ᠮᠠᠯ ᠲᠡᠵᠢᠭᠡᠪᠤᠷᠢ ᠳᠤ ᠡᠮ ᠭᠡᠷᠡᠭᠯᠡᠭᠦ ᠲᠤᠬᠠᠢ
ᠨᠡᠶᠢᠲᠡᠯᠡᠭᠰᠡᠨ ᠴᠠᠭ᠄
2015/12/3

      ᠦᠭᠡᠷ᠂ ᠬᠤᠨᠢ᠂ ᠡᠯᠵᠢᠭᠡ᠂ ᠯᠠᠭᠤᠰᠠ᠂ ᠭᠠᠭ᠋ᠠᠢ ᠵᠡᠷᠭᠡ ᠮᠠᠯ ᠲᠡᠵᠢᠭᠡᠪᠤᠷᠢ  ᠶᠢᠨ ᠪᠡᠶ᠎ᠠ ᠨᠢ ᠲᠤᠮᠤ ᠮᠦᠷᠳᠡᠭᠡᠨ ᠭᠦᠨᠳᠤ ᠪᠠᠶᠢᠳᠠᠭ ᠪᠤᠯᠬᠤᠷ ᠡᠮ ᠤᠤᠭᠤᠯᠭᠠᠬᠤ ᠪᠤᠶᠤ ᠡᠮᠳᠤ ᠪᠤᠳᠠᠰ ᠭᠡᠷᠡᠭᠯᠡᠭᠦ ᠦᠶ᠎ᠠ ᠳᠤ ᠲᠤᠤᠷᠠᠭᠢ 4 ᠵᠤᠶᠢᠯ  ᠤᠨ ᠠᠷᠭ᠎ᠠ  ᠶᠢ ᠭᠡᠷᠡᠭᠯᠡᠵᠤ ᠪᠤᠯᠤᠨ᠎ᠠ᠃ ᠭᠡᠮᠨᠡᠭᠰᠡᠨ ᠡᠭᠢᠨ  ᠤ ᠬᠤᠭᠤᠴᠠᠭᠠᠨ ᠳᠤ ᠭᠡᠮ  ᠤᠨ ᠪᠠᠶᠢᠳᠠᠯ  ᠢ ᠦᠨᠳᠦᠰᠦᠯᠡᠵᠤ ᠲᠡᠵᠢᠭᠡᠯ ᠪᠤᠷᠳᠤᠭ᠎ᠠ ᠳᠤᠨᠢ ᠬᠤᠯᠢᠵᠤ ᠲᠡᠵᠢᠭᠡᠨ᠎ᠡ᠃
    1. ᠮᠠᠯ ᠲᠡᠵᠢᠭᠡᠪᠤᠷᠢ ᠳᠤ ᠭᠡᠷᠡᠭᠯᠡᠭᠦ ᠡᠮ  ᠢ ᠲᠡᠵᠢᠭᠡᠯ ᠪᠤᠷᠳᠤᠭ᠎ᠠ ᠳᠤᠨᠢ ᠬᠤᠯᠢᠵᠤ ᠲᠡᠵᠢᠭᠡᠨ᠎ᠡ᠃ ᠭᠡᠪᠡᠴᠤ ᠲᠡᠵᠢᠭᠡᠯ ᠪᠤᠷᠳᠤᠭ᠎ᠠ  ᠶᠢ ᠨᠢ ᠲᠡᠩᠳᠡᠭᠦᠤ ᠤᠯᠠᠨ ᠬᠤᠯᠢᠬᠤ  ᠶᠢ ᠠᠩᠬᠠᠷᠤᠨ᠎ᠠ᠂ ᠲᠠᠶᠢᠮᠤ ᠪᠢᠰᠢ ᠪᠤᠯ᠂ ᠲᠡᠵᠢᠭᠡᠯ ᠪᠤᠷᠳᠤᠭ᠎ᠠ  ᠶᠢ ᠰᠦᠢᠳᠭᠡᠭᠦ ᠮᠦᠷᠳᠡᠭᠡᠨ ᠡᠮᠳᠤ ᠪᠤᠳᠠᠰ  ᠢ ᠴᠤ ᠰᠦᠢᠳᠭᠡᠵᠤ ᠪᠦᠷᠢᠯᠭᠡᠭᠦ ᠪᠤᠯᠤᠨ᠎ᠠ᠃
