ᠼᠤᠤ ᠪᠠᠷ ᠮᠠᠯ ᠵᠢᠭᠦᠷᠳᠡᠨ  ᠤ ᠭᠡᠮ  ᠢ ᠡᠮᠨᠡᠨ ᠵᠠᠰᠠᠬᠤ ᠠᠷᠭ᠎ᠠ
ᠨᠡᠶᠢᠲᠡᠯᠡᠭᠰᠡᠨ ᠴᠠᠭ᠄
2015/12/3

     ᠼᠤᠤ ᠪᠤᠯ ᠢᠰᠭᠦᠯᠡᠩ ᠪᠦᠯᠢᠶᠠᠨ ᠴᠢᠨᠠᠷᠳᠡᠢ ᠪᠤᠯᠬᠤᠷ ᠬᠤᠷᠬᠠᠰᠠᠨ  ᠢ ᠲᠠᠷᠬᠠᠭᠠᠵᠤ᠂ ᠭᠦᠭᠡᠪᠤᠷ  ᠢ ᠠᠷᠢᠯᠭᠠᠨ᠂ ᠪᠠᠺᠲ᠋ᠧᠷᠢ  ᠶᠢ ᠠᠯᠠᠵᠤ᠂ ᠦᠷᠪᠢᠰᠦᠯ  ᠢ ᠲᠠᠷᠤᠬᠤ ᠦᠢᠯᠡᠳᠦᠯ ᠲᠠᠢ ᠪᠦᠭᠡᠳ ᠪᠠᠰᠠ ᠦᠰᠦᠯᠳᠡ ᠪᠤᠶᠢᠵᠢᠯᠳᠡ  ᠶᠢ ᠠᠭᠢᠭᠤᠯᠤᠨ᠂ ᠮᠠᠯ ᠵᠢᠭᠦᠷᠳᠡᠨ  ᠤ ᠭᠡᠮ ᠭᠢᠵᠢᠭ  ᠢ ᠡᠰᠡᠷᠭᠦᠴᠡᠭᠦ ᠴᠢᠳᠠᠪᠤᠷᠢ  ᠶᠢ ᠲᠡᠭᠡᠭᠰᠢᠯᠡᠭᠦᠯᠭᠦ ᠠᠴᠢ ᠲᠤᠰᠠ ᠪᠠᠷ ᠮᠠᠰᠢ ᠰᠠᠶᠢᠨ ᠭᠢᠮᠳᠡ ᠮᠠᠯ  ᠤᠨ ᠡᠮ ᠪᠤᠯᠤᠨ᠎ᠠ᠃ ᠡᠮᠴᠢᠯᠡᠭᠡᠨ  ᠤ ᠦᠢᠯᠡᠳᠦᠯᠭᠡ ᠭᠡᠷᠡᠴᠢᠯᠡᠭᠰᠡᠨ ᠨᠢ᠂ ᠼᠣᠣ ᠪᠠᠷ ᠮᠠᠯ ᠵᠢᠭᠦᠷᠳᠡᠨ  ᠤ ᠤᠯᠠᠨ ᠵᠤᠶᠢᠯ  ᠤᠨ ᠭᠡᠮ  ᠢ ᠵᠠᠰᠠᠵᠤ ᠪᠤᠯᠤᠨ᠎ᠠ᠃
      1. ᠦᠭᠡᠷ  ᠤᠨ ᠭᠦᠵᠡᠭᠡ ᠰᠠᠷᠭᠢᠨᠠᠭ  ᠤᠨ ᠠᠠᠠᠰᠢᠯᠳᠠ ᠮᠠᠭᠤᠳᠠᠬᠤ  ᠶᠢ ᠵᠠᠰᠠᠬᠤ᠄  ᠰᠢᠩᠭᠡᠭᠡᠯᠳᠡ  ᠶᠢᠨ ᠡᠮ ᠳᠤ 200 ᠮᠢᠯᠢᠯᠢᠲᠷ ᠤᠰᠤ ᠬᠤᠯᠢᠵᠤ᠂ 500 ᠮᠢᠯᠢᠯᠢᠲᠷ ᠼᠤᠤ ᠨᠡᠮᠡᠵᠤ ᠨᠠᠶᠢᠷᠠᠭᠤᠯᠤᠭᠠᠳ ᠦᠭᠡᠷ ᠲᠡᠭᠡᠨ ᠦᠭᠴᠤ ᠤᠤᠭᠤᠯᠭᠠᠨ᠎ᠠ᠃
     2. ᠦᠭᠡᠷ  ᠤᠨ ᠰᠢᠩᠭᠡᠭᠡᠯᠳᠡ ᠮᠠᠭᠤᠳ᠋ᠬᠠᠰᠠᠨ  ᠢ ᠵᠠᠰᠠᠬᠤ᠄ 500 ᠮᠢᠯᠢᠯᠢᠲᠷ ᠼᠤᠤ᠂ 1000 ᠭᠷᠡᠮ ᠳ᠋ᠸᠤᠹᠦ᠋᠂ 30 ᠭᠷᠡᠮ ᠬᠠᠭᠤᠷᠬᠠᠰᠠᠨ ᠲᠠᠪᠤᠰᠤ  ᠶᠢ ᠵᠢᠭᠳᠡ ᠬᠤᠯᠢᠠᠠᠰᠠᠨ  ᠤ ᠰᠡᠭᠦᠯᠡᠷ ᠦᠭᠡᠷ ᠲᠤ ᠡᠳᠤᠷ ᠪᠦᠷᠢ 1 ᠤᠳᠠᠭ᠎ᠠ᠂ ᠵᠠᠯᠭᠠᠭ᠎ᠠ ᠪᠠᠷ 2 ᠤᠳᠠᠭ᠎ᠠ ᠦᠭᠴᠤ ᠪᠤᠯᠣᠨ᠎ᠠ᠃
     3. ᠦᠭᠡᠷ  ᠤᠨ ᠬᠤᠳᠤᠭᠤᠳᠤ ᠭᠡᠳᠡᠰᠤᠨ  ᠤ ᠦᠷᠪᠢᠰᠦᠯ  ᠢ ᠵᠠᠰᠠᠬᠤ᠄ 500 ᠮᠢᠯᠢᠯᠢᠲᠷ ᠼᠤᠤ᠂ 1000 ᠭᠷᠠᠮ ᠬᠠᠭᠤᠷᠤᠠᠠᠰᠠᠨ ᠰᠢᠰᠢ  ᠶᠢᠨ ᠲᠠᠯᠬ᠎ᠠ  ᠶᠢ ᠭᠦᠢᠴᠡᠳ ᠬᠤᠯᠢᠠᠠᠰᠠᠨ  ᠤ ᠲᠠᠷᠠᠭ᠎ᠠ ᠤᠰᠤ ᠪᠠᠷ ᠵᠢᠭᠤᠷᠠᠭᠠᠳ ᠦᠭᠡᠷ ᠲᠤ ᠦᠭᠴᠤ ᠤᠤᠭᠤᠯᠭᠠᠨ᠎ᠠ᠂ ᠡᠳᠤᠷ ᠲᠤ 1 ᠤᠳᠠᠭ᠎ᠠ᠂ ᠵᠠᠯᠭᠠᠭ᠎ᠠ ᠪᠠᠷ 2 ~ 3 ᠡᠳᠤᠷ ᠤᠤᠭᠤᠯᠭᠠᠨ᠎ᠠ᠃
     4. ᠭᠠᠭ᠋ᠠᠢ  ᠶᠢᠨ ᠰᠢᠩᠭᠡᠭᠡᠯᠳᠡ ᠮᠠᠭᠤᠳ᠋ᠬᠠᠰᠠᠨ  ᠢ ᠵᠠᠰᠠᠬᠤ᠄ 50 ᠮᠢᠯᠢᠯᠢᠲᠷ ᠼᠤᠤ᠂ 20 ᠭᠷᠡᠮ ᠬᠠᠳᠠᠨ ᠬᠠᠶᠢᠯᠤᠮᠠᠯ  ᠤᠨ ᠲᠠᠯᠬ᠎ᠠ  ᠶᠢ ᠬᠤᠯᠢᠵᠤ ᠭᠠᠭ᠋ᠠᠢ ᠪᠠᠨ ᠲᠡᠵᠢᠭᠡᠨ᠎ᠡ᠃
     5. ᠭᠠᠭ᠋ᠠᠢ  ᠶᠢᠨ ᠴᠢᠴᠠᠭ᠎ᠠ ᠠᠯᠳᠠᠬᠤ  ᠶᠢ ᠵᠠᠰᠬᠬᠤ᠄ 50 ᠮᠢᠯᠢᠯᠢᠲᠷ ᠼᠤᠤ᠂ ᠨᠢᠭᠡ ᠦᠨᠳᠡᠭᠡᠨ ᠴᠠᠭᠠᠨ᠂15 ᠭᠷᠡᠮ ᠨᠢᠴᠠᠯᠤᠨ ᠭᠡᠮᠭᠡᠯᠦᠭᠰᠡᠨ ᠬᠠᠭᠤᠷᠠᠢ ᠦᠷᠭᠡᠰᠦᠳᠤ ᠭᠡᠮᠭᠡ  ᠶᠢᠨ ᠨᠠᠪᠴᠢ  ᠶᠢ ᠵᠢᠭᠳᠡ ᠬᠤᠯᠢᠵᠤ᠂ ᠡᠳᠤᠷ ᠲᠤ 1 ᠤᠳᠠᠭ᠎ᠠ᠂ ᠵᠠᠯᠭᠠᠭ᠎ᠠ ᠪᠠᠷ 3 ᠡᠳᠤᠷ ᠲᠡᠵᠢᠭᠡᠨ᠎ᠠ᠃
