ᠦᠭᠡᠷ ᠢ 100 ᠡᠳᠤᠷ ᠲᠤ ᠪᠤᠷᠳᠤᠨ ᠲᠠᠷᠭᠤᠯᠠᠭᠤᠯᠬᠤ ᠰᠢᠨ᠎ᠠ ᠠᠷᠭ᠎ᠠ
ᠨᠡᠶᠢᠲᠡᠯᠡᠭᠰᠡᠨ ᠴᠠᠭ᠄
2015/12/17

       ᠦᠭᠡᠷ ᠲᠡᠵᠢᠭᠡᠭᠦ ᠠᠵᠤ ᠠᠬᠤᠢ  ᠶᠢᠨ ᠦᠷ᠎ᠠ ᠠᠰᠢᠭ  ᠢ ᠲᠡᠭᠡᠭᠰᠢᠯᠡᠭᠦᠯᠭᠦ  ᠶᠢᠨ ᠲᠦᠯᠦᠭᠡ ᠤᠶᠢᠷ᠎ᠠ  ᠶᠢᠨ ᠵᠢᠯ  ᠤᠳ ᠲᠤ ᠵᠠᠷᠢᠮ ᠭᠠᠵᠠᠷ  ᠤᠨ ᠬᠢᠨ ᠢᠳᠡᠰᠢᠨ ᠦᠭᠡᠷ  ᠢ ᠲᠦᠷᠭᠡᠨ ᠪᠤᠷᠳᠤᠵᠤ ᠲᠠᠷᠭᠤᠯᠠᠭᠤᠯᠬᠤ ᠠᠷᠭ᠎ᠠ  ᠶᠢ ᠶᠡᠭᠡ ᠪᠠᠷ ᠲᠡᠯᠭᠡᠷᠡᠭᠦᠯᠦᠭᠡᠳ ᠢᠯᠡᠳᠳᠡ ᠦᠷ᠎ᠡ ᠠᠰᠢᠭ ᠭᠦᠷᠳᠡᠵᠤ ᠪᠠᠶᠢᠨ᠎ᠠ᠃ ᠲᠤᠤᠷ᠎ᠡ ᠪᠢᠳᠡ ᠡᠳᠡᠭᠡᠷ  ᠤᠨ ᠲᠤᠳᠤᠷᠠᠭᠢ ᠦᠭᠡᠷ  ᠢ 100 ᠡᠳᠤᠷ ᠲᠤ ᠪᠤᠷᠳᠤᠨ ᠲᠠᠷᠭᠤᠯᠠᠭᠤᠯᠬᠤ ᠠᠷᠭ᠎ᠠ ᠮᠠᠷᠭᠡᠵᠢᠯ ᠠᠴᠠ ᠲᠠᠨᠢᠯᠴᠠᠭᠤᠯᠤᠶ᠎ᠠ᠃
     1. ᠭᠦᠭᠡ ᠲᠠᠷᠤᠰᠢ ᠪᠤᠷᠳᠤᠭ᠎ᠠ  ᠶᠢ ᠶᠡᠭᠡ ᠪᠠᠷ ᠭᠢᠭᠦ᠄ 9 ~ 10 ᠰᠠᠷ᠎ᠠ ᠪᠤᠯ ᠶᠠᠭ ᠰᠠᠶᠢᠬᠠᠨ ᠡᠷᠳᠡᠨᠢ ᠰᠢᠰᠢ ᠬᠤᠷᠢᠶᠠᠬᠤ ᠴᠠᠭ ᠪᠤᠯᠬᠤᠷ ᠡᠨᠡ ᠭᠦ ᠬᠤᠭᠤᠴᠠᠭ᠎ᠠ ᠪᠤᠯ ᠡᠷᠳᠡᠨᠢ ᠰᠢᠰᠢ  ᠶᠢᠨ ᠡᠰᠢ ᠰᠦᠷᠡᠯ  ᠢ ᠭᠦᠭᠡ ᠲᠠᠷᠤᠰᠢ ᠪᠤᠯᠭᠠᠬᠤ ᠵᠤᠭᠢᠰᠳᠠᠢ ᠴᠠᠭ ᠤᠯᠠᠷᠢᠯ ᠪᠤᠯᠤᠨ᠎ᠠ᠃ ᠡᠶᠢᠮᠤ ᠠᠴᠠ ᠦᠭᠡᠷ ᠲᠡᠵᠢᠭᠡᠭᠦ ᠲᠤᠰᠬᠠᠢ ᠡᠷᠦᠭᠡ ᠨᠦᠭᠦᠳ ᠡᠨᠡ ᠭᠦ ᠠᠵᠠ ᠵᠠᠪᠰᠢᠶᠠᠨ  ᠢ ᠠᠯᠳᠠᠯ ᠦᠭᠡᠢ ᠪᠠᠷ ᠤᠯᠠᠨ ᠵᠤᠶᠢᠯ  ᠤᠨ ᠠᠷᠭ᠎ᠠ ᠭᠡᠮᠵᠢᠶ᠎ᠠ ᠠᠪᠴᠤ ᠪᠠᠶᠢᠭᠠᠳ ᠡᠷᠳᠡᠨᠢ ᠰᠢᠰᠢ  ᠶᠢᠨ ᠡᠰᠢ ᠰᠦᠷᠡᠯ  ᠢ ᠭᠦᠭᠡ ᠪᠠᠷ ᠲᠠᠷᠤᠰᠢᠭᠤᠯᠪᠠᠯ ᠡᠪᠤᠯ ᠬᠠᠪᠤᠷ  ᠤᠨ ᠭᠦᠭᠡ ᠪᠤᠷᠳᠤᠭ᠎ᠠ  ᠶᠢᠨ ᠭᠦᠷᠦᠯᠴᠡᠭᠦ ᠦᠭᠡᠢ ᠠᠰᠠᠭᠤᠳᠠᠯ  ᠢ ᠰᠢᠢᠳᠪᠤᠷᠢᠯᠡᠵᠤ ᠲᠠᠶᠢᠯᠭᠦ ᠶᠤᠮ᠃
     2. ᠰᠢᠨᠵᠢᠯᠡᠭᠦ ᠤᠬᠠᠭᠠᠨᠠᠴᠢ ᠪᠠᠷ ᠲᠡᠵᠢᠭᠡᠭᠦ᠄ ᠦᠭᠡᠷ  ᠢ ᠭᠤᠤᠯᠳᠠᠭᠤ ᠡᠷᠳᠡᠨᠢ ᠰᠢᠰᠢ  ᠶᠢᠨ ᠰᠦᠷᠡᠯ  ᠤᠨ ᠭᠦᠭᠡ ᠲᠠᠷᠤᠰᠢ ᠪᠤᠷᠳᠤᠭ᠎ᠠ ᠪᠤᠯᠤᠨ ᠰᠢᠭᠡᠰᠦᠯᠢᠭ ᠡᠳ᠋ ᠵᠡᠷᠭᠡ ᠬᠤᠯᠢᠮᠠᠭ ᠪᠤᠷᠳᠤᠭ᠎ᠠ ᠪᠠᠷ ᠲᠠᠵᠢᠭᠡᠨ᠎ᠠ᠃ ᠡᠭᠦᠨ ᠳᠤ ᠭᠤᠷᠪᠡᠨ ᠱᠠᠳᠤ ᠦᠶ᠎ᠠ ᠬᠤᠪᠢᠶᠠᠨ ᠲᠡᠵᠢᠭᠡᠳᠡᠭ᠄ ᠨᠢᠭᠡᠳᠦᠭᠡᠷ ᠱᠠᠳᠤᠨ  ᠤ 30 ᠡᠳᠤᠷ ᠲᠤ ᠦᠭᠡᠷ ᠪᠦᠷᠢ ᠳᠤ ᠡᠳᠤᠷ ᠲᠤ 15 ᠺᠢᠯᠦᠭᠷᠡᠮ ᠭᠦᠭᠡ ᠲᠠᠷᠤᠰᠢ ᠪᠤᠷᠳᠤᠭ᠎ᠠ᠂ 2.5 ᠺᠢᠯᠦᠭᠷᠡᠮ ᠨᠠᠷᠢᠮᠤ  ᠶᠢᠨ ᠡᠪᠡᠰᠤ᠂ 1 ᠺᠢᠯᠦᠭᠷᠡᠮ ᠡᠷᠳᠡᠨᠢ ᠰᠢᠰᠢ  