    2. ᠮᠠᠯ ᠲᠡᠵᠢᠭᠡᠪᠤᠷᠢ  ᠶᠢᠨ ᠪᠤᠯᠴᠢᠩ ᠮᠢᠬᠠᠨ ᠳᠤᠨᠢ ᠲᠠᠷᠢᠯᠭ᠎ᠠ ᠲᠠᠷᠢᠨ᠎ᠠ᠃ ᠪᠦᠳᠦᠭᠦᠨ ᠮᠠᠯ ᠲᠡᠵᠢᠭᠡᠪᠤᠷᠢ  ᠶᠢᠨ ᠡᠮᠳᠤ ᠪᠤᠳᠠᠰ  ᠢ ᠡᠰᠡᠷᠭᠦᠴᠡᠭᠦ ᠴᠢᠳᠠᠪᠤᠷᠢ ᠨᠢ ᠴᠢᠩᠭ᠎ᠠ ᠪᠤᠯᠬᠤᠷ ᠲᠠᠷᠢᠯᠭ᠎ᠠ ᠲᠠᠷᠢᠬᠤ ᠡᠮ  ᠤᠨ ᠭᠡᠮᠵᠢᠶ᠎ᠠ  ᠶᠢ ᠪᠠᠰᠠ ᠠᠷᠪᠢᠨ ᠪᠤᠶᠤ ᠢᠯᠡᠭᠦᠤ ᠰᠢᠭ ᠪᠠᠶᠢᠯᠭᠠᠬᠤ ᠭᠡᠷᠡᠭᠳᠡᠢ᠃ ᠶᠠᠷᠤ  ᠶᠢᠨ ᠭᠡᠯᠡᠳᠡᠭ 50 ᠮᠢᠯᠢᠯᠢᠲᠷ  ᠤᠨ ᠵᠡᠭᠦᠤ  ᠶᠢᠨ ᠲᠠᠷᠢᠯᠭ᠎ᠠ ᠲᠠᠷᠢᠬᠤ ᠭᠡᠳᠡᠭ ᠪᠤᠯ ᠵᠡᠭᠦᠤ ᠳᠡᠭᠡᠨ ᠤᠷᠳᠤ ᠰᠢᠭ᠋ ᠰᠦᠯᠢᠶᠤᠤ ᠬᠤᠭᠤᠯᠠᠢ ᠵᠠᠯᠭᠠᠪᠠᠯ ᠮᠠᠯ ᠲᠡᠵᠢᠭᠡᠪᠤᠷᠢ ᠶᠠᠭᠠᠭᠢᠵᠤ ᠭᠦᠳᠡᠯᠦᠭᠰᠡᠨ ᠴᠤ ᠴᠦᠮ ᠲᠠᠷᠢᠯᠭ᠎ᠠ ᠲᠠᠷᠢᠬᠤ  ᠶᠢ ᠨᠦᠯᠦᠭᠡᠯᠡᠭᠦ ᠦᠭᠡᠢ ᠶᠤᠮ᠃
    3. ᠨᠠᠮᠵᠢᠭᠤᠨ ᠰᠤᠳᠠᠯ ᠳᠤᠨᠢ ᠲᠠᠷᠢᠯᠭ᠎ᠠ ᠲᠠᠷᠢᠬᠤ ᠪᠤᠶᠤ ᠰᠢᠩᠭᠡᠨ ᠡᠮ ᠶᠡᠭᠦᠯᠡᠨ᠎ᠡ᠃ ᠵᠠᠷᠢᠮ ᠮᠠᠯ ᠲᠡᠵᠢᠭᠡᠪᠤᠷᠢ ᠭᠡᠮᠨᠡᠭᠰᠡᠨ  ᠤ ᠰᠡᠭᠦᠯᠡᠷ ᠨᠢᠭᠡ ᠠᠴᠠ ᠬᠤᠶᠠᠷ ᠡᠳᠤᠷ ᠢᠳᠡᠵᠤ ᠤᠤᠭᠤᠬᠤ ᠦᠭᠡᠢ ᠪᠤᠯᠵᠤ ᠬᠠᠭᠰᠠᠵᠤ ᠦᠭᠦᠳᠡᠭ᠃ ᠡᠶᠢᠮᠤᠷᠭᠦᠤ ᠪᠠᠶᠢᠳᠠᠯ ᠲᠤᠤᠷ᠎ᠠ ᠮᠠᠯ ᠲᠡᠵᠢᠭᠡᠪᠤᠷᠢ  ᠶᠢ ᠭᠦᠯᠢᠵᠤ ᠤᠶᠠᠭᠠᠳ ᠨᠠᠮᠵᠢᠭᠤᠨ ᠰᠤᠳᠠᠯ ᠳᠤᠨᠢ ᠲᠠᠷᠢᠯᠭ᠎ᠠ ᠲᠠᠷᠢᠬᠤ ᠪᠤᠶᠤ ᠰᠢᠩᠭᠡᠨ ᠡᠮ ᠶᠡᠭᠦᠯᠡᠵᠤ ᠪᠤᠯᠤᠨ᠎ᠠ᠃
