ᠪᠤᠳᠠ ᠮᠠᠯ ᠤᠨ ᠭᠡᠭᠡᠯ ᠬᠠᠶᠠᠬᠤ  ᠶᠢ ᠰᠡᠷᠭᠡᠶᠢᠯᠡᠨ ᠬᠠᠮᠠᠭᠠᠯᠠᠬᠤ ᠲᠤᠬᠠᠢ
ᠨᠡᠶᠢᠲᠡᠯᠡᠭᠰᠡᠨ ᠴᠠᠭ᠄
2015/12/17

     ᠨᠠᠮᠤᠷ  ᠤᠨ ᠤᠯᠠᠷᠢᠯ ᠳᠤ ᠪᠤᠳᠠ ᠮᠠᠯ ︵ᠦᠨᠢᠶ᠎ᠠ᠂ ᠭᠡᠭᠦᠤ᠂ ᠡᠯᠵᠢᠭᠡ︶ ᠬᠠᠮᠤᠭ  ᠤᠨ ᠠᠮᠠᠷᠬᠠᠨ ᠭᠡᠭᠡᠯ ᠬᠠᠶᠠᠳᠠᠭ᠃ ᠡᠶᠢᠮᠤ ᠠᠴᠠ ᠨᠠᠮᠤᠷ  ᠤᠨ ᠤᠯᠠᠷᠢᠯ ᠳᠤ ᠭᠡᠭᠡᠯᠳᠡᠢ ᠮᠠᠯ  ᠤᠨ ᠠᠷᠠᠴᠢᠯᠠᠭ᠎ᠠ᠂ ᠬᠠᠮᠢᠶᠠᠷᠤᠯᠳᠠ  ᠶᠢ ᠡᠷᠭᠡᠪᠰᠢ ᠰᠠᠶᠢᠨ ᠭᠢᠭᠦ ᠭᠡᠷᠡᠭᠳᠡᠢ᠃
    ᠨᠢᠭᠡ᠂ ᠨᠠᠮᠤᠷ  ᠤᠨ ᠲᠤᠰᠤᠨ ᠲᠠᠷᠭᠤ  ᠶᠢ ᠰᠠᠶᠢᠨ ᠠᠪᠤᠭᠤᠯᠤᠨ᠎ᠠ᠃ ᠡᠩ  ᠤᠨ ᠪᠠᠶᠢᠳᠠᠯ ᠳᠤ᠂ ᠦᠨᠢᠶ᠎ᠠ ︵ᠭᠡᠭᠦᠤ᠂ ᠡᠯᠵᠢᠭᠡ︶ ᠪᠤᠯ ᠬᠠᠪᠤᠷ ᠭᠡᠭᠡᠯᠳᠦᠵᠤ᠂ ᠨᠠᠮᠤᠷ  ᠤᠨ ᠤᠯᠠᠷᠢᠯ ᠪᠤᠯᠬᠤ ᠳᠤ ᠨᠢᠭᠡᠨᠳᠡ ᠭᠡᠭᠡᠯᠳᠦᠭᠡᠳ6 ~7 ᠰᠠᠷ᠎ᠠ ᠤᠷᠴᠢᠮ ᠪᠤᠯᠤᠠᠠᠰᠠᠨ ᠪᠠᠶᠢᠳᠠᠭ᠂ ᠡᠨᠡ ᠦᠶᠡᠰ ᠲᠤ ᠡᠭᠡ ᠮᠠᠯ  ᠤᠨ ᠭᠡᠪᠡᠯᠢ ᠳᠠᠬᠢ ᠭᠡᠭᠡᠯ  ᠤᠨ ᠦᠰᠦᠯᠳᠡ ᠲᠦᠷᠭᠡᠨ ᠪᠤᠯᠬᠤᠷ ᠪᠦᠭᠦ ᠲᠠᠯ᠎ᠠ  ᠶᠢᠨ ᠰᠢᠮ᠎ᠠ ᠲᠡᠵᠢᠭᠡᠯ  ᠢ ᠶᠡᠭᠡ ᠭᠡᠮᠵᠢᠶ᠎ᠠ ᠪᠠᠷ ᠭᠡᠷᠡᠭᠰᠡᠳᠡᠭ᠂ ᠡᠨᠡ ᠦᠶ᠎ᠠ ᠳᠤ ᠭᠡᠭᠡᠯᠳᠡᠢ ᠦᠨᠢᠶ᠎ᠠ  ᠶᠢᠨ ᠰᠢᠮ᠎ᠠ ᠲᠡᠵᠢᠭᠡᠯ ᠭᠦᠷᠦᠯᠴᠡᠭᠦ ᠦᠭᠡᠢ ᠪᠤᠯ ᠭᠡᠭᠡᠯ  ᠤᠨ ᠦᠰᠦᠯᠳᠡ  ᠶᠢ ᠨᠦᠯᠦᠭᠡᠯᠡᠨ᠂ ᠴᠢᠨ᠋ᠬᠠᠰᠢᠯᠠᠪᠠᠯ ᠭᠡᠭᠡᠯ ᠬᠠᠶᠠᠬᠤ ᠳᠤ ᠭᠦᠷᠦᠨ᠎ᠠ᠃ ᠡᠶᠢᠮᠤ ᠠᠴᠠ ᠭᠡᠭᠡᠯᠳᠡᠢ ᠪᠤᠳᠠ ᠮᠠᠯ  ᠢ ᠴᠢᠨᠠᠷ ᠰᠠᠶᠢᠳᠠᠢ ᠭᠦᠭᠡ ᠡᠪᠡᠰᠤ ᠪᠠᠷ ᠲᠡᠵᠢᠭᠡᠭᠦ ᠠᠴᠠ ᠭᠠᠳᠠᠨ᠎ᠠ ᠪᠠᠰᠠ ᠵᠤᠭᠢᠬᠤ ᠭᠡᠮᠵᠢᠶᠠᠨ  ᠤ ᠤᠭᠤᠷᠠᠭ᠂ ᠸᠢᠲ᠋ᠠᠮᠢᠨ᠂ ᠡᠷᠦᠳᠡᠰᠤ ᠪᠤᠷᠳᠤᠭ᠎ᠠ᠂ ᠵᠢᠱᠢᠶᠡᠯᠡᠪᠡᠯ ᠵᠢᠭᠠᠰᠤᠨ ᠲᠠᠯᠬ᠎ᠠ᠂ ᠴᠢᠰᠤ ᠮᠢᠬᠠᠨ  ᠤ ᠲᠠᠯᠬ᠎ᠠ᠂ ᠳ᠋ᠸᠤᠪᠢᠡᠭ᠂ ᠶᠠᠰᠤᠨ ᠲᠠᠯᠬ᠎ᠠ ᠵᠡᠷᠭᠡ  ᠶᠢ ᠨᠡᠮᠡᠷᠢᠯᠡᠭᠦ ᠮᠦᠷᠳᠡᠭᠡᠨ ᠨᠡᠭᠦᠷᠡᠰᠤ — ᠤᠰᠤᠨ  ᠤ ᠨᠢᠭᠡᠳᠪᠤᠷᠢ ᠶᠢᠨ ᠡᠨᠧᠷᠭᠢᠳᠤ ᠨᠠᠷᠢᠯᠢᠭ ᠪᠤᠷᠳᠤᠭ᠎ᠠ  ᠶᠢ ᠨᠦᠭᠦᠪᠤᠷᠢᠯᠡᠵᠤ ᠪᠤᠯᠤᠨ᠎ᠠ᠂ ᠦᠭᠡᠷ᠎ᠡ ᠪᠠᠷ ᠭᠡᠯᠡᠪᠡᠯ ᠡᠷᠳᠡᠨᠢ ᠰᠢᠰᠢ᠂ ᠰᠢᠰᠢ᠂ ᠬᠠᠳᠠᠭᠠᠮᠠᠯ ᠭᠤᠸᠠ ᠵᠡᠷᠭᠡ  ᠶᠢ ᠴᠤ ᠭᠦᠢᠴᠠᠳ ᠬᠠᠨᠭ᠍ᠭᠠᠬᠤ ᠭᠡᠷᠡᠭᠳᠡᠢ᠃ ᠢᠡᠭᠭᠢᠪᠡᠯ ᠰᠠᠶ᠋ᠢ ᠭᠡᠭᠡᠯᠳᠡᠢ ᠪᠤᠳᠠ ᠮᠠᠯ  ᠤᠨ ᠭᠡᠳᠡᠰᠤ ᠴᠠᠳᠬᠤᠯᠠᠩ᠂ ᠲᠠᠷᠭᠤ ᠭᠦᠴᠤ ᠰᠠᠶᠢᠵᠢᠷᠠᠨ᠂ ᠭᠡᠭᠡᠯ  ᠤᠨ ᠪᠤᠶᠢᠵᠢᠯᠳᠠ ᠳᠤ ᠠᠰᠢᠠᠠᠳᠠᠢ ᠪᠦᠭᠡᠳ ᠭᠡᠭᠡᠯ  ᠤᠨ ᠬᠠᠮᠠᠭᠠᠯᠠᠯᠳᠠ  ᠶᠢ ᠪᠠᠳᠤᠯᠠᠵᠤ ᠴᠢᠳᠠᠨ᠎ᠠ᠃
      ᠬᠤᠶᠠᠷ᠂ ᠡᠷᠡᠭᠦᠯ ᠬᠠᠮᠠᠭᠠᠯᠠᠯ  ᠤᠨ ᠬᠠᠮᠢᠶᠠᠷᠤᠯᠳᠠ ᠪᠠᠨ ᠴᠢᠩᠭᠠᠳᠬᠠᠨ᠎ᠠ᠃ ᠨᠠᠮᠤᠷ  ᠤᠨ ᠤᠯᠠᠷᠢᠯ ᠳᠤ ᠠᠭᠤᠷ ᠠᠮᠢᠰᠬᠤᠯ ᠨᠡᠯᠢᠶᠡᠳ ᠲᠤᠯᠠᠭᠠᠨ ᠰᠢᠭ᠋ ᠪᠤᠯᠬᠤᠷ ᠡᠪᠡᠰᠤ ᠪᠤᠷᠳᠤᠭ᠎ᠠ ᠴᠤ ᠠᠮᠠᠷᠬᠠᠨ ᠢᠯᠵᠢᠷᠡᠳᠡᠭ᠃ ᠭᠡᠮ ᠭᠢᠵᠢᠭ  ᠤᠨ ᠪᠠᠺᠲ᠋ᠧᠷᠢ ᠪᠠ ᠬᠤᠤᠷᠳᠠᠢ ᠡᠪᠡᠰᠤ ᠪᠤᠷᠳᠤᠭ᠎ᠠ  ᠶᠢ ᠭᠡᠭᠡᠯᠳᠡᠢ ᠪᠤᠳᠠ ᠮᠠᠯ ᠢᠳᠡᠭᠦ ᠳᠤ ᠭᠦᠷᠪᠡᠯ ᠲᠤᠶᠢᠯ  ᠤᠨ ᠠᠰᠢᠭ ᠦᠭᠡᠢ ᠪᠠᠶᠢᠵᠤ᠂ ᠠᠮᠠᠷᠬᠠᠨ ᠭᠡᠭᠡᠯ ᠬᠠᠶᠠᠨ᠎ᠠ᠃ ᠡᠶᠢᠮᠤ ᠠᠴᠠ ᠲᠡᠵᠢᠭᠡᠨ ᠠᠷᠠᠴᠢᠯᠠᠬᠤ ᠶᠠᠪᠤᠴᠠ ᠳᠤ ᠡᠷᠭᠡᠪᠰᠢ ᠡᠷᠡᠭᠦᠯ ᠬᠠᠮᠠᠭᠠᠯᠠᠯ  ᠤᠨ ᠬᠠᠮᠢᠶᠠᠷᠤᠯᠳᠠ ᠪᠠᠨ ᠴᠢᠩᠭᠠᠳᠬᠠᠵᠤ᠂ ᠡᠪᠡᠰᠤ ᠪᠤᠷᠳᠤᠭ᠎ᠠ᠂ ᠬᠠᠰᠢᠶ᠎ᠠ ᠰᠠᠷᠠᠪᠴᠢ᠂ ᠤᠰᠤ᠂ ᠤᠡᠭᠭᠤᠴᠠ ᠪᠠ ᠮᠠᠯ  ᠤᠨ ᠪᠡᠶ᠎ᠠ ᠪᠢᠯᠳᠠᠷ ᠵᠡᠷᠭᠡ  ᠶᠢ ᠴᠦᠮ ᠴᠡᠪᠡᠷ ᠪᠠᠶᠢᠯᠭᠠᠵᠤ᠂ ᠭᠡᠮ  ᠤᠨ ᠮᠢᠺᠷᠤᠪ ᠲᠤ ᠬᠠᠯᠳᠠᠪᠤᠷᠢᠯᠬᠠᠳᠠᠬᠤ ᠠᠴᠠ ᠰᠡᠷᠭᠡᠶᠢᠯᠡᠨ᠂ ᠭᠡᠭᠡᠯ  ᠤᠨ ᠭᠡᠪ  ᠤᠨ ᠪᠤᠶᠢᠵᠢᠯᠳᠠ  ᠶᠢ ᠪᠠᠳᠤᠯᠠᠬᠤ ᠭᠡᠷᠡᠭᠳᠡᠢ᠃
