ᠭᠦᠯᠦᠰᠢᠨ ᠦᠭᠡᠷ ᠢ ᠵᠤᠨ ᠤ ᠤᠯᠠᠷᠢᠯ ᠳᠤ ᠵᠠᠷᠤᠬᠤ ᠳᠤ ᠠᠩᠬᠠᠷᠬᠤ ᠲᠠᠪᠤᠨ ᠵᠤᠶᠢᠯ
ᠨᠡᠶᠢᠲᠡᠯᠡᠭᠰᠡᠨ ᠴᠠᠭ᠄
2015/12/17

       ᠵᠤᠨ  ᠤ ᠤᠯᠠᠷᠢᠯ ᠳᠤ ᠭᠦᠯᠦᠰᠢᠨ ᠦᠭᠡᠷ  ᠢ ᠵᠠᠷᠤᠵᠤ ᠡᠳ᠋ᠯᠡᠭᠦ ᠨᠢ ᠠᠷᠪᠢᠨ ᠪᠦᠭᠡᠳ ᠠᠭᠤᠷ ᠠᠮᠢᠰᠬᠤᠯ ᠴᠤ ᠠᠭᠠᠭᠢᠮ᠎ᠠ ᠬᠠᠯᠠᠭᠤᠨ ᠪᠠᠶᠢᠳᠠᠭ ᠪᠤᠯᠬᠤᠷ ᠲᠠᠷᠭᠤ ᠭᠦᠴᠤ ᠨᠢ ᠪᠠᠭᠤᠷᠠᠵᠤ᠂ ᠪᠠᠭ᠎ᠠ ᠯᠡ ᠭᠢᠴᠢᠶᠡᠭᠦ ᠦᠭᠡᠢ ᠪᠤᠯ ᠭᠡᠮᠨᠡᠭᠦ ᠪᠤᠶᠤ ᠨᠠᠷᠠᠰᠢᠭᠠᠳ ᠭᠦᠨᠳᠤ ᠨᠤᠴᠢᠳᠠᠢ ᠠᠵᠤ ᠠᠬᠤᠢ  ᠶᠢᠨ ᠬᠤᠭᠢᠷᠠᠯ ᠤᠴᠠᠷᠠᠭᠤᠯᠳᠠᠭ ᠪᠠᠶᠢᠨ᠎ᠠ᠃ ᠡᠶᠢᠮᠤ ᠠᠴᠠ ᠲᠤᠤᠷ᠎ᠠ ᠪᠢᠳᠡ ᠵᠤᠨ  ᠤ ᠤᠯᠠᠷᠢᠯ ᠳᠤ ᠭᠦᠯᠦᠰᠢᠨ ᠦᠭᠡᠷ  ᠢ ᠵᠠᠷᠤᠵᠤ ᠡᠳ᠋ᠯᠡᠭᠦ ᠲᠤᠬᠠᠢ ᠲᠠᠪᠤᠨ ᠵᠤᠶᠢᠯ  ᠢ ᠲᠠᠨᠢᠯᠴᠠᠭᠤᠯᠤᠶ᠎ᠠ᠃
     1. ᠰᠢᠮ᠎ᠠ ᠲᠡᠵᠢᠭᠡᠯ ᠨᠦᠭᠦᠪᠤᠷᠢᠯᠡᠭᠦ  ᠶᠢ ᠠᠩᠬᠠᠷᠤᠨ᠎ᠠ᠃ ᠵᠤᠨ  ᠤ ᠤᠯᠠᠷᠢᠯ ᠳᠤ ᠦᠭᠡᠷ ᠲᠡᠭᠡᠨ ᠴᠢᠨᠠᠷ ᠰᠠᠶᠢᠳᠠᠢ ᠰᠢᠨ᠎ᠠ ᠰᠤᠷᠭᠤᠭ ᠭᠦᠭᠡ ᠡᠪᠡᠰᠤ ᠪᠤᠶᠤ ᠬᠠᠭᠤᠷᠠᠢ ᠡᠪᠡᠰᠤ ᠢᠳᠡᠭᠦᠯᠦᠨ᠂ ᠨᠠᠷᠢᠯᠢᠭ ᠪᠤᠷᠳᠤᠭᠠᠨ  ᠤ ᠭᠡᠮᠵᠢᠶ᠎ᠠ  ᠶᠢ ᠨᠢ ᠵᠤᠭᠢᠰᠳᠠᠢ ᠨᠡᠮᠡᠭᠳᠡᠭᠦᠯᠭᠦ ᠮᠦᠷᠳᠡᠭᠡᠨ ᠰᠦᠨᠢ ᠪᠠᠰᠠ ᠲᠡᠵᠢᠭᠡᠯ ᠡᠪᠡᠰᠤ ᠨᠡᠮᠡᠵᠤ ᠦᠭᠭᠦ ᠭᠡᠷᠡᠭᠳᠡᠢ᠃