     4. ᠴᠢᠳᠬᠤᠵᠤ ᠤᠤᠭᠤᠯᠭᠠᠨ᠎ᠠ᠃ ᠵᠠᠷᠢᠮ ᠮᠠᠯ ᠲᠡᠵᠢᠭᠡᠪᠤᠷᠢ ᠭᠡᠮᠨᠡᠭᠰᠡᠨ  ᠤ ᠲᠠᠷᠠᠭ᠎ᠠ ᠢᠳᠡᠭᠦ ᠦᠭᠡᠢ᠂ ᠪᠠᠭᠠᠬᠤ ᠦᠭᠡᠢ᠂ ᠲᠠᠷᠢᠯᠭ᠎ᠠ ᠲᠠᠷᠢᠠᠠᠰᠠᠨ ᠴᠤ ᠲᠤᠰᠠ ᠭᠠᠷᠬᠤ ᠦᠭᠡᠢ ᠪᠠᠶᠢᠳᠠᠭ᠂ ᠡᠨᠡ ᠦᠶ᠎ᠠ ᠳᠤ ᠬᠤᠳᠤᠭᠤᠳᠤ ᠤᠭᠢᠶᠠᠬᠤ ᠪᠠᠭᠠᠵᠢ ᠪᠠᠷ ᠴᠢᠳᠬᠤᠨ ᠤᠤᠭᠤᠯᠭᠠᠬᠤ ᠠᠷᠭ᠎ᠠ ᠭᠡᠮᠵᠶ᠎ᠠ ᠠᠪᠬᠤ ᠭᠡᠷᠡᠭᠳᠡᠢ᠃ ᠴᠢᠳᠬᠤᠬᠤ ᠳᠠᠭᠠᠨ ᠤᠷᠢᠳ  ᠢᠶᠠᠷ ᠮᠠᠯ ᠲᠡᠵᠢᠭᠡᠪᠤᠷᠢ  ᠶᠢᠨ ᠲᠦᠷᠪᠡᠨ ᠮᠦᠴᠢ  ᠶᠢ ᠭᠦᠯᠢᠵᠤ᠂ ᠭᠦᠳᠡᠯᠵᠤ ᠲᠡᠶᠢᠯᠭᠦ ᠦᠭᠡᠢ ᠪᠤᠯᠭᠠᠨ᠎ᠠ᠃ ᠡᠭᠦᠨ ᠳᠤ᠂① ᠠᠮᠠ  ᠶᠢ ᠨᠢ ᠠᠩᠭᠠᠶᠢᠯᠭᠠᠵᠤ ᠪᠠᠶᠢᠭᠠᠳ ᠬᠤᠳᠤᠭᠤᠳᠤ ᠤᠭᠢᠶᠠᠬᠤ ᠪᠠᠭᠠᠵᠢ  ᠶᠢ ᠤᠯᠠᠭᠠᠨ ᠬᠤᠭᠤᠯᠠᠢ ᠲᠤᠳᠤᠷ᠎ᠠ ᠨᠢᠭᠡ ᠮᠧᠲᠷ ᠤᠷᠴᠢᠮ ᠤᠠᠠᠯᠠᠨ ᠤᠷᠤᠭᠤᠯᠵᠤ᠂ ᠡᠮᠳᠤ ᠪᠤᠳᠠᠰ  ᠢ ᠬᠤᠳᠤᠭᠤᠳᠤ ᠤᠭᠢᠶᠠᠬᠤ ᠪᠠᠭᠠᠵᠢ ᠪᠠᠷ ᠲᠠᠮᠵᠢᠭᠤᠯᠤᠨ ᠮᠠᠯ ᠲᠡᠵᠢᠭᠡᠪᠤᠷᠢ  ᠶᠢᠨ ᠪᠡᠶ᠎ᠠ ᠳᠤ ᠴᠢᠳᠬᠤᠨ ᠤᠷᠤᠭᠤᠯᠤᠨ᠎ᠠ᠃② ᠬᠤᠰᠭᠢᠨᠠᠭ  ᠤᠨ ᠰᠦᠪᠠ ᠪᠠᠷ ᠡᠮ ᠴᠢᠳᠬᠤᠬᠤ ᠳᠤ᠂ ᠬᠤᠳᠤᠭᠤᠳᠤ ᠤᠭᠢᠶᠠᠬᠤ ᠪᠠᠭᠠᠵᠢ  ᠶᠢ ᠬᠤᠰᠭᠢᠨᠠᠭ  ᠤᠨ ᠰᠦᠪᠠ ᠳᠤ ᠨᠢᠭᠡ ᠮᠧᠲᠷ ᠤᠷᠴᠢᠮ ᠤᠠᠠᠯᠠᠨ ᠤᠷᠤᠭᠤᠯᠤᠨ᠎ᠠ᠃ ᠤᠠᠠᠯᠠᠨ ᠤᠷᠤᠭᠤᠯᠬᠤ ᠳᠠᠭᠠᠨ ᠰᠦᠯᠢᠶᠤᠤ ᠬᠤᠭᠤᠯᠠᠢ ᠲᠡᠭᠡᠷ᠎ᠡ ᠢᠳᠡᠭᠡᠨ  ᠤ ᠲᠤᠰᠤ ᠲᠦᠷᠭᠢᠭᠡᠳ ᠭᠤᠯᠭᠤᠮᠠᠳᠠᠭᠠᠢ ᠪᠤᠯᠭᠠᠬᠤ ᠭᠡᠷᠡᠭᠳᠡᠢ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