      ᠭᠤᠷᠪᠡ᠂ ᠡᠭᠡ ᠮᠠᠯ  ᠤᠨ ᠴᠢᠴᠠᠭᠠᠳᠠᠬᠤ ᠶᠢ ᠰᠡᠷᠭᠡᠶᠢᠯᠡᠭᠦ ᠭᠡᠷᠡᠭᠳᠡᠢ᠃ ᠨᠠᠮᠤᠷ  ᠤᠨ ᠤᠯᠠᠷᠢᠯ ᠳᠤ ᠡᠭᠡ ᠮᠠᠯ ᠤᠯᠠᠩᠭᠢ ᠳᠠᠭᠠᠨ ᠰᠢᠨ᠎ᠠ ᠰᠤᠷᠭᠤᠭ ᠭᠦᠭᠡ ᠡᠪᠡᠰᠤ ᠪᠠᠷ ᠭᠤᠤᠯ ᠲᠠᠵᠢᠭᠡᠯ  ᠢᠶᠠᠨ ᠪᠤᠯᠭᠠᠳᠠᠭ ᠪᠤᠯᠬᠤᠷ ᠡᠳᠡᠭᠡᠷ ᠲᠡᠵᠢᠭᠡᠯ ᠪᠤᠷᠳᠤᠭ᠎ᠠ ᠨᠢ ᠤᠰᠤᠯᠢᠭ ᠰᠢᠭᠦᠰᠦᠯᠢᠭ  ᠢᠶᠠᠷ ᠶᠡᠭᠡ ᠪᠤᠶᠤ ᠭᠡᠭᠡᠯᠳᠡᠢ ᠪᠤᠳᠠ ᠮᠠᠯ ᠰᠢᠭᠦᠳᠡᠷᠢ ᠲᠠᠢ ᠭᠦᠭᠡ ᠡᠪᠡᠰᠤ  ᠶᠢ ᠢᠳᠡᠰᠢᠯᠡᠭᠰᠡᠨ ᠠᠴᠠ ᠪᠤᠯᠵᠤ ᠦᠷᠭᠦᠯᠵᠢ ᠴᠢᠴᠠᠭᠠᠳᠠᠳᠠᠭ᠃ ᠭᠡᠭᠡᠯᠳᠡᠢ ᠡᠭᠡ ᠮᠠᠯ ᠴᠢᠴᠠᠭᠠᠳᠠᠪᠠᠯ ᠭᠡᠳᠡᠰᠤᠨ  ᠤ ᠠᠳᠤᠯᠵᠠᠬᠤ ᠨᠢ ᠨᠡᠮᠡᠭᠳᠡᠳᠡᠭ ᠪᠤᠯᠬᠤᠷ ᠠᠮᠠᠷᠬᠠᠨ ᠭᠡᠭᠡᠯᠢ ᠬᠠᠶᠠᠳᠠᠭ᠃ ᠡᠶᠢᠮᠤ ᠠᠴᠠ ᠰᠢᠨ᠎ᠠ ᠰᠤᠷᠭᠤᠭ ᠡᠪᠡᠰᠤᠨ ᠳᠤ ᠬᠠᠭᠤᠷᠠᠢ ᠰᠢᠭ᠋ ᠲᠠᠵᠢᠭᠡᠯ ᠪᠤᠷᠳᠤᠭ᠎ᠠ ᠬᠤᠯᠢᠵᠤ᠂ ᠭᠡᠭᠡᠯ ᠲᠠᠢ ᠡᠭᠡ ᠮᠠᠯ  ᠢ ᠲᠡᠵᠢᠭᠡᠭᠦ ᠮᠦᠷᠳᠡᠭᠡᠨ ᠡᠭᠡ ᠮᠠᠯ ᠳᠤ ᠰᠢᠭᠦᠳᠡᠷᠢ ᠲᠠᠢ ᠲᠠᠵᠢᠭᠡᠯ ᠡᠪᠡᠰᠤ ᠢᠳᠡᠭᠦᠯᠭᠦ ᠦᠭᠡᠢ  