷᠢ  ᠶᠢᠨ ᠨᠦᠭᠦᠪᠤᠷᠢ ᠪᠤᠷᠳᠤᠭ᠎ᠠ ᠪᠤᠯᠭᠠᠨ ᠠᠰᠢᠠᠠᠯᠠᠪᠠᠯ ᠲᠡᠵᠢᠭᠡᠯ ᠪᠤᠷᠳᠤᠭᠠᠨ  ᠤ ᠦᠢᠯᠡᠳᠪᠤᠷᠢᠯᠡᠯ ᠳᠤ ᠨᠠᠮᠠᠷᠢ ᠬᠠᠨᠳᠢᠪ ᠦᠵᠡᠭᠦᠯᠭᠦ ᠪᠠᠷ ᠪᠠᠷᠠᠬᠤ ᠦᠭᠡᠢ᠂ ᠶᠠᠰᠤᠨ ᠲᠠᠯᠬ᠎ᠠ ᠳᠤ ᠡᠯᠪᠡᠭ ᠠᠭᠤᠯᠬᠤ ᠹᠤᠰᠹᠤᠷ᠂ ᠠᠼᠤᠲ ᠪᠤᠯ ᠲᠠᠷᠢᠮᠠᠯ ︵ᠭᠢᠮᠢ  ᠶᠢᠨ ᠪᠤᠷᠳᠤᠭᠤᠷ︶  ᠤᠨ ᠭᠦᠷᠤᠰᠤ ᠰᠢᠷᠤᠢ  ᠶᠢ ᠰᠠᠶᠢᠵᠢᠷᠠᠭᠤᠯᠬᠤ ᠴᠢᠨᠠᠷ ᠰᠠᠶᠢᠳᠠᠢ ᠲᠠᠯᠬᠠᠨ ᠪᠤᠷᠳᠤᠭᠤᠷ ᠪᠤᠯᠤᠨ᠎ᠠ᠃ ᠬᠤᠨᠢᠨ  ᠤ ᠨᠤᠤᠰᠤ ᠠᠷᠠᠰᠤ ᠴᠤ ᠨᠡᠭᠡᠮᠡᠯ ᠪᠤᠯᠤᠨ ᠠᠷᠠᠰᠤ ᠰᠢᠷᠢ  ᠶᠢᠨ ᠠᠵᠤ ᠦᠢᠯᠡᠳᠪᠤᠷᠢ  ᠶᠢᠨ ᠲᠦᠭᠦᠭᠡᠢ ᠮᠠᠲ᠋ᠧᠷᠢᠶᠠᠯ ᠪᠤᠯᠤᠨ᠎ᠠ᠂ ᠬᠤᠨᠢᠨ ᠨᠤᠤᠰᠤ ᠪᠠᠷ ᠭᠤᠶᠤ ᠰᠠᠶᠢᠬᠠᠨ ᠨᠤᠤᠰᠤᠨ ᠤᠳᠠᠰᠤ ᠡᠭᠡᠷᠡᠵᠤ᠂ ᠨᠤᠤᠰᠤᠨ ᠴᠠᠮᠴᠠ ᠨᠡᠭᠡᠵᠤ᠂ ᠨᠤᠤᠰᠤᠨ ᠬᠤᠪᠴᠠᠰᠤ᠂ ᠨᠢᠽᠢᠨ ᠭᠦᠷᠮ᠎ᠠ᠂ ᠳ᠋ᠠᠴᠠᠩ ᠭᠢᠳᠡᠭ᠃ ᠠᠷᠠᠰᠤ ᠰᠢᠷᠢ  ᠶᠢᠨ ᠠᠵᠤ ᠦᠢᠯᠡᠳᠪᠤᠷᠢ  ᠶᠢᠨ ᠬᠢᠨ ᠬᠤᠨᠢᠨ  ᠤ ᠠᠷᠠᠰᠤ  ᠶᠢ ᠨᠡᠩ ᠴᠤ ᠨᠠᠷᠢᠯᠢᠭ ᠰᠠᠶᠢᠬᠠᠨ ᠪᠤᠯᠪᠠᠰᠤᠷᠠᠭᠤᠯᠤᠭᠠᠳ ᠵᠢᠶᠠᠺᠧ ᠬᠤᠪᠴᠠᠰᠤ᠂ ᠳ᠋ᠠᠴᠠᠩ᠂ ᠦᠮᠤᠳᠤ ᠵᠡᠷᠭᠡ  ᠶᠢᠨ ᠲᠡᠭᠡᠳᠤ ᠲᠠᠰ  ᠤᠨ ᠬᠤᠪᠴᠠᠰᠤᠨ ᠡᠳ᠋ᠯᠡᠯ ᠪᠤᠶᠤ ᠭᠤᠳᠤᠯ ᠱᠠᠬᠠᠢ ᠵᠡᠷᠭᠡ  ᠶᠢ ᠭᠢᠭᠰᠡᠨ ᠪᠠᠶᠢᠳᠠᠭ᠃ ᠬᠤᠨᠢᠨ  ᠤ ᠠᠷᠠᠰᠤ ᠨᠤᠤᠰᠤ ᠨᠢ ᠠᠰᠢᠭ ᠶᠡᠭᠡᠳᠡᠢ ᠪᠦᠭᠡᠳ ᠭᠦᠢᠳᠡᠨ  ᠢ ᠬᠠᠯᠬᠠᠯᠠᠬᠤ ᠪᠠᠷ ᠲᠤᠩ ᠰᠠᠶᠢᠨ ᠪᠠᠶᠢᠳᠠᠭ᠃ ᠬᠤᠨᠢᠨ  ᠤ ᠡᠪᠡᠷ  ᠢᠶᠠᠷ ᠭᠠᠷ ᠤᠷᠠᠯᠠᠯ  ᠤᠨ ᠪᠦᠳᠦᠭᠡᠭᠳᠡᠭᠦᠨ ᠦᠢᠯᠡᠳᠴᠤ ᠪᠤᠯᠬᠤ ᠪᠦᠭᠡᠳ ᠰᠢᠪᠭᠢ ︵ᠰᠢᠭᠡᠰᠤ ᠪᠠᠭᠠᠰᠤ︶ ᠨᠢ ᠭᠦᠮᠦᠨ ᠮᠠᠯ  ᠤᠨ ᠰᠢᠪᠭᠢ  ᠶᠢᠨ ᠲᠤᠳᠤᠷᠠᠭᠢ ᠬᠠᠮᠤᠭ  ᠤᠨ ᠴᠢᠨᠠᠷ ᠰᠠᠶᠢᠳᠠᠢ ᠪᠤᠷᠳᠤᠭᠤᠷ ᠪᠤᠯᠤᠨ᠎ᠠ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