ᠲᠠᠭᠢᠶᠠᠨ ᠦᠨᠳᠡᠭᠡ ᠪᠠᠷ ᠮᠠᠯ ᠲᠡᠵᠢᠭᠡᠪᠤᠷᠢ  ᠶᠢᠨ ᠭᠡᠮ ᠭᠢᠵᠢᠭ  ᠢ ᠡᠮᠨᠡᠨ ᠵᠠᠰᠠᠬᠤ ᠠᠷᠭ᠎ᠠ
ᠨᠡᠶᠢᠲᠡᠯᠡᠭᠰᠡᠨ ᠴᠠᠭ᠄
2015/12/3

     ᠮᠠᠯ ᠲᠡᠵᠢᠭᠡᠪᠤᠷᠢ  ᠶᠢᠨ ᠭᠡᠮ ᠭᠢᠵᠢᠭ  ᠢ ᠲᠠᠭᠢᠶᠠᠨ ᠦᠨᠳᠡᠭᠡ ᠪᠠᠷ ᠡᠮᠨᠡᠨ ᠵᠠᠰᠠᠬᠤ ᠳᠤ ᠲᠤᠤᠷᠠᠭᠢ ᠠᠷᠭ᠎ᠠ   ᠨᠤᠭᠤᠳ  ᠢ ᠭᠡᠷᠡᠭᠯᠡᠵᠤ ᠪᠤᠯᠤᠨ᠎ᠠ᠃
    1. ᠲᠤᠷᠤᠢ ᠳᠤ ᠴᠠᠭᠠᠨ ᠴᠢᠴᠠᠭ᠎ᠠ ᠲᠤᠰᠪᠠᠯ ᠪᠤᠯᠴᠢᠩ ᠮᠢᠬᠠᠨ ᠳᠤᠨᠢ ᠡᠳᠤᠷ ᠪᠦᠷᠢ ᠨᠢᠭᠡ ᠤᠳᠠᠭ᠎ᠠ 5 ~  20 ᠮᠢᠯᠢᠯᠢᠲᠷ ᠦᠨᠳᠡᠭᠡᠨ ᠴᠠᠭᠠᠨ  ᠤ ᠲᠠᠷᠢᠯᠭ᠎ᠠ ᠲᠠᠷᠢᠨ᠎ᠠ᠂ ᠦᠷᠭᠦᠯᠵᠢᠯᠡᠨ 1 ~3 ᠬᠤᠨᠤᠭ  ᠤᠨ ᠲᠠᠷᠢᠯᠭ᠎ᠠ ᠲᠠᠷᠢᠨ᠎ᠠ᠃
     2. ᠭᠠᠭ᠋ᠠᠢ ᠬᠠᠯᠠᠭᠤᠷᠠᠪᠠᠯ 2 ~ 4 ᠦᠨᠳᠡᠭᠡᠨ ᠴᠠᠭᠠᠨ  ᠢ 10%  ᠶᠢᠨ 15 ~ 50 ᠮᠢᠯᠢᠯᠢᠲᠷ ᠰᠦᠯᠹᠠᠳᠢᠶᠠᠽᠢᠨ  ᠤ ᠨᠠᠲᠷᠢ ᠲᠠᠢ ᠬᠤᠯᠢᠵᠤ ᠡᠳᠤᠷ ᠲᠤ 2 ᠤᠳᠠᠭ᠎ᠠ ᠪᠤᠯᠴᠢᠩ ᠮᠢᠬᠠᠨ ᠳᠤᠨᠢ ᠲᠠᠷᠢᠵᠤ᠂ ᠵᠠᠯᠭᠠᠭ᠎ᠠ ᠪᠠᠷ 2 ~3 ᠤᠳᠠᠭ᠎ᠠ ᠲᠠᠷᠢᠪᠠᠯ ᠬᠠᠯᠠᠭᠤᠨ ᠨᠢ ᠪᠠᠭᠤᠷᠠᠴᠢᠬᠠᠳᠠᠭ᠃
     3. ᠭᠠᠭ᠋ᠠᠢ ᠭᠦᠰᠢᠵᠤ ᠭᠦᠵᠢᠪᠡᠯ 4 ~ 6 ᠮᠢᠯᠢᠯᠢᠲᠷ ᠦᠨᠳᠡᠭᠡᠨ ᠴᠠᠭᠠᠨ  ᠢ ᠭᠠᠭ᠋ᠠᠢ  ᠶᠢᠨ ᠭᠦᠵᠦᠭᠦᠨ  ᠤ ᠬᠤᠶᠠᠷ ᠲᠠᠯ᠎ᠠ ᠳᠤ ᠡᠳᠤᠷ ᠪᠦᠷᠢ 2 ᠤᠳᠠᠭ᠎ᠠ᠂ ᠵᠠᠯᠭᠠᠭᠠᠳ 3 ᠭᠠᠷᠠᠭ ᠲᠠᠷᠢᠪᠠᠯ ᠲᠤᠰᠠ ᠭᠠᠷᠳᠠᠭ᠃