ᠶᠢᠨ ᠭᠤᠯᠢᠷ᠂ 50 ᠭᠷᠡᠮ ᠰᠢᠭᠡᠰᠦᠯᠢᠭ ᠡᠳ᠋᠂ 20 ᠭᠷᠡᠮ ᠲᠠᠪᠤᠰᠤ ᠪᠠ ᠵᠤᠭᠢᠬᠤ ᠭᠡᠮᠵᠢᠶᠠᠨ  ᠤ ᠦᠰᠦᠯᠳᠡ  ᠶᠢᠨ ᠡᠳ᠋ ︵ᠲᠤᠳᠤᠷᠬᠠᠶᠢᠯᠠᠯᠳᠠ ᠶᠤᠰᠤᠭᠠᠷ ᠨᠡᠮᠡᠵᠤ ᠲᠤᠭᠢᠷᠠᠭᠤᠯᠤᠨ᠎ᠠ︶ ᠦᠭᠴᠤ ᠲᠡᠵᠢᠭᠡᠨ᠎ᠠ᠃ ᠬᠤᠶᠠᠳᠤᠭᠠᠷ ᠱᠠᠳᠤᠨ  ᠤ 30 ᠡᠳᠤᠷ ᠲᠤ ᠡᠳᠤᠷ ᠪᠦᠷᠢ 20 ᠺᠢᠯᠤᠭ᠍ᠷᠡᠮ ᠭᠦᠭᠡ ᠲᠠᠷᠤᠰᠢ ᠪᠤᠷᠳᠤᠭ᠎ᠠ᠂ 1.5 ᠺᠢᠯᠤᠭ᠍ᠷᠡᠮ ᠨᠠᠷᠢᠮᠤ  ᠶᠢᠨ ᠡᠪᠡᠰᠤ᠂ 1 ᠺᠢᠯᠦᠭᠷᠡᠮ ᠡᠷᠳᠡᠨᠢ ᠰᠢᠰᠢ  ᠶᠢᠨ ᠭᠤᠯᠢᠷ᠂ 60 ᠭᠷᠡᠮ ᠰᠢᠭᠡᠰᠦᠯᠢᠭ ᠡᠳ᠋᠂ 50 ᠭᠷᠡᠮ ᠲᠠᠪᠤᠰᠤ ᠪᠠ ᠵᠤᠭᠢᠬᠤ ᠭᠡᠮᠵᠢᠶᠠᠨ  ᠤ ᠦᠰᠦᠯᠳᠡ  ᠶᠢᠨ ᠡᠳ᠋ ᠵᠡᠷᠭᠡ  ᠶᠢ ᠦᠭᠴᠤ ᠲᠡᠵᠢᠭᠡᠨ᠎ᠡ᠃ ᠭᠤᠷᠪᠡᠳᠤᠭᠠᠷ ᠱᠠᠳᠤᠨ  ᠤ 40 ᠡᠳᠤᠷ ᠲᠤ ᠡᠳᠤᠷ ᠪᠦᠷᠢ 25 ᠺᠢᠯᠦᠭᠷᠡᠮ ᠭᠦᠭᠡ ᠲᠠᠷᠤᠰᠢ ᠪᠤᠷᠳᠤᠭ᠎ᠠ᠂ 1 ᠺᠢᠯᠦᠭᠷᠡᠮ ᠡᠷᠳᠡᠨᠢ ᠰᠢᠰᠢ  ᠶᠢᠨ ᠭᠤᠯᠢᠷ᠂ 80 ᠭᠷᠡᠮ ᠰᠢᠭᠡᠰᠦᠯᠢᠭ ᠡᠳ᠋᠂ 50 ᠭᠷᠡᠮ ᠲᠠᠪᠤᠰᠤ ᠪᠠ ᠵᠤᠭᠢᠬᠤ ᠭᠡᠮᠵᠢᠶᠠᠨ  ᠤ ᠦᠰᠦᠯᠳᠡ  ᠶᠢᠨ ᠡᠳ᠋ ᠵᠡᠷᠭᠡ  ᠶᠢ ᠨᠡᠮᠡᠷᠢᠯᠡᠨ ᠦᠭᠴᠤ ᠲᠡᠵᠢᠭᠡᠨ᠎ᠡ᠃
