2016 ᠣᠨ ᠤ ᠰᠢᠨ᠎ᠡ ᠵᠢᠯ ᠤᠨ ᠰᠢᠨ᠎ᠡ ᠶᠢᠨ ᠨᠢᠭᠡᠨ ᠤ ᠬᠤᠭᠤᠴᠠᠭᠠᠨ ᠳᠠᠬᠢ ᠭᠠᠯᠲᠤ ᠲᠡᠷᠭᠡᠨ ᠤ | ᠪᠢᠯᠧᠲ ᠶᠢ ᠨᠢᠭᠡᠨᠲᠡ ᠪᠦᠬᠦ ᠲᠠᠯ᠎ᠠ ᠪᠠᠷ ᠤᠷᠢᠳᠴᠢᠯᠠᠨ ᠬᠤᠳᠠᠯᠳᠤᠵᠤ ᠡᠬᠢᠯᠡᠭᠰᠡᠨ ᠪᠠᠶᠢᠨ᠎ᠠ᠂ ᠭᠠᠳᠠᠭᠰᠢ ᠭᠠᠷᠬᠤ | ᠲᠥᠯᠥᠪᠯᠡᠭᠡ ᠲᠠᠢ ᠠᠶᠠᠨᠴᠢᠳ ᠠᠶᠠᠯᠠᠯ ᠢᠶᠠᠨ ᠡᠷᠲᠡ ᠠᠴᠠ ᠲᠥᠯᠥᠪᠵᠢᠭᠦᠯᠵᠦ᠂ 12306 ᠰᠦᠯᠵᠢᠶ᠎ᠡ᠂ | 95105105 ᠪᠢᠯᠧᠲ ᠵᠠᠬᠢᠶᠠᠯᠠᠬᠤ ᠤᠲᠠᠰᠤ᠂ ᠭᠠᠯᠲᠤ ᠲᠡᠷᠭᠡᠨ ᠥᠷᠲᠡᠭᠡᠨ ᠤ ᠴᠣᠩᠬᠤ᠂ ᠣᠷᠣᠯᠠᠨ | ᠬᠤᠳᠠᠯᠳᠤᠬᠤ ᠭᠠᠵᠠᠷ ᠵᠡᠷᠭᠡ ᠠᠷᠭ᠎ᠠ ᠵᠠᠮ ᠢᠶᠠᠷ ᠳᠠᠮᠵᠢᠨ ᠪᠢᠯᠧᠲ ᠬᠤᠳᠠᠯᠳᠤᠨ ᠠᠪᠴᠤ ᠪᠤᠯᠤᠨ᠎ᠠ᠃ | ᠬᠥᠬᠡᠬᠤᠲᠠ ᠶᠢᠨ ᠲᠡᠮᠦᠷ ᠵᠠᠮ ᠤᠨ ᠲᠣᠪᠴᠢᠶᠠᠨ ᠤ ᠵᠢᠱᠢᠯᠲᠡ ᠪᠠᠷ᠂ ᠰᠢᠨ᠎ᠡ ᠶᠢᠨ ᠨᠢᠭᠡᠨ ᠤ ᠠᠮᠠᠷᠠᠯᠲᠠ ᠳᠤ | ᠭᠤᠣᠯᠳᠠᠭᠤ ᠳᠤᠮᠳᠠ ᠪᠠ ᠣᠶᠢᠷ᠎ᠠ ᠵᠠᠮ ᠤᠨ ᠠᠶᠠᠨᠴᠢᠳ᠂ ᠵᠢᠱᠢᠶᠡᠯᠡᠪᠡᠯ ᠪᠡᠭᠡᠵᠢᠩ᠂ ᠲᠢᠶᠠᠨᠵᠢᠨ᠂ ᠰᠢ ᠠᠨ ᠵᠡᠷᠭᠡ; | ᠠᠩᠬᠠᠷᠤᠯ ᠢ ᠲᠠᠲᠠᠭᠰᠠᠨ ᠵᠢᠭᠤᠯᠴᠢᠯᠠᠯ ᠤᠨ ᠬᠤᠲᠠ ᠵᠢᠴᠢ ᠬᠥᠬᠡᠬᠤᠲᠠ᠂ ᠪᠤᠭᠤᠲᠤ᠂ ᠤᠷᠳᠤᠰ ᠵᠡᠷᠭᠡ ᠤᠢᠢᠷ᠎ᠠ | ᠵᠠᠮ ᠤᠨ ᠵᠢᠭᠤᠯᠴᠢᠯᠠᠭᠴᠢᠳ ᠪᠤᠯᠤᠨ᠎ᠠ᠃ ᠣᠷᠴᠢᠮᠬᠠᠨ ᠤ 12306 ᠰᠦᠯᠵᠢᠶᠡᠨ ᠳᠡᠭᠡᠷ᠎ᠡ ᠨᠡᠶᠢᠲᠡᠯᠡᠭᠰᠡᠨ ᠲᠤᠭ᠎ᠠ | ᠪᠠᠷᠢᠮᠲᠠ ᠠᠴᠠ ᠦᠵᠡᠪᠡᠯ᠂ 12 ᠳ᠋ᠦ᠋ᠭᠡᠷ ᠰᠠᠷ᠎ᠠ ᠶᠢᠨ 31 ᠤ ᠡᠳᠦᠷ ᠠᠴᠠ1 ᠳ᠋ᠦ᠋ᠭᠡᠷ ᠰᠠᠷ᠎ᠠ ᠶᠢᠨ4 ᠤ ᠡᠳᠦᠷ ᠤᠨ | ᠬᠤᠭᠤᠴᠠᠭᠠᠨ ᠳᠤ᠂ ᠪᠡᠭᠡᠵᠢᠩ ᠵᠦᠭ ᠶᠠᠪᠤᠬᠤ ᠬᠦᠬᠡᠬᠤᠲᠠ ᠵᠡᠭᠦᠨ ᠦᠷᠲᠡᠭᠡ ᠠᠴᠠ ᠪᠡᠭᠡᠵᠢᠩ ᠦᠷᠲᠡᠭᠡ ᠬᠦᠷᠬᠦ | Z180 ᠤᠳᠠᠭᠠᠨ ᠤ ᠲᠡᠷᠭᠡᠨ ᠪᠢᠯᠧᠲ ᠶᠢ ᠨᠢᠭᠡᠨᠲᠡ ᠪᠦᠷ ᠬᠤᠳᠠᠯᠳᠤᠵᠤ ᠳᠠᠭᠤᠰᠪᠠ᠂ K44᠂ K574᠂ | K886᠂ K7596᠂ 1134 ᠵᠡᠷᠭᠡ ᠡᠯ᠎ᠡ ᠡᠭᠡᠯᠵᠢ ᠶᠢᠨ ᠪᠢᠯᠧᠲ ᠬᠤᠪᠤᠷᠳᠠᠵᠤ᠂ ᠬᠥᠬᠡᠬᠤᠲᠠ ᠠᠴᠠ ᠪᠡᠭᠡᠵᠢᠩ | ᠬᠦᠷᠬᠦ Z316 ᠤᠳᠠᠭ᠎ᠠ᠂ ᠪᠤᠭᠤᠲᠤ ᠠᠴᠠ ᠪᠡᠭᠡᠵᠢᠩ ᠬᠦᠷᠬᠦ Z3180 ᠤᠳᠠᠭ᠎ᠠ᠂ ᠬᠥᠬᠡᠬᠤᠲᠠ ᠠᠴᠠ | ᠪᠡᠭᠡᠵᠢᠩ ᠤᠨ ᠪᠠᠷᠠᠭᠤᠨ ᠦᠷᠲᠡᠭᠡ ᠬᠦᠷᠬᠦ K90 ᠤᠳᠠᠭ᠎ᠠ᠂ ᠬᠥᠬᠡᠬᠤᠲᠠ ᠠᠴᠠ ᠪᠡᠭᠡᠵᠢᠩ ᠤᠨ ᠪᠠᠷᠠᠭᠤᠨ | ᠦᠷᠲᠡᠭᠡ ᠬᠦᠷᠬᠦ K 618 ᠤᠳᠠᠭ᠎ᠠ ᠶᠢᠨ ᠭᠠᠯᠲᠤ ᠲᠡᠷᠭᠡᠨ ᠤ ᠪᠢᠯᠧᠲ ᠨᠡᠯᠢᠶᠡᠳ ᠡᠯᠪᠡᠭ ᠪᠠᠶᠢᠨ᠎ᠠ᠃ |