     6. ᠭᠠᠭ᠋ᠠᠢ᠂ ᠦᠭᠡᠷ  ᠤᠨ ᠨᠠᠮᠤᠰᠤ  ᠶᠢ ᠵᠠᠰᠠᠬᠤ᠄ ᠼᠤᠤ  ᠶᠢ ᠲᠦᠭᠦᠭᠡᠢ ᠴᠤᠬᠤᠢ ᠲᠠᠢ ᠲᠡᠩᠴᠡᠭᠦᠤ ᠬᠤᠯᠢᠵᠤ ᠬᠠᠳᠠᠭᠠᠭᠠᠳ ᠰᠢᠷᠬᠠᠨ ᠲᠡᠭᠡᠷ᠎ᠡ ᠨᠢ ᠲᠦᠷᠭᠢᠨ᠎ᠠ᠂ ᠡᠳᠤᠷ ᠲᠤ 1 ᠤᠳᠠᠭ᠎ᠠ᠂ ᠵᠠᠯᠭᠠᠭ᠎ᠠ ᠪᠠᠷ  ᠭᠡᠳᠤ ᠤᠳᠠᠭ᠎ᠠ ᠲᠦᠷᠭᠢᠪᠡᠯ ᠡᠳᠡᠭᠡᠷᠡᠴᠢᠭᠡᠨ᠎ᠡ᠃
    7. ᠦᠭᠡᠷ  ᠤᠨ ᠭᠦᠵᠡᠭᠡ ᠮᠠᠭᠤᠳᠠᠬᠤ  ᠶᠢ ᠵᠠᠰᠠᠬᠤ᠄ 0.5 ᠯᠢᠲᠷ ᠼᠤᠤ᠂ 50 ᠭᠷᠡᠮ ᠵᠢᠶᠠᠨ ᠴᠢᠤᠢ ︵建曲︶  ᠶᠢ ᠵᠢᠭᠳᠡ ᠬᠤᠯᠢᠭᠠᠳ1 ᠤᠳᠠᠭ᠎ᠠ ᠳᠤ ᠴᠢᠳᠬᠤᠨ ᠤᠤᠭᠤᠯᠭᠠᠨ᠎ᠠ᠃
    8. ᠦᠭᠡᠷ  ᠤᠨ ᠭᠦᠵᠡᠭᠡ ᠭᠦᠭᠡᠭᠡᠭᠦ  ᠶᠢ ᠵᠠᠰᠠᠬᠤ᠄ 250 ᠮᠢᠯᠢᠯᠢᠲᠷ ᠼᠤᠤ᠂ 150 ᠭᠷᠡᠮ ᠰᠤᠳᠠ ᠪᠡᠯᠡᠳᠭᠡᠨ᠎ᠡ᠃ ᠦᠭᠡᠷ ᠲᠤ ᠤᠷᠢᠳ  ᠢᠶᠠᠷ ᠰᠤᠳᠠ ᠦᠭᠴᠤ ᠤᠤᠭᠤᠯᠭᠠᠵᠤ᠂ 5 ᠮᠢᠨᠦ᠋ᠲ  ᠤᠨ ᠲᠠᠷᠠᠭ᠎ᠠ ᠲᠠᠭᠢᠨ ᠼᠤᠤ ᠪᠠᠨ ᠦᠭᠴᠤ ᠤᠤᠭᠤᠯᠭᠠᠨ᠎ᠠ᠃
    9 . ᠦᠭᠡᠷ  ᠤᠨ ᠰᠢᠰᠢ  ᠶᠢᠨ ᠴᠢᠭᠢ ᠳᠤ ᠬᠤᠤᠷᠳ᠋ᠬᠠᠳᠠᠬᠤ  ᠶᠢ ᠰᠡᠷᠭᠡᠶᠢᠯᠡᠭᠦ᠄ 0.5 ᠯᠢᠲᠷ ᠼᠤᠤ ᠦᠭᠴᠤ ᠤᠤᠭᠤᠯᠭᠠᠭᠠᠳ ᠲᠠᠭᠢᠨ ᠮᠸᠢ ᠯᠠᠨ  ᠤ ᠠᠭᠤᠰᠤᠮᠠᠯ ︵美蓝液)  ᠤᠨ ᠲᠠᠷᠢᠯᠭ᠎ᠠ ᠲᠠᠷᠢᠨ᠎ᠠ᠃