ᠶᠢ ᠤᠨᠴᠠ ᠠᠩᠬᠠᠷᠬᠤ ᠭᠡᠷᠡᠭᠳᠡᠢ᠃ ᠭᠡᠷᠪᠡ ᠭᠡᠭᠡᠯᠳᠡᠢ ᠡᠭᠡ ᠮᠠᠯ ᠴᠢᠴᠠᠭᠠᠳ᠋ᠬᠠᠰᠠᠨ ᠪᠠᠶᠢᠪᠠᠯ ᠬᠠᠭᠤᠷᠴᠤ ᠪᠤᠯᠭᠤᠠᠠᠰᠠᠨ ᠤᠯᠠᠭᠠᠨ ᠰᠢᠰᠢ  ᠶᠢ ᠲᠠᠵᠢᠭᠡᠯ ᠪᠤᠷᠳᠤᠭᠠᠨ ᠳᠤᠨᠢ ᠵᠢᠭᠳᠡ ᠬᠤᠯᠢᠵᠤ ᠲᠡᠵᠢᠭᠡᠨ᠎ᠡ᠃ ᠡᠭᠦᠨ ᠳᠤ ᠤᠳᠠᠭ᠎ᠠ ᠪᠦᠷᠢ 0.5 ~ 1 ᠺᠢᠯᠦᠭᠷᠡᠮ  ᠢᠶᠠᠷ ᠲᠠᠵᠢᠭᠡᠪᠡᠯ ᠦᠷ᠎ᠡ ᠳ᠋ᠦᠡᠭ ᠨᠢ ᠨᠡᠯᠢᠶᠡᠳ ᠰᠠᠶᠢᠨ ᠪᠠᠶᠢᠳᠠᠭ᠃
     ᠲᠦᠷᠪᠡ᠂ ᠭᠦᠯᠦᠰᠢᠨ ᠳᠤ ᠵᠠᠷᠤᠬᠤ  ᠶᠢ ᠠᠩᠬᠠᠷᠤᠨ᠎ᠠ᠃ ᠭᠦᠯᠦᠰᠢᠨ ᠳᠤ ᠵᠠᠷᠤᠬᠤ ᠳᠠᠭᠠᠨ ᠭᠡᠳᠦᠷᠭᠡᠢ ᠠᠶᠤᠯᠭᠠᠨ ᠰᠦᠷᠳᠡᠭᠦᠯᠵᠤ᠂ ᠵᠤᠳᠤᠵᠤ ᠴᠤᠭᠢᠵᠤ ᠪᠤᠯᠬᠤ ᠦᠭᠡᠢ ᠮᠦᠷᠳᠡᠭᠡᠨ ᠭᠡᠨᠡᠳᠳᠡ ᠮᠤᠷᠤᠶᠢᠯᠭᠠᠨ ᠭᠦᠳᠦᠯ ᠲᠠᠪᠠᠭ᠎ᠠ ᠠᠪᠠᠷᠢᠭᠤᠯᠵᠤ ᠶᠠᠭᠠᠭᠢᠨ᠋ᠠᠰᠠᠨ ᠴᠤ ᠪᠤᠯᠬᠤ ᠦᠭᠡᠢ᠂  ᠪᠠᠰᠠ ᠪᠤᠰᠤᠳ ᠮᠠᠯ  ᠤᠨ ᠢᠰᠭᠦᠯᠭᠦ᠂  ᠰᠢᠬᠠᠯᠳᠤᠬᠤ ᠪᠤᠶᠤ ᠰᠢᠭᠤᠳ ᠪᠤᠰᠤ ᠪᠠᠷ ᠭᠡᠮᠳᠦᠭᠦᠯᠦᠭᠰᠡᠨ ᠠᠴᠠ ᠪᠤᠯᠵᠤ ᠭᠡᠭᠡᠯ ᠬᠠᠶᠠᠬᠤ  ᠶᠢ ᠤᠨᠴᠠ ᠰᠡᠷᠭᠡᠶᠢᠯᠡᠭᠦ ᠭᠡᠷᠡᠭᠳᠡᠢ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