     2. ᠵᠠᠷᠤᠵᠤ ᠠᠮᠠᠷᠠᠭᠤᠯᠬᠤ  ᠶᠢ ᠵᠤᠭᠢᠰᠳᠠᠢ ᠲᠤᠭᠢᠷᠠᠭᠤᠯᠤᠨ᠎ᠠ᠃ ᠵᠤᠨ  ᠤ ᠤᠯᠠᠷᠢᠯ ᠳᠤ ᠭᠦᠯᠦᠰᠢᠨ ᠦᠭᠡᠷ  ᠢ ᠵᠠᠷᠤᠵᠤ ᠡᠳ᠋ᠯᠡᠭᠦ ᠨᠢ ᠠᠷᠪᠢᠨ ᠮᠦᠷᠳᠡᠭᠡᠨ ᠠᠭᠤᠷ ᠠᠮᠢᠰᠬᠤᠯ ᠴᠤ ᠠᠭᠠᠭᠢᠮ᠎ᠠ ᠬᠠᠯᠠᠭᠤᠨ ᠪᠤᠯᠬᠤᠷ ᠦᠷᠭᠦᠯᠵᠢ ᠠᠮᠠᠷᠠᠭᠤᠯᠵᠤ᠂ ᠠᠵᠢᠯ ᠳᠠᠭᠠᠨ ᠡᠷᠳᠡ ᠭᠠᠷᠴᠤ᠂ ᠤᠷᠤᠢ ᠠᠵᠢᠯ  ᠢᠶᠠᠨ ᠡᠷᠳᠡ ᠬᠤᠷᠢᠶᠠᠵᠤ᠂ ᠦᠳᠡ  ᠶᠢᠨ ᠠᠮᠠᠷᠠᠬᠤ ᠴᠠᠭ  ᠢ ᠨᠢ ᠤᠷᠳᠤ ᠰᠢᠭ᠋ ᠲᠠᠯᠪᠢᠵᠤ ᠦᠭᠭᠦ ᠭᠡᠷᠡᠭᠳᠡᠢ᠃ ᠭᠡᠷᠪᠡ ᠭᠦᠯᠦᠰᠢᠨ ᠦᠭᠡᠷ  ᠢ ᠵᠠᠷᠤᠵᠤ ᠡᠳ᠋ᠯᠡᠵᠤ ᠪᠠᠶᠢᠬᠤ ᠬᠤᠭᠤᠴᠠᠭᠠᠨ ᠳᠤ ᠭᠦᠯᠦᠰᠢᠨ ᠦᠭᠡᠷ ᠨᠢ ᠰᠢᠯᠦᠰᠤ ᠭᠤᠭᠤᠵᠢᠭᠤᠯᠬᠤ᠂ ᠠᠮᠢᠰᠬᠤᠭᠠᠳᠠᠨ ᠠᠯᠬᠤᠬᠤ ᠨᠢ ᠢᠳᠡ ᠭᠦᠴᠤ ᠦᠭᠡᠢ ᠪᠠᠶᠢᠬᠤ ᠵᠡᠷᠭᠡ ᠢᠯᠡᠷᠡᠯ ᠲᠠᠢ ᠪᠤᠯ ᠲᠤᠤᠷ᠎ᠡ ᠪᠠᠨ ᠵᠠᠷᠤᠵᠤ ᠡᠳ᠋ᠯᠡᠭᠦ ᠪᠠᠨ ᠵᠤᠠᠠᠰᠤᠵᠤ ᠠᠮᠠᠷᠠᠭᠤᠯᠬᠤ ᠭᠡᠷᠡᠭᠳᠡᠢ᠂ ᠠᠯᠪᠠᠳᠠᠨ ᠵᠠᠷᠤᠵᠤ ᠶᠠᠭᠠᠭᠢᠨ᠋ᠠᠰᠠᠨ ᠴᠤ ᠪᠤᠯᠬᠤ ᠦᠭᠡᠢ᠃
     3. ᠨᠠᠷᠠᠰᠢᠬᠤ ᠠᠴᠠ ᠰᠡᠷᠭᠡᠶᠢᠯᠡᠵᠤ ᠬᠠᠯᠠᠭᠤᠨ ᠢ ᠨᠢ ᠪᠠᠭᠤᠷᠠᠭᠤᠯᠬᠤ  ᠶᠢ ᠠᠩᠬᠠᠷᠤᠨ᠎ᠠ᠃ ᠵᠤᠨ  ᠤ ᠤᠯᠠᠷᠢᠯ ᠳᠤ ᠠᠭᠤᠷ ᠠᠮᠢᠰᠬᠤᠯ ᠠᠭᠠᠭᠢᠮ᠎ᠠ ᠬᠠᠯᠠᠭᠤᠨ ᠪᠤᠯᠬᠤᠷ ᠦᠭᠡᠷ  ᠢᠶᠠᠨ ᠰᠠᠯᠭᠢ ᠨᠠᠪᠳᠡᠷᠡᠭᠦ ᠰᠡᠷᠢᠭᠦᠨ ᠭᠠᠵᠠᠷ ᠲᠤ ᠤᠶᠠᠵᠤ᠂ ᠦᠭᠡᠷ  ᠤᠨ ᠬᠠᠰᠢᠶ᠎ᠠ ᠰᠠᠷᠠᠪᠴᠢ ᠪᠠᠨ ᠬᠠᠭᠤᠷᠠᠢ ᠴᠡᠪᠡᠷ ᠪᠠᠶᠢᠯᠭᠠᠬᠤ ᠨᠢ ᠲᠤᠩ ᠴᠢᠬᠤᠯᠠ ᠶᠤᠮ᠃