    3. ᠬᠠᠮᠢᠶᠠᠷᠤᠯᠳᠠ ᠪᠠᠨ ᠴᠢᠩᠭᠠᠳᠬᠠᠨ᠎ᠠ
     ① ᠡᠳᠤᠷ ᠪᠦᠷᠢ  ᠶᠢᠨ ᠦᠳᠡ  ᠶᠢᠨ ᠡᠮᠦᠨᠡᠭᠢ 8 ᠴᠠᠭ᠂ ᠦᠳᠡ  ᠶᠢᠨ ᠬᠤᠶᠢᠨᠠᠭᠢ 4 ᠴᠠᠭ ᠲᠤ ᠲᠤᠰ ᠪᠦᠷᠢ 1 ᠤᠳᠠᠭ᠎ᠠ ᠲᠡᠵᠢᠭᠡᠯ ᠪᠤᠷᠳᠤᠭ᠎ᠠ ᠦᠭᠴᠤ ᠲᠡᠵᠢᠭᠡᠨ᠎ᠡ᠂ ᠲᠡᠭᠡᠭᠡᠳ 2 ~ 3 ᠤᠳᠠᠭ᠎ᠠ ᠤᠰᠤᠯᠠᠨ᠎ᠠ᠂ ᠲᠡᠵᠢᠭᠡᠵᠤ ᠲᠠᠭᠤᠰᠤᠠᠠᠰᠠᠨ  ᠤ ᠲᠠᠷᠠᠭ᠎ᠠ ᠦᠭᠡᠷ  ᠢᠶᠠᠨ ᠤᠡᠭᠭᠤᠴᠠᠨ ᠠᠴᠠ ᠰᠠᠯᠭᠠᠵᠤ᠂ ᠡᠪᠤᠯ ᠪᠤᠯ ᠨᠦᠮᠤᠷᠢ ᠲᠠᠢ ᠨᠠᠷᠠᠨ  ᠤ ᠡᠭᠡᠪᠤᠷ ᠲᠤ᠂ ᠵᠤᠨ ᠪᠤᠯ ᠰᠠᠯᠭᠢ ᠨᠡᠪᠳᠡᠷᠡᠭᠦ ᠰᠡᠭᠦᠳᠡᠷ ᠭᠠᠵᠠᠷ  ᠢ ᠰᠤᠩᠭᠤᠨ ᠤᠶᠠᠨ᠎ᠠ᠃ ᠦᠭᠡᠷ  ᠤᠨ ᠤᠶᠠᠭ᠎ᠠ  ᠶᠢ 40 ᠰᠡᠡᠲ᠋ᠢᠮᠧᠲᠷ ᠤᠷᠴᠢᠮ ᠯᠡ ᠪᠠᠶᠢᠯᠭᠠᠵᠤ᠂ ᠦᠭᠡᠷ  ᠢ ᠭᠡᠪᠳᠡᠵᠤ ᠦᠯᠤ ᠲᠡᠶᠢᠯᠭᠦ ᠭᠡᠮᠵᠢᠶ᠎ᠠ ᠪᠠᠷ ᠤᠶᠠᠵᠤ᠂ ᠲᠤᠯᠤᠭᠠᠢ ᠪᠠᠨ ᠰᠠᠵᠢᠯᠠᠨ ᠪᠡᠶ᠎ᠠ ᠪᠠᠨ ᠲᠤᠯᠢᠶᠠᠵᠤ ᠲᠠᠶᠢᠯᠭᠦ ᠦᠭᠡᠢ ᠪᠠᠶᠢᠪᠠᠯ ᠪᠤᠯᠴᠢᠬᠠᠨ᠎ᠠ᠃
     ② ᠦᠭᠡᠷ  ᠤᠨ ᠪᠡᠶ᠎ᠠ  ᠶᠢ ᠡᠳᠤᠷ ᠪᠦᠷᠢ ᠱᠤᠸᠠᠰᠠ ᠪᠠᠷ ᠱᠤᠸᠠᠰᠠᠳᠠᠵᠤ᠂ ᠴᠢᠰᠤᠨ  ᠤ ᠡᠷᠭᠢᠯᠳᠡ  ᠶᠢ ᠨᠢ ᠠᠭᠢᠭᠤᠯᠪᠠᠯ ᠵᠤᠭᠢᠨ᠎ᠠ᠃
