ᠢᠳᠡᠰᠢᠨ ᠦᠭᠡᠷ ᠢ ᠡᠷᠳᠡ ᠠᠯᠠᠰᠢᠨ ᠳᠤ ᠭᠠᠷᠭᠠᠬᠤ ᠤᠷᠠᠨ ᠠᠷᠭ᠎ᠠ
ᠨᠡᠶᠢᠲᠡᠯᠡᠭᠰᠡᠨ ᠴᠠᠭ᠄
2015/12/17

       ᠤᠳᠤᠬᠠᠨ ᠳᠤ ᠢᠳᠡᠰᠢᠨ ᠦᠭᠡᠷ ᠲᠡᠵᠢᠭᠡᠵᠤ ᠪᠠᠶᠢᠭ᠎ᠠ ᠦᠷᠭᠡᠨ ᠤᠯᠠᠨ ᠮᠠᠯᠴᠢᠨ ᠲᠠᠷᠢᠶᠠᠴᠢᠨ ᠪᠤᠯᠤᠨ ᠲᠤᠰᠬᠠᠢ ᠡᠷᠦᠭᠡ  ᠶᠢᠨ ᠲᠤᠭ᠎ᠠ ᠭᠡᠮᠵᠢᠶ᠎ᠠ ᠨᠡᠮᠡᠭᠳᠡᠵᠤ᠂ ᠰᠢᠨᠵᠢᠯᠡᠭᠦ ᠤᠬᠠᠭᠠᠨ ᠮᠡᠷᠭᠡᠵᠢᠯ  ᠤᠨ ᠲᠦᠭᠡᠮᠡᠯᠵᠢᠨ ᠲᠡᠯᠭᠡᠷᠡᠭᠦ  ᠶᠢ ᠲᠠᠭᠠᠯᠳᠤᠨ ᠦᠭᠡᠷ ᠲᠡᠵᠢᠭᠡᠭᠴᠢᠳ  ᠤᠨ ᠤᠯᠠᠩᠭᠢ ᠡᠷᠦᠭᠡ ᠴᠦᠮ ᠰᠢᠨᠵᠢᠯᠡᠭᠦ ᠤᠬᠠᠭᠠᠠᠴᠢ ᠪᠠᠷ ᠦᠭᠡᠷ ᠪᠤᠷᠳᠤᠨ ᠲᠡᠵᠢᠭᠡᠭᠦ ᠠᠷᠭ᠎ᠠ ᠨᠤᠭᠤᠳ  ᠢ ᠠᠪᠴᠤ ᠪᠤᠢ᠂ ᠵᠢᠱᠢᠶᠡᠯᠡᠪᠡᠯ ᠰᠢᠪᠳᠤᠷᠵᠢᠭᠦᠯᠦᠭᠰᠡᠨ ᠪᠤᠭᠤᠳᠠᠢ  ᠶᠢᠨ ᠰᠦᠷᠡᠯ᠂ ᠭᠦᠭᠡ ᠲᠠᠷᠤᠰᠢ ᠪᠤᠷᠳᠤᠭ᠎ᠠ᠂ ᠨᠠᠶᠢᠷᠠᠭᠤᠯᠤᠠᠠᠰᠠᠨ ᠪᠤᠷᠳᠤᠭ᠎ᠠ᠂ ᠰᠢᠭᠡᠰᠦᠯᠢᠭ ᠡᠳ᠋  ᠤᠨ ᠨᠡᠮᠡᠯᠳᠡ ᠡᠳ᠋ ᠵᠡᠷᠭᠡ ᠪᠤᠢ᠃ ᠭᠡᠪᠡᠴᠤ ᠪᠠᠰᠠ ᠦᠭᠡᠷ ᠲᠡᠭᠡᠨ ᠦᠳᠡᠰᠢ ᠲᠡᠵᠢᠭᠡᠯ ᠪᠤᠷᠳᠤᠭ᠎ᠠ ᠨᠡᠮᠡᠷᠢᠯᠡᠵᠤ ᠦᠭᠭᠦ  ᠶᠢ ᠤᠮᠳᠤᠭᠠᠶᠢᠯᠬᠠᠰᠠᠨ ᠪᠠᠶᠢᠳᠠᠭ᠃ ᠦᠢᠯᠡᠳᠦᠯᠭᠡ ᠭᠡᠷᠡᠴᠢᠯᠡᠭᠰᠡᠨ ᠨᠢ᠂ ᠡᠳᠤᠷ ᠲᠤᠨᠢ ᠰᠢᠨᠵᠢᠯᠡᠭᠦ ᠤᠬᠠᠭᠠᠠᠴᠢ ᠪᠠᠷ ᠲᠡᠵᠢᠭᠡᠭᠰᠡᠨ  ᠤ ᠰᠠᠭᠤᠷᠢᠨ ᠲᠡᠭᠡᠷ᠎ᠡ᠂ ᠦᠳᠡᠰᠢ ᠪᠠᠰᠠ ᠨᠢᠭᠡ ᠤᠳᠠᠭ᠎ᠠ ᠲᠡᠵᠢᠭᠡᠯ ᠪᠤᠷᠳᠤᠭ᠎ᠠ ᠨᠡᠮᠡᠷᠢᠯᠡᠭᠦ ᠤᠷᠠᠨ ᠠᠷᠭ᠎ᠠ ᠠᠪᠤᠪᠠᠯ ᠦᠭᠡᠷ  ᠢ ᠡᠷᠳᠡ ᠠᠯᠠᠰᠢᠨ ᠳᠤ ᠭᠠᠷᠭᠠᠵᠤ ᠪᠤᠯᠬᠤ ᠪᠦᠭᠡᠳ ᠭᠡᠮ ᠭᠢᠵᠢᠭ ᠲᠤ ᠨᠡᠷᠪᠡᠭᠳᠡᠭᠦ ᠨᠢ ᠪᠠᠭ᠎ᠠ᠂ ᠲᠠᠷᠭᠤ ᠭᠦᠴᠤ ᠨᠢ ᠨᠡᠮᠡᠭᠳᠡᠳᠡᠭ ᠪᠠᠶᠢᠨ᠎ᠠ᠃ ᠡᠭᠦᠨ ᠳᠤ ᠡᠳᠤᠷ ᠪᠦᠷᠢ ᠡᠷᠳᠡ  ᠶᠢᠨ 9 ᠴᠠᠭ᠂ ᠦᠳᠡ  ᠶᠢᠨ ᠬᠤᠶᠢᠨᠠᠭᠢ 6 ᠴᠠᠭ ᠲᠤ ᠲᠤᠰᠪᠤᠷᠢ ᠦᠭᠡᠷ  ᠢᠶᠠᠨ ᠨᠢᠭᠡ ᠤᠳᠠᠭ᠎ᠠ ᠲᠡᠵᠢᠭᠡᠨ᠎ᠡ᠂ ᠭᠤᠤᠯ ᠦᠳᠡ  ᠶᠢᠨ ᠲᠡᠵᠢᠭᠡᠭᠦ‍ ᠨᠢᠭᠡ ᠤᠳᠠᠭ᠎ᠠ  ᠶᠢ ᠰᠦᠨᠢ ᠲᠦᠯᠢ  ᠶᠢᠨ 24 ᠴᠠᠭ ᠲᠤ ᠲᠡᠵᠢᠭᠡᠭᠦ ᠪᠠᠷ ᠬᠤᠪᠢᠷᠠᠭᠤᠯᠤᠨ᠎ᠠ᠃ ᠤᠨᠴᠠᠭᠠᠶᠢᠯᠠᠨ ᠨᠠᠮᠤᠷ  ᠤᠨ ᠰᠡᠭᠦᠯᠴᠢ᠂ ᠡᠪᠤᠯ  ᠤᠨ ᠡᠭᠢ ᠪᠤᠯᠤᠨ ᠡᠪᠤᠯ  ᠤᠨ ᠤᠯᠠᠷᠢᠯ ᠳᠤ ᠡᠨᠡ ᠭᠦ ᠲᠡᠵᠢᠭᠡᠯᠭᠡ  ᠶᠢᠨ ᠤᠷᠠᠨ ᠠᠷᠭ᠎ᠠ ᠨᠢ ᠢᠳᠡᠰᠢᠨ ᠦᠭᠡᠷ ᠲᠤ ᠮᠠᠰᠢ ᠲᠤᠭᠢᠷᠠᠮᠵᠢᠳᠡᠢ ᠶᠤᠮ᠃ ᠶᠠᠭᠠᠭᠢᠭᠠᠳ ᠪᠤᠢ︖ ᠭᠡᠪᠡᠯ᠂ ᠡᠨᠡ ᠨᠢ ᠨᠠᠮᠤᠷ ᠡᠪᠤᠯ  ᠤᠨ ᠤᠯᠠᠷᠢᠯ ᠳᠤ ᠡᠳᠤᠷ ᠪᠤᠭᠤᠨᠢ ᠰᠦᠨᠢ ᠤᠷᠳᠤ ᠪᠦᠭᠡᠳ ᠠᠭᠤᠷ ᠠᠮᠢᠰᠬᠤᠯ ᠴᠤ ᠠᠭᠠᠵᠢᠮ  