    10. ᠮᠤᠷᠢᠨ  ᠤ ᠬᠤᠳᠤᠭᠤᠳᠤ ᠭᠦᠭᠡᠭᠡᠭᠦ  ᠶᠢ ᠵᠠᠰᠠᠬᠤ᠄ 250 ᠮᠢᠯᠢᠯᠢᠲᠷ ᠼᠤᠤ ᠳᠤ 60 ᠭᠷᠡᠮ ᠲᠦᠭᠦᠭᠡᠢ ᠭᠠ  ᠶᠢ ᠨᠢᠴᠠᠯᠵᠤ ᠬᠤᠯᠢᠭᠠᠳ ᠲᠠᠭᠢᠨ 30 ᠭᠷᠡᠮ ᠲᠠᠪᠤᠰᠤ ᠨᠡᠮᠡᠨ ᠤᠰᠤ ᠪᠠᠨ ᠰᠢᠩᠭᠡᠯᠡᠨ ᠵᠢᠭᠤᠷᠠᠭᠠᠳ ᠬᠤᠳᠤᠭᠤᠳᠤ ᠪᠠᠶᠢᠴᠠᠭᠠᠬᠤ ᠭᠤᠤᠷᠰᠤ ᠪᠠᠷ ᠴᠢᠳᠬᠤᠨ ᠤᠤᠭᠤᠯᠭᠠᠨ᠎ᠠ᠃
    11. ᠮᠤᠷᠢᠨ  ᠤ ᠤᠵᠢᠭ ᠴᠢᠨᠠᠷᠳᠡᠢ ᠰᠠᠯᠪᠤᠷᠢ ᠮᠦᠭᠡᠷᠰᠤᠨ ᠬᠤᠭᠤᠯᠠᠢ  ᠶᠢᠨ ᠦᠷᠪᠢᠰᠦᠯ  ᠢ ᠵᠠᠰᠠᠬᠤ᠄ 500 ᠮᠢᠯᠢᠯᠢᠲᠷ ᠼᠤᠤ᠂ 30 ᠭᠷᠡᠮ ᠰᠢᠭᠢᠷ ᠡᠪᠡᠰᠤᠨ  ᠤ ᠲᠠᠯᠬ᠎ᠠ᠂ 31.5 ᠭᠷᠡᠮ ᠭᠠᠪᠤᠷ  ᠤᠨ ᠲᠠᠯᠬ᠎ᠠ  ᠶᠢ 500 ᠮᠢᠯᠢᠯᠢᠲᠷ ᠤᠰᠤ ᠪᠠᠷ ᠵᠢᠭᠤᠷᠠᠭᠠᠳ ᠬᠤᠳᠤᠭᠤᠳᠤ ᠪᠠᠶᠢᠴᠠᠭᠠᠬᠤ ᠭᠤᠤᠷᠰᠤ ᠪᠠᠷ ᠡᠳᠤᠷ ᠲᠤ 1 ᠤᠳᠠᠭ᠎ᠠ᠂ ᠵᠠᠯᠭᠠᠭ᠎ᠠ ᠪᠠᠷ 4 ~ 5 ᠤᠳᠠᠭ᠎ᠠ ᠴᠢᠳᠬᠤᠨ ᠤᠤᠭᠤᠯᠭᠠᠨ᠎ᠠ᠃
    12. ᠬᠤᠨᠢᠨ  ᠤ ᠭᠡᠪᠡᠯᠢ ᠭᠦᠭᠡᠭᠡᠭᠦ  ᠶᠢ ᠵᠠᠰᠠᠬᠤ᠄100 ᠭᠷᠡᠮ ᠰᠠᠷᠢᠮᠰᠠᠭ  ᠢ ᠬᠠᠯᠢᠰᠤᠯᠠᠨ ᠨᠢᠴᠠᠯᠤᠭᠠᠳ 300 ~ 400 ᠮᠢᠯᠢᠯᠢᠲᠷ ᠼᠤᠤ ᠨᠡᠮᠡᠵᠤ ᠤᠤᠭᠤᠯᠭᠠᠨ᠎ᠠ᠃
