ᠨᠢᠯᠬ᠎ᠠ ᠲᠤᠭᠤᠯ ᠢ ᠶᠠᠭᠠᠭᠢᠵᠤ ᠠᠷᠠᠴᠢᠯᠠᠵᠤ ᠲᠤᠳᠤᠮᠳᠠᠬᠤ ᠪᠤᠢ
ᠨᠡᠶᠢᠲᠡᠯᠡᠭᠰᠡᠨ ᠴᠠᠭ᠄
2015/12/17

      ᠨᠢᠭᠡ᠂ ᠨᠢᠯᠬ᠎ᠠ ᠲᠤᠭᠤᠯ  ᠢᠶᠠᠨ ᠬᠠᠭᠤᠷᠠᠢ ᠡᠪᠡᠰᠤᠨ ᠲᠠᠪᠢᠰᠭᠡᠷ ᠲᠡᠭᠡᠷ᠎ᠡ ᠲᠠᠯᠪᠢᠨ᠎ᠠ᠃ ᠭᠡᠷᠪᠡ ᠭᠦᠢᠰᠤ ᠨᠢ ᠬᠠᠳᠠᠵᠤ ᠲᠠᠰᠤᠷᠠᠭᠠᠳᠤᠢ ᠪᠤᠯ ᠠᠷᠢᠭᠤᠳᠬᠠᠠᠠᠰᠠᠨ ᠬᠠᠶᠢᠴᠢ ᠪᠠᠷ 10 ~ 15 ᠰᠠᠠᠲ᠋ᠢᠮᠧᠲᠷ ᠤᠷᠳᠤ ᠬᠠᠶᠢᠴᠢᠯᠠᠵᠤ ᠦᠯᠡᠳᠡᠭᠡᠳ ᠲᠤᠳᠤᠷᠠᠭᠢ ᠪᠤᠵᠠᠷ ᠤᠰᠤ  ᠶᠢ ᠨᠢ ᠰᠢᠬᠠᠨ ᠭᠠᠷᠭᠠᠨ᠎ᠠ᠃ ᠲᠠᠷᠠᠭ᠎ᠠ ᠨᠢ 5%  ᠶᠢᠨ ᠢᠤᠳ᠋ᠳᠤ ᠤᠰᠤ ᠪᠠᠷ ᠭᠦᠢᠰᠤᠨ  ᠤ ᠲᠤᠳᠤᠷᠠᠭᠢ  ᠶᠢ ᠠᠷᠢᠭᠤᠳᠬᠠᠵᠤ ᠪᠤᠯᠤᠨ᠎ᠠ᠃
      ᠬᠤᠶᠠᠷ᠂ ᠨᠢᠯᠬ᠎ᠠ ᠲᠤᠭᠤᠯ  ᠤᠨ ᠠᠮᠠ ᠬᠠᠮᠠᠷ  ᠤᠨ ᠭᠢᠨᠢ ᠭᠦᠨᠳᠡᠢ ᠳᠠᠬᠢ ᠨᠢᠯᠴᠠᠭᠠᠢ ᠰᠠᠯᠢᠰᠤ  ᠶᠢ ᠨᠢ ᠠᠯᠴᠢᠭᠤᠷ ᠵᠡᠷᠭᠡ ᠵᠦᠭᠡᠯᠡᠨ ᠪᠦᠰ  ᠢᠶᠠᠷ ᠠᠷᠴᠢᠨ᠎ᠠ᠃ ᠭᠡᠷᠪᠡ ᠨᠢᠯᠬ᠎ᠠ ᠲᠤᠭᠤᠯ ᠨᠢᠯᠴᠠᠭᠠᠢ ᠰᠠᠯᠢᠰᠤ ᠪᠠᠨ ᠵᠠᠯᠭᠢᠵᠤ ᠠᠮᠢᠰᠬᠤᠯᠯᠠᠬᠤ ᠳᠤ ᠭᠦᠴᠢᠷᠳᠡᠵᠤ ᠪᠠᠶᠢᠪᠠᠯ ᠭᠠᠷ  ᠢᠶᠠᠷ  ᠢᠶᠠᠨ ᠲᠤᠭᠤᠯ  ᠤᠨ ᠴᠡᠭᠡᠵᠢᠨ ᠭᠡᠰᠡᠭ  ᠢ ᠵᠦᠭᠡᠯᠡᠨ ᠠᠯᠠᠭᠠᠳᠠᠵᠤ ᠠᠮᠢᠰᠬᠤᠯ  ᠢ ᠨᠢ ᠰᠡᠷᠭᠦᠭᠡᠨ᠎ᠡ᠃ ᠠᠮᠢᠰᠬᠤᠯ ᠨᠢ ᠭᠦᠨᠳᠤ ᠨᠤᠴᠢᠳᠠᠢ ᠪᠦᠭᠯᠡᠷᠡᠭᠰᠡᠨ ᠪᠠᠶᠢᠪᠠᠯ ᠲᠤᠭᠤᠯ  ᠤᠨ ᠬᠤᠶᠢᠳᠤ ᠬᠤᠶᠠᠷ ᠭᠦᠯ  ᠢ ᠲᠡᠭᠡᠭᠰᠢ ᠡᠷᠭᠦᠵᠤ᠂ ᠴᠡᠭᠡᠵᠢ  ᠶᠢ ᠨᠢ ᠭᠦᠴᠤᠳᠡᠢ ᠰᠢᠭ ᠠᠯᠠᠭᠠᠳᠠᠵᠤ᠂ ᠵᠠᠯᠭᠢᠨ᠋ᠠᠰᠠᠨ ᠰᠠᠯᠢᠰᠤ  ᠶᠢ ᠨᠢ ᠪᠦᠭᠡᠯᠵᠢᠭᠦᠯᠦᠨ ᠭᠠᠷᠭᠠᠵᠤ ᠭᠡᠪ  ᠤᠨ ᠠᠮᠢᠰᠬᠤᠯ  ᠢ ᠨᠢ ᠲᠦᠷᠭᠡᠨ ᠰᠡᠷᠭᠦᠭᠡᠭᠦ ᠭᠡᠷᠡᠭᠳᠡᠢ᠃
      ᠭᠤᠷᠪᠡ᠂ ᠨᠢᠯᠬ᠎ᠠ ᠲᠤᠭᠤᠯ  ᠤᠨ ᠪᠡᠶ᠎ᠡ ᠲᠡᠭᠡᠷᠡᠭᠢ ᠰᠠᠯᠠᠢ  ᠶᠢ ᠡᠭᠡ ᠪᠠᠷ ᠨᠢ ᠲᠤᠯᠢᠶᠠᠯᠭᠠᠨ ᠬᠠᠳᠠᠭᠠᠪᠠᠯ ᠰᠠᠶᠢᠨ ᠶᠤᠮ᠃ ᠦᠨᠢᠶᠠᠨ  ᠤ ᠭᠡᠯᠡ ᠪᠠᠷ  ᠢᠶᠠᠨ ᠲᠦᠯ ᠮᠠᠯ  ᠤᠨ  ᠢᠶᠠᠨ ᠰᠠᠯᠠᠢ  ᠶᠢ ᠲᠤᠯᠢᠶᠠᠵᠤ ᠬᠠᠳᠠᠭᠠᠬᠤ  ᠶᠢ ᠠᠷᠴᠢᠵᠤ ᠬᠠᠳᠠᠭᠠᠬᠤ ᠲᠠᠢ ᠠᠳᠠᠯᠢᠳᠬᠠᠪᠠᠯ ᠹᠢᠽᠢᠤᠯᠤᠭᠢ  ᠶᠢᠨ ᠲᠠᠯ᠎ᠠ ᠪᠠᠷ ᠲᠠᠪᠠᠭᠤᠯᠢᠭ ᠲᠠᠯ᠎ᠠ ᠲᠠᠢ ᠪᠠᠶᠢᠳᠠᠭ᠃ ᠤᠴᠢᠷ ᠨᠢ ᠦᠨᠢᠶᠡᠨ  ᠤ ᠰᠢᠯᠦᠰᠤᠨ ᠳᠤ ᠶᠡᠭᠡ ᠭᠡᠮᠵᠢᠶᠠᠨ  ᠤ ᠰᠢᠯᠤᠰᠤᠨ  ᠤ ᠢᠰᠤᠯ ᠠᠭᠤᠯᠤᠠᠠᠳᠠᠵᠤ ᠪᠠᠶᠢᠬᠤ ᠪᠤᠯᠬᠤᠷ ᠲᠠᠷᠠ ᠨᠢ ᠲᠤᠭᠤᠯ  ᠤᠨ ᠪᠡᠶ᠎ᠡ ᠲᠡᠭᠡᠷᠡᠭᠢ ᠨᠢᠯᠴᠠᠭᠠᠢ ᠰᠠᠯᠢᠰᠤ  ᠶᠢ ᠠᠷᠢᠭᠤᠳᠬᠠᠵᠤ ᠴᠢᠳᠠᠳᠠᠭ᠃ ᠦᠨᠢᠶᠡᠨ  ᠤ ᠭᠡᠯᠡ ᠭᠢᠭᠡᠳ ᠲᠤᠭᠤᠯ  ᠤᠨ ᠠᠷᠠᠰᠤᠨ  ᠤ ᠦᠷᠦᠯᠳᠡ ᠨᠢ ᠲᠤᠭᠤᠯ  ᠤᠨ ᠮᠡᠳᠡᠷᠡᠯ  ᠤᠨ ᠨᠠᠷᠢᠨ ᠰᠤᠳᠠᠯ ᠳᠤ ᠰᠡᠳᠦᠯᠳᠡ ᠦᠭᠴᠤ᠂ ᠪᠡᠶ᠎ᠡ  ᠶᠢᠨ ᠢᠯᠴᠢ  ᠶᠢ ᠨᠢ ᠲᠤᠭᠢᠷᠠᠭᠤᠯᠬᠤ ᠪᠠ ᠴᠢᠰᠤᠨ  ᠤ ᠡᠷᠭᠢᠯᠳᠡ  ᠶᠢ ᠨᠢ ᠲᠦᠷᠭᠡᠳᠭᠡᠭᠦ ᠦᠢᠯᠡᠳᠦᠯ ᠲᠠᠢ ᠶᠤᠮ᠃
     ᠲᠦᠷᠪᠡ᠂ ᠨᠢᠯᠬ᠎ᠠ ᠲᠤᠭᠤᠯ ᠲᠡᠩᠭᠡᠵᠢᠵᠤ ᠵᠤᠠᠠᠰᠤᠵᠤ ᠴᠢᠳᠠᠬᠤ ᠪᠤᠯᠤᠠᠠᠰᠠᠨ  ᠤ ᠲᠠᠷᠠᠭ᠎ᠠ ᠤᠷᠢᠳ  ᠢᠶᠠᠷ ᠠᠷᠢᠭᠤᠳᠬᠠᠵᠤ᠂ ᠡᠪᠡᠰᠤ ᠲᠠᠪᠢᠰᠴᠤ ᠪᠡᠯᠡᠳᠭᠡᠭᠰᠡᠨ ᠼᠧᠯᠰ  ᠤᠨ 18 ~ 20 ᠭᠷᠠᠳᠦ᠋ᠰ  ᠤᠨ ᠬᠠᠰᠢᠶᠠᠨ ᠳᠤ ᠲᠠᠷᠤᠢ ᠲᠦᠷᠭᠡᠨ ᠭᠦᠷᠭᠡᠨ ᠤᠷᠤᠭᠤᠯᠵᠤ ᠲᠠᠩ  ᠢᠶᠠᠷ ᠨᠢ ᠬᠤᠷᠢᠭᠠᠳ ᠭᠦᠨᠳᠤ  ᠶᠢ ᠨᠢ ᠵᠢᠩᠯᠡᠵᠤ ᠳ᠋ᠤᠭᠠᠷᠯᠠᠨ ᠲᠡᠮᠳᠡᠭᠯᠡᠭᠦ ᠪᠤᠶᠤ ᠴᠢᠭᠢᠨ  ᠤ ᠲᠡᠮᠳᠡᠭ ᠭᠢᠵᠤ ᠪᠤᠯᠤᠨ᠎ᠠ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