     4. ᠮᠡᠭᠡᠵᠢ ᠲᠤᠷᠤᠶᠢᠯᠬᠠᠰᠠᠨ  ᠤ ᠬᠤᠶᠢᠨ᠎ᠠ ᠲᠠᠮᠠᠪᠠᠷᠠᠪᠠᠯ ᠦᠨᠳᠡᠭᠡᠨ ᠬᠠᠯᠢᠰᠤ  ᠶᠢ ᠭᠡᠮᠭᠡᠯᠦᠭᠡᠳ ᠭᠠᠭ᠋ᠠᠢ  ᠶᠢᠨ ᠢᠳᠡᠰᠢ ᠳᠤᠨᠢ ᠬᠤᠯᠢᠵᠤ ᠡᠳᠡᠭᠡᠷᠡᠳᠡᠯ᠎ᠡ ᠢᠳᠡᠭᠦᠯᠦᠨ᠎ᠠ᠃ ᠡᠨᠡ ᠭᠦ ᠠᠷᠭ᠎ᠠ ᠪᠠᠷ ᠲᠤᠷᠤᠢ  ᠶᠢᠨ ᠶᠠᠰᠤ ᠵᠦᠭᠡᠯᠡᠷᠡᠭᠦ ᠭᠡᠮ  ᠢ ᠵᠠᠰᠠᠵᠤ ᠪᠤᠯᠳᠠᠭ᠃
     5. ᠦᠭᠡᠷ ᠴᠢᠴᠠᠭ᠎ᠠ ᠠᠯᠳᠠᠪᠠᠯ 15 ᠦᠨᠳᠡᠭᠡ  ᠶᠢ100 ᠭᠷᠡᠮ ᠲᠤᠭᠤᠭ᠎ᠠ  ᠶᠢᠨ ᠭᠦ᠋᠂ 120 ᠭᠷᠡᠮ ᠢᠷᠭᠤᠢ ᠲᠠᠢ ᠬᠤᠯᠢᠵᠤ ᠭᠡᠮᠭᠡᠯᠦᠭᠡᠳ ᠭᠤᠷᠪᠡ ᠬᠤᠪᠢᠶᠠᠨ ᠦᠭᠡᠷ ᠲᠡᠭᠡᠨ ᠴᠢᠳᠬᠤᠨ ᠦᠭᠪᠡᠯ ᠰᠠᠶᠢᠨ ᠪᠤᠯᠴᠢᠬᠠᠳᠠᠭ᠃
     6. ᠦᠭᠡᠷ ᠲᠤ ᠬᠠᠯᠳᠠᠪᠤᠷᠢᠳᠤ ᠭᠢᠮᠤᠷᠠᠭ᠎ᠠ ᠲᠤᠰᠪᠠᠯ 250 ᠭᠷᠡᠮ ᠮᠠᠭᠠᠵᠢ᠂100 ᠭᠷᠡᠮ ᠢᠯᠠᠮ᠎ᠠ  ᠶᠢᠨ ᠮᠤᠳᠤᠨ ᠨᠠᠪᠴᠢ᠂ ᠨᠢᠭᠡ ᠠᠳᠬᠤ ᠬᠤᠯᠤᠰᠤᠨ ᠨᠠᠪᠴᠢ  ᠶᠢ ᠴᠢᠨᠠᠵᠤ ᠲᠤᠨᠭᠡᠭᠠᠭᠠᠳ ᠭᠦᠷᠦᠭᠡᠭᠰᠡᠨ  ᠤ ᠬᠤᠶᠢᠨ᠎ᠠ ᠲᠡᠭᠡᠷ᠎ᠡ ᠨᠢ 10 ~ 12 ᠦᠨᠳᠡᠭᠡᠨ ᠴᠠᠭᠠᠨ  ᠢ ᠬᠤᠯᠢᠵᠤ ᠵᠢᠭᠳᠡ ᠬᠤᠳᠬᠤᠭᠠᠳ ᠴᠢᠳᠬᠤᠵᠤ ᠦᠭᠭᠦᠨ᠎ᠠ᠃ ᠡᠳᠤᠷ ᠲᠤ 1 ᠤᠳᠠᠭ᠎ᠠ᠂ ᠨᠠᠶᠢᠳᠡ 2 ~ 3 ᠬᠤᠨᠤᠭ ᠴᠢᠳᠬᠤᠵᠤ ᠤᠤᠭᠤᠯᠭᠠᠨ᠎ᠠ᠃