   13. ᠲᠠᠭᠢᠶ᠎ᠠ  ᠶᠢᠨ ᠲᠠᠪᠤᠰᠤᠨ ᠳᠤ ᠬᠤᠤᠷᠳ᠋ᠬᠠᠳᠠᠠᠰᠠᠨ  ᠢ ᠵᠠᠰᠬᠤ᠄ 1 ~ 3 ᠮᠢᠯᠢᠯᠢᠲᠷ ᠼᠤᠤ ᠳᠤ ᠵᠤᠭᠢᠬᠤ ᠭᠡᠮᠵᠢᠶᠠᠨ  ᠤ ᠤᠰᠤ ᠨᠡᠮᠡᠭᠡᠳ1 ᠤᠳᠠᠭ᠎ᠠ ᠳᠤ ᠦᠭᠴᠤ ᠤᠤᠭᠤᠯᠭᠠᠨ᠎ᠠ᠃
    14. ᠴᠤᠷᠪᠠᠭ᠎ᠠ  ᠶᠢᠨ ᠴᠠᠭᠠᠨ ᠴᠢᠴᠠᠭ᠎ᠠ  ᠶᠢ ᠰᠡᠷᠭᠡᠶᠢᠯᠡᠭᠦ᠄ ᠨᠠᠷᠢᠮᠤ  ᠶᠢ ᠼᠤᠤ ᠳᠤ ᠲᠡᠪᠳᠦᠭᠡᠭᠡᠳ ᠴᠤᠷᠪᠠᠭ᠎ᠠ ᠳᠤ ᠡᠳᠤᠷ ᠪᠦᠷᠢ 1 ᠤᠳᠠᠭ᠎ᠠ᠂ ᠵᠠᠯᠭᠠᠭ᠎ᠠ ᠪᠠᠷ 1 ᠭᠠᠷᠠᠭ ᠦᠭᠴᠤ ᠢᠳᠡᠭᠦᠯᠦᠨ᠎ᠠ᠃
    15. ᠭᠡᠷ  ᠤᠨ ᠲᠠᠤᠯᠠᠢ  ᠶᠢᠨ ᠬᠤᠳᠤᠭᠤᠳᠤ ᠭᠡᠳᠡᠰᠤ ᠭᠦᠭᠡᠭᠡᠭᠦ  ᠶᠢ ᠵᠠᠰᠠᠬᠤ᠄ 6 ᠭᠷᠡᠮ ᠰᠠᠷᠢᠮᠰᠠᠭ  ᠢ ᠬᠠᠯᠢᠰᠤᠯᠠᠨ ᠨᠢᠴᠠᠯᠤᠭᠠᠳ 15 ~ 30 ᠮᠢᠯᠢᠯᠢᠲᠷ ᠼᠤᠤ ᠲᠠᠢ ᠬᠤᠯᠢᠠᠠᠰᠠᠨ  ᠤ ᠲᠠᠷᠠᠭ᠎ᠠ 1 ᠤᠳᠠᠭ᠎ᠠ ᠳᠤ ᠴᠢᠳᠬᠤᠨ ᠤᠤᠭᠤᠯᠭᠠᠨ᠎ᠠ᠃
    16. ᠲᠠᠤᠯᠠᠢ  ᠶᠢᠨ ᠬᠠᠯᠳᠠᠪᠤᠷᠢᠳᠤ ᠠᠮᠠᠨ ᠦᠷᠪᠢᠰᠦᠯ  ᠢ ᠵᠠᠰᠠᠬᠤ᠄ 9 ᠬᠤᠪᠢ ᠼᠤᠤ᠂1 ᠬᠤᠪᠢ ᠲᠠᠪᠤᠰᠤ  ᠶᠢ ᠬᠤᠯᠢᠬᠠᠰᠠᠨ  ᠤ ᠰᠡᠭᠦᠯᠡᠷ ᠦᠷᠪᠢᠰᠦᠭᠰᠡᠨ ᠭᠡᠰᠡᠭ ᠲᠤᠨᠢ ᠡᠳᠤᠷ ᠪᠦᠷᠢ  ᠶᠢᠨ ᠡᠷᠳᠡ ᠤᠷᠤᠢ 1 ᠤᠳᠠᠭ᠎ᠠ ᠲᠦᠷᠭᠢᠵᠤ ᠦᠭᠭᠦᠨ᠎ᠠ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