     ③ ᠦᠭᠡᠷ  ᠤᠨ ᠬᠠᠰᠢᠶ᠎ᠠ ᠰᠠᠷᠠᠪᠴᠢ  ᠶᠢ ᠡᠪᠤᠯ ᠪᠤᠯ ᠲᠤᠯᠠᠭᠠᠨ᠂ ᠵᠤᠨ ᠪᠤᠯ ᠰᠠᠷᠢᠭᠦᠨ ᠪᠠᠶᠢᠯᠭᠠᠵᠤ᠂ ᠰᠠᠯᠭᠢ ᠨᠡᠪᠳᠡᠷᠡᠭᠦᠯᠦᠨ ᠨᠠᠷᠠ ᠬᠠᠯᠬᠠᠯᠠᠬᠤ ᠪᠤᠯᠭᠠᠨ᠎ᠠ᠃ ᠶᠠᠷᠤ  ᠶᠢᠨ ᠴᠠᠭ ᠲᠤ ᠭᠡᠮ ᠭᠢᠵᠢᠭ ᠠᠴᠠ ᠰᠡᠷᠭᠡᠶᠢᠯᠡᠭᠦ᠂ ᠬᠤᠷᠤᠬᠠᠢ ᠭᠦᠭᠡᠭᠡᠭᠦ᠂ ᠢᠯᠠᠭ᠎ᠠ ᠪᠠᠳᠠᠭᠠᠨ᠎ᠠ ᠠᠴᠠ ᠰᠡᠷᠭᠡᠶᠢᠯᠡᠭᠦ᠂ ᠭᠦᠢᠳᠡᠨ ᠠᠴᠠ ᠰᠡᠷᠭᠡᠶᠢᠯᠡᠭᠦ᠂ ᠨᠠᠷᠠᠰᠢᠬᠤ ᠠᠴᠠ ᠰᠡᠷᠭᠡᠶᠢᠯᠡᠭᠦ ᠪᠡ ᠦᠭᠡᠷ  ᠤᠨ ᠬᠠᠰᠢᠶᠠᠨ  ᠤ ᠡᠷᠡᠭᠦᠯ ᠬᠠᠮᠠᠭᠠᠯᠠᠯ  ᠢ ᠰᠠᠶᠢᠳᠤᠷ ᠠᠩᠬᠠᠷᠤᠨ᠎ᠠ᠃  
      4. ᠠᠩᠬᠠᠷᠬᠤ ᠵᠤᠶᠢᠯ
     ① ᠦᠭᠡᠷ  ᠤᠨ ᠰᠢᠭᠡᠰᠦᠯᠢᠭ ᠡᠳ᠋  ᠢᠶᠠᠷ ᠲᠡᠵᠢᠭᠡᠭᠦ ᠳᠤ ᠤᠷᠢᠳ  ᠢᠶᠠᠷ ᠤᠰᠤᠨ ᠳᠤ ᠠᠭᠤᠰᠬᠠᠨ ᠰᠢᠩᠭᠡᠷᠡᠭᠦᠯᠵᠤ᠂ ᠲᠡᠭᠡᠷ᠎ᠡ ᠨᠢ ᠡᠷᠳᠡᠨᠢ ᠰᠢᠰᠢ  ᠶᠢᠨ ᠭᠤᠯᠢᠷ ᠬᠤᠯᠢᠵᠤ ᠲᠠᠭᠢᠨ ᠡᠪᠡᠰᠤ ᠲᠠᠢ ᠪᠠᠨ ᠬᠤᠯᠢᠵᠤ ᠲᠡᠵᠢᠭᠡᠨ᠎ᠠ᠃ ᠰᠢᠭᠡᠰᠦᠯᠢᠭ ᠡᠳ᠋  ᠢ ᠦᠭᠡᠷ ᠲᠤ ᠲᠡᠩ  ᠢᠶᠠᠷ ᠰᠢᠭᠤᠳ ᠲᠡᠵᠢᠭᠡᠵᠤ ᠪᠤᠯᠬᠤ ᠦᠭᠡᠢ ᠮᠦᠷᠳᠡᠭᠡᠨ ᠨᠡᠩ ᠴᠤ ᠤᠰᠤᠨ ᠳᠤ ᠠᠭᠤᠰᠬᠠᠨ ᠤᠤᠭᠤᠯᠭᠠᠵᠤ ᠪᠤᠯᠬᠤ ᠦᠭᠡᠢ᠃ ᠲᠡᠵᠢᠭᠡᠭᠡᠳ ᠴᠠᠭ ᠭᠢᠷᠢᠳᠡᠢ ᠪᠤᠯᠪᠠᠯ ᠰᠠᠶ᠋ᠢ ᠤᠰᠤᠯᠠᠨ᠎ᠠ᠂ ᠡᠰᠡᠪᠡᠰᠤ ᠬᠤᠤᠷᠳ᠋ᠬᠠᠳᠠᠵᠤ ᠮᠡᠳᠡᠨ᠎ᠡ᠃
     ② ᠦᠭᠡᠷ ᠲᠤ ᠬᠤᠤᠷᠳ᠋ᠬᠠᠳ᠋ᠬᠠᠰᠠᠨ ᠪᠠᠶᠢᠳᠠᠯ ᠢᠯᠡᠷᠡᠪᠡᠯ ᠲᠤᠤᠷ᠎ᠡ ᠨᠢ 20 ~ 40 ᠺᠢᠯᠦᠭᠷᠡᠮ ᠭᠦᠢᠳᠡᠨ ᠤᠰᠤ ᠪᠤᠶᠤ 1500 ~ 2000 ᠮᠢᠯᠢᠯᠢᠲᠷ ᠢᠳᠡᠭᠡᠨ ᠼᠣᠣ᠂ 500 ~ 1000 ᠭᠷᠡᠮ ᠰᠢᠭᠢᠷ ᠲᠤ 1000 ᠮᠢᠯᠢᠯᠢᠲᠷ ᠤᠰᠤ ᠨᠡᠮᠡᠵᠤ ᠬᠤᠯᠢᠭᠠᠳ ᠴᠢᠳᠬᠤᠨ ᠤᠤᠭᠤᠯᠭᠠᠨ᠎ᠠ᠃ ᠭᠡᠷᠪᠡ ᠭᠦᠨᠳᠤ ᠨᠤᠴᠢᠳᠠᠢ ᠬᠤᠤᠷᠳ᠋ᠬᠠᠳ᠋ᠬᠠᠰᠠᠨ ᠪᠠᠶᠢᠪᠠᠯ 20 ~ 30 ᠮᠢᠨᠦ᠋ᠲ  ᠤᠨ ᠲᠠᠷᠠᠭ᠎ᠠ 1 ~ 2 ᠤᠳᠠᠭ᠎ᠠ ᠴᠢᠳᠬᠤᠪᠠᠯ ᠪᠦᠷᠢᠮᠦᠰᠤᠨ ᠡᠳᠡᠭᠡᠷᠡᠴᠢᠭᠡᠨ᠎ᠡ᠃
      ③ ᠦᠭᠡᠷ  ᠤᠨ ᠨᠠᠷᠢᠯᠢᠭ ᠲᠠᠵᠢᠭᠡᠯ ᠪᠤᠷᠳᠤᠭᠠᠨ ᠳᠤᠨᠢ 1 % ~ 2 % ᠤᠨ ᠪᠠᠭ᠎ᠠ ᠰᠤᠳᠠ᠂ 5% ~ 6%  ᠶᠢᠨ ᠲᠤᠰᠤ ᠬᠤᠯᠢᠪᠠᠯ ᠦᠭᠡᠷ  ᠤᠨ ᠭᠦᠵᠡᠭᠡ ᠭᠦᠭᠡᠭᠡᠭᠦ  ᠶᠢ ᠰᠡᠷᠭᠡᠶᠢᠯᠡᠳᠡᠭ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