     7. ᠮᠠᠯ ᠲᠡᠵᠢᠭᠡᠪᠤᠷᠢ ᠳᠤ ᠬᠠᠨᠢᠶᠠᠳᠤ ᠲᠤᠰᠪᠠᠯ 3 ~ 10 ᠦᠨᠳᠡᠭᠡᠨ ᠴᠠᠭᠠᠨ  ᠢ 100 ~ 250 ᠮᠢᠯᠢᠯᠢᠲᠷ ᠮᠠᠭᠠᠵᠢ  ᠶᠢᠨ ᠲᠤᠰᠤ᠂ 50 ~150 ᠮᠢᠯᠢᠯᠢᠲᠷ ᠪᠠᠯ ᠲᠠᠢ ᠬᠤᠯᠢᠵᠤ ᠡᠳᠤᠷ ᠪᠦᠷᠢ 1 ᠤᠳᠠᠭ᠎ᠠ᠂ ᠦᠷᠭᠦᠯᠵᠢᠯᠡᠨ 3 ᠤᠳᠠᠭ᠎ᠠ ᠦᠭᠭᠦᠨ᠎ᠠ᠃
     8. ᠵᠤᠭᠢᠰᠤᠠᠠᠰᠠᠨ ᠦᠭᠡᠷ ᠲᠤ 250 ᠮᠢᠯᠢᠯᠢᠲᠷ ᠤᠯᠤᠰᠤᠨ ᠲᠤᠰᠤ  ᠶᠢ 5~ 6 ᠦᠨᠳᠡᠭᠡ ᠲᠠᠢ ᠬᠤᠯᠢᠵᠤ ᠴᠢᠨᠠᠭᠠᠳ ᠴᠢᠳᠬᠤᠵᠤ ᠦᠭᠭᠦᠨ᠎ᠠ᠃
     9. ᠦᠨᠢᠶ᠎ᠠ ᠤᠮᠠᠢ  ᠶᠢᠨ ᠦᠷᠪᠢᠰᠦᠯ ᠲᠠᠢ ᠪᠤᠯᠪᠠᠯ 5 ᠦᠨᠳᠡᠭᠡᠨ ᠴᠠᠭᠠᠨ ᠳᠤ 3 ᠭᠷᠡᠮ ᠪᠠᠶᠢᠪᠠᠨᠭ᠌ ᠬᠤᠯᠢᠭᠠᠳ ᠡᠳᠤᠷ ᠲᠤ 2 ~ 3 ᠤᠳᠠᠭ᠎ᠠ ᠵᠢᠩ ᠪᠠᠷᠢᠵᠤ ᠦᠭᠪᠡᠯ ᠰᠠᠶᠢᠨ ᠪᠤᠯᠴᠢᠬᠠᠳᠠᠭ᠃
     10. ᠡᠪᠡᠷᠯᠢᠭ ᠪᠦᠷᠭᠦᠪᠴᠢ  ᠶᠢᠨ ᠦᠷᠪᠢᠰᠦᠯ ᠲᠠᠢ ᠦᠭᠡᠷ ᠪᠡ ᠮᠤᠷᠢᠨ  ᠤ ᠨᠢᠳᠤ  ᠶᠢ ᠡᠮᠨᠡᠯᠭᠡ ᠳᠤ ᠭᠡᠷᠡᠭᠯᠡᠳᠡᠭ ᠲᠠᠪᠤᠰᠤᠨ ᠠᠭᠤᠰᠤᠮᠠᠯ  ᠢᠶᠠᠷ ᠤᠭᠢᠶ᠋ᠬᠠᠰᠠᠨ  ᠤ ᠲᠠᠷᠠᠭ᠎ᠠ ᠲᠠᠷᠢᠯᠭ᠎ᠠ  ᠶᠢᠨ ᠵᠡᠭᠦᠤ ᠪᠠᠷ ᠦᠨᠳᠡᠭᠡᠨ ᠴᠠᠭᠠᠨ  ᠢ 4 ~ 5 ᠮᠢᠯᠢᠯᠢᠲᠷ ᠰᠤᠷᠤᠵᠤ ᠠᠪᠤᠭᠠᠳ ᠠᠨᠢᠰᠬ᠎ᠠ  ᠶᠢ ᠨᠢ ᠲᠠᠭᠠᠭᠤᠯᠤᠨ ᠬᠠᠳᠬᠤᠵᠤ ᠤᠷᠤᠭᠤᠯᠪᠠᠯ ᠪᠤᠯᠴᠢᠬᠠᠨ᠎ᠠ᠃