ᠢᠶᠠᠷ ᠭᠦᠢᠳᠡᠷᠡᠵᠤ ᠪᠠᠶᠢᠭ᠎ᠠ ᠤᠴᠢᠷ ᠠᠴᠠ ᠭᠤᠤᠯ ᠦᠳᠡ  ᠶᠢᠨ ᠲᠡᠵᠢᠭᠡᠭᠦ ᠤᠳᠠᠭ᠎ᠠ  ᠶᠢ ᠬᠠᠰᠤᠵᠤ᠂ ᠦᠭᠡᠷ  ᠢᠶᠠᠨ ᠬᠠᠰᠢᠶᠠᠨ  ᠤ ᠭᠠᠳᠠᠨ᠎ᠠ ᠭᠠᠷᠭᠠᠨ ᠨᠠᠷᠠᠨ ᠳᠤ ᠡᠭᠡᠭᠡᠨ ᠭᠡᠪᠢᠵᠤ ᠭᠡᠪᠳᠡᠭᠦᠯᠪᠡᠯ ᠭᠡᠷᠡᠯ ᠢᠯᠴᠢ  ᠶᠢ ᠭᠦᠢᠴᠠᠳ ᠠᠰᠢᠠᠠᠯᠠᠵᠤ ᠴᠢᠳᠠᠬᠤ ᠮᠦᠷᠳᠡᠭᠡᠨ ᠦᠭᠡᠷ  ᠤᠨ ᠲᠠᠷᠭᠤ ᠭᠦᠴᠤ  ᠶᠢᠨ ᠨᠡᠮᠡᠭᠳᠡᠯ ᠳᠤ ᠴᠤ ᠠᠰᠢᠠᠠᠳᠠᠢ ᠪᠠᠶᠢᠳᠠᠭ᠃ ᠰᠦᠨᠢ ᠲᠦᠯᠢ  ᠶᠢᠨ 24 ᠴᠠᠭ ᠲᠤ ᠨᠢᠭᠡ ᠤᠳᠠᠭ᠎ᠠ ᠲᠡᠵᠢᠭᠡᠯ ᠪᠤᠷᠳᠤᠭ᠎ᠠ ᠨᠡᠮᠡᠷᠢᠯᠡᠵᠤ ᠦᠭᠪᠡᠯ ᠦᠭᠡᠷ  ᠤᠨ ᠭᠡᠪᠡᠯᠢ ᠳᠤ ᠢᠳᠡᠰᠢ ᠲᠠᠢ ᠪᠤᠯᠵᠤ᠂ ᠪᠡᠶ᠎ᠠ  ᠶᠢᠨ ᠢᠯᠴᠢ ᠨᠢ ᠨᠡᠮᠡᠭᠳᠡᠨ᠎ᠡ᠂ ᠮᠦᠨ ᠴᠤ ᠤᠷᠭᠠᠨᠢᠭ ᠪᠡᠶ᠎ᠠ  ᠶᠢᠨ ᠬᠠᠭᠢᠷ ᠭᠦᠢᠳᠡᠨ  ᠶᠢ ᠲᠡᠰᠪᠤᠷᠢᠯᠡᠭᠦ ᠴᠢᠳᠠᠪᠤᠷᠢ ᠨᠢ ᠨᠡᠮᠡᠭᠳᠡᠭᠦ ᠪᠤᠯᠤᠨ᠎ᠠ︔ ᠪᠠᠰᠠ ᠲᠡᠵᠢᠭᠡᠯ ᠪᠤᠷᠳᠤᠭ᠎ᠠ ᠢᠳᠡᠭᠰᠡᠨ  ᠤ ᠲᠠᠷᠠᠭ᠎ᠠ᠂ ᠦᠭᠡᠷ  ᠤᠨ ᠠᠮᠠᠷᠠᠵᠤ ᠭᠡᠪᠳᠡᠭᠦ᠂ ᠭᠡᠪᠢᠭᠦ᠂ ᠰᠢᠩᠭᠡᠭᠡᠭᠦ ᠪᠡ ᠮᠢᠬᠠᠯᠠᠨ ᠲᠠᠷᠭᠤ ᠠᠪᠬᠤ ᠳᠤᠨᠢ ᠠᠰᠢᠠᠠᠳᠠᠢ ᠪᠠᠶᠢᠳᠠᠭ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