     4. ᠭᠡᠳᠦᠷᠡᠳᠡᠯ᠎ᠠ ᠲᠡᠵᠢᠭᠡᠭᠦ  ᠶᠢ ᠭᠢᠴᠢᠶᠠᠨ᠎ᠠ᠃ ᠦᠭᠡᠷ  ᠢ ᠵᠠᠷᠤᠵᠤ ᠡᠳ᠋ᠯᠡᠭᠦ ᠠᠴᠠ ᠡᠮᠦᠨ᠎ᠠ ᠵᠠᠪᠠᠯ ᠴᠠᠳᠳᠠᠯ᠎ᠠ ᠲᠡᠵᠢᠭᠡᠵᠤ ᠤᠰᠤᠯᠠᠬᠤ ᠭᠡᠷᠡᠭᠳᠡᠢ᠂ ᠦᠯᠦᠨ ᠢᠶᠠᠷ ᠵᠠᠷᠤᠵᠤ ᠡᠳ᠋ᠯᠡᠭᠦ ᠶᠢ ᠠᠩᠬᠠᠷᠤᠨ᠎ᠠ᠃ ᠤᠰᠤᠯᠠᠬᠤ ᠳᠠᠭᠠᠨ ᠤᠰᠤᠨ ᠳᠤᠨᠢ ᠪᠠᠭ᠎ᠠ ᠭᠡᠮᠵᠢᠶᠠᠨ  ᠤ ᠲᠠᠪᠤᠰᠤ ᠭᠢᠪᠡᠯ ᠨᠠᠷᠠᠰᠢᠬᠤ  ᠶᠢ ᠰᠡᠷᠭᠡᠶᠢᠯᠡᠨ᠎ᠡ᠂ ᠵᠠᠷᠤᠵᠤ ᠡᠳ᠋ᠯᠡᠵᠤ ᠪᠠᠷᠠᠮᠬᠠᠴᠠ ᠦᠭᠡᠷ  ᠢᠶᠠᠨ ᠲᠡᠵᠢᠭᠡᠵᠤ ᠤᠰᠤᠯᠠᠵᠤ ᠪᠤᠯᠬᠤ ᠦᠭᠡᠢ᠂ ᠭᠡᠨᠡᠳᠳᠡ ᠭᠡᠳᠦᠷᠡᠳᠡᠯ᠎ᠡ ᠲᠡᠵᠢᠭᠡᠵᠤ ᠤᠰᠤᠯᠠᠬᠤ ᠠᠴᠠ ᠪᠤᠯᠵᠤ ᠭᠡᠮᠨᠡᠭᠦ  ᠶᠢ ᠠᠩᠬᠠᠷᠬᠤ ᠭᠡᠷᠡᠭᠳᠡᠢ᠃
     5. ᠭᠢᠮᠢ  ᠶᠢᠨ ᠪᠤᠷᠳᠤᠭᠤᠷ᠂ ᠲᠠᠷᠢᠶᠠᠨ ᠡᠮ ᠳᠤ ᠬᠤᠤᠷᠳ᠋ᠬᠠᠳᠠᠬᠤ  ᠶᠢ ᠠᠩᠬᠠᠷᠬᠤ ᠭᠡᠷᠡᠭᠳᠡᠢ᠃ ᠭᠦᠯᠦᠰᠢᠨ ᠦᠭᠡᠷ  ᠢ ᠲᠠᠷᠢᠶᠠᠨ ᠠᠵᠢᠯ ᠳᠤ ᠵᠠᠷᠤᠬᠤ ᠳᠠᠭᠠᠨ ᠦᠭᠡᠷ  ᠤᠨ ᠠᠮᠠᠨ ᠳᠤ ᠲᠤᠤᠷ ᠠᠮᠠᠪᠴᠢ ᠵᠡᠭᠦᠯᠭᠡᠪᠡᠯ ᠭᠢᠮᠢ  ᠶᠢᠨ ᠪᠤᠷᠳᠤᠭᠤᠷ᠂ ᠲᠠᠷᠢᠶᠠᠨ ᠡᠮ ᠵᠡᠷᠭᠡ  ᠶᠢ ᠠᠳᠡᠭᠦᠷᠡᠨ ᠢᠳᠡᠭᠦ ᠠᠴᠠ ᠰᠡᠷᠭᠡᠶᠢᠯᠡᠵᠤ ᠴᠢᠳᠠᠨ᠎ᠠ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