     11. ᠮᠤᠷᠢᠨ  ᠤ ᠬᠠᠯᠬᠠᠰᠠᠨ ᠰᠢᠷᠬ᠎ᠠ  ᠶᠢ ᠵᠠᠰᠠᠬᠤ ᠳᠤ ᠦᠨᠳᠡᠭᠡᠨ ᠴᠠᠭᠠᠨ ᠲᠡᠭᠡᠷ᠎ᠡ ᠪᠠᠭ᠎ᠠ ᠭᠡᠮᠵᠢᠶᠠᠨ  ᠤ ᠭᠠᠪᠤᠷ ᠬᠤᠯᠢᠭᠠᠳ ᠰᠢᠷᠬᠠᠨ ᠲᠡᠭᠡᠷ᠎ᠡ ᠨᠢ ᠡᠳᠤᠷ ᠲᠤ ᠨᠢᠭᠡ ᠤᠳᠠᠭ᠎ᠠ ᠲᠦᠷᠭᠢᠵᠤ ᠦᠭᠪᠡᠯ ᠰᠠᠶᠢᠨ ᠪᠤᠯᠴᠢᠬᠠᠨ᠎ᠠ᠃
     12. ᠦᠭᠡᠷ ᠲᠤ ᠮᠠᠭᠤ ᠰᠠᠷᠭᠢᠨᠠᠭ  ᠤᠨ ᠬᠠᠭᠰᠠᠭ᠎ᠠ ᠲᠤᠰᠪᠠᠯ 12 ᠦᠨᠳᠡᠭᠡᠨ ᠴᠠᠭᠠᠨ ᠲᠡᠭᠡᠷ᠎ᠡ 1000 ᠮᠢᠯᠢᠯᠢᠲᠷ ᠪᠠᠯ  ᠢ ᠬᠤᠯᠢᠭᠠᠳ 1 ~ 2 ᠤᠳᠠᠭ᠎ᠠ ᠴᠢᠳᠬᠤᠨ ᠦᠭᠪᠡᠯ ᠰᠠᠶᠢᠨ ᠪᠤᠯᠴᠢᠬᠠᠳᠠᠭ᠃
     1 3. ᠮᠠᠯ ᠲᠡᠵᠢᠭᠡᠪᠤᠷᠢ  ᠶᠢᠨ ᠬᠠᠮᠠᠷ ᠠᠴᠠ ᠴᠢᠰᠤ ᠭᠠᠷᠪᠠᠯ 2 ~ 3 ᠦᠨᠳᠡᠭᠡᠨ ᠴᠠᠭᠠᠨ  ᠢ ᠲᠠᠷᠢᠯᠭ᠎ᠠ  ᠶᠢᠨ ᠵᠡᠭᠦᠤ ᠪᠠᠷ ᠰᠤᠷᠤᠵᠤ ᠠᠪᠤᠭᠠᠳ ᠴᠢᠰᠤ ᠭᠠᠷᠤᠠᠠᠰᠠᠨ ᠬᠠᠮᠠᠷ  ᠤᠨ ᠨᠦᠭᠡᠨ ᠳᠤᠨᠢ ᠰᠦᠷᠴᠢᠵᠤ ᠦᠭᠪᠡᠯ ᠴᠢᠰᠤ ᠭᠠᠷᠬᠤ ᠪᠠᠨ ᠪᠤᠯᠢᠨ᠎ᠠ᠃
      14. ᠰᠠᠶ᠋ᠢᠬᠠᠨ ᠤᠨᠠᠭᠠᠯᠬᠠᠰᠠᠨ ᠤᠨᠠᠭ᠎ᠠ  ᠶᠢᠨ ᠪᠠᠭᠠᠰᠤ ᠨᠢ ᠬᠠᠳᠠᠵᠤ ᠪᠠᠶᠢᠪᠠᠯ 3 ~ 4 ᠦᠨᠳᠡᠭᠡ ᠶᠢ 50 ᠭᠷᠡᠮ ᠴᠠᠭᠠᠨ ᠰᠢᠭᠢᠷ᠂ 15 ~ 20 ᠭᠷᠡᠮ ᠭᠢᠰᠢᠭᠦᠨ᠎ᠠ  ᠶᠢᠨ ᠭᠡᠮᠭᠡᠳᠡᠭ ᠲᠠᠢ ᠬᠤᠯᠢᠵᠤ ᠲᠡᠭᠡᠷ᠎ᠡ ᠨᠢ ᠪᠤᠴᠠᠯᠤᠠᠠᠰᠠᠨ ᠤᠰᠤ ᠨᠡᠮᠡᠭᠡᠳ ᠴᠢᠳᠬᠤᠨ ᠦᠭᠴᠤ ᠪᠤᠯᠤᠨ᠎ᠠ᠃
      15. ᠮᠠᠯ ᠲᠡᠵᠢᠭᠡᠪᠤᠷᠢ  ᠶᠢᠨ ᠭᠦᠯᠳᠡᠭᠰᠡᠨ ᠰᠢᠷᠬ᠎ᠠ ᠢᠳᠡᠭᠡᠯᠡᠵᠤ ᠢᠯᠪᠤᠷᠠᠪᠠᠯ 2 ~ 3 ᠦᠨᠳᠡᠭᠡᠨ ᠰᠢᠷ᠎ᠠ  ᠶᠢ ᠬᠠᠮ ᠰᠢᠨ ᠨᠦᠸᠧ ᠮᠢᠩ ᠬᠠᠪᠳᠠᠭᠠᠢ ᠲᠠᠢ ᠬᠤᠯᠢᠵᠤ ᠭᠡᠮᠭᠡᠯᠦᠭᠡᠳ ᠰᠠᠷ᠎ᠠ ᠰᠢᠬᠠᠮ ᠲᠦᠷᠭᠢᠵᠤ ᠦᠭᠪᠡᠯ ᠡᠳᠡᠭᠡᠷᠡᠴᠢᠭᠡᠨ᠎ᠡ᠃
      16. ᠪᠤᠷᠤ ᠮᠠᠭᠠᠵᠢ ᠳᠤ ᠬᠤᠨᠢ ᠬᠤᠤᠷᠳ᠋ᠬᠠᠳᠠᠪᠠᠯ 3 ᠦᠨᠳᠡᠭᠡᠨ ᠴᠠᠭᠠᠨ  ᠢ 700 ᠮᠢᠯᠢᠯᠢᠲᠷ ᠤᠯᠤᠰᠤᠨ ᠲᠤᠰᠤ ᠲᠠᠢ ᠬᠤᠯᠢᠵᠤ ᠴᠢᠳᠬᠤᠨ ᠦᠭᠴᠤ ᠪᠤᠯᠤᠨ᠎ᠠ᠃
     17. ᠲᠠᠪᠵᠠ ᠭᠠᠭ᠋ᠠᠢ  ᠶᠢ ᠵᠠᠰᠠᠬᠤ ᠳᠤ᠂ 10 ᠮᠢᠯᠢᠯᠢᠲᠷ ᠦᠨᠳᠡᠭᠡᠨ ᠴᠠᠭᠠᠨ  ᠢ ᠡᠳᠤᠷ ᠠᠯᠤᠰᠯᠠᠭᠠᠳ ᠪᠤᠯᠴᠢᠩ ᠮᠢᠬᠠᠨ ᠳᠤᠨᠢ ᠵᠠᠯᠭᠠᠭ᠎ᠠ ᠪᠠᠷ 10 ᠤᠳᠠᠭ᠎ᠠ ᠲᠠᠷᠢᠨ᠎ᠠ᠃    
     18. ᠲᠦᠯᠯᠡᠭᠰᠡᠨ ᠡᠭᠡ ᠮᠠᠯ ᠳᠤ ᠰᠦ ᠪᠠᠭᠤᠯᠭᠠᠬᠤ ᠳᠤ᠂ 4 ᠦᠨᠳᠡᠭᠡ᠂ 500 ᠭᠷᠡᠮ ᠯᠤᠬᠠᠱᠸᠡᠭ  ᠤᠨ ᠦᠷ᠎ᠡ  ᠶᠢ ᠬᠠᠮᠳᠤ ᠳᠤᠨᠢ ᠴᠢᠨᠠᠵᠤ᠂ ᠡᠳᠤᠷ ᠲᠤ 2 ᠤᠳᠠᠭ᠎ᠠ᠂ ᠵᠠᠯᠭᠠᠭ᠎ᠠ ᠪᠠᠷ 2 ᠡᠳᠤᠷ ᠤᠤᠭᠤᠯᠭᠠᠨ᠎ᠠ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