ᠮᠠᠯ ᠵᠢᠭᠦᠷᠳᠡᠨ ᠳᠤ ᠲᠡᠵᠢᠭᠡᠯ ᠪᠤᠷᠳᠤᠭᠠᠨ  ᠤ ᠨᠡᠮᠡᠯᠳᠡ ᠡᠳ᠋ ᠨᠡᠮᠡᠷᠢᠯᠡᠭᠦ ᠳᠤ ᠨᠡᠭᠬᠠᠷᠤᠭᠤᠰᠢᠳᠳᠠᠢ ᠭᠡᠳᠦᠨ ᠵᠤᠶᠢᠯ
ᠨᠡᠶᠢᠲᠡᠯᠡᠭᠰᠡᠨ ᠴᠠᠭ᠄
2015/12/3

     ᠲᠡᠵᠢᠭᠡᠯ ᠪᠤᠷᠳᠤᠭᠠᠨ  ᠤ ᠨᠡᠮᠡᠯᠳᠡ ᠡᠳ᠋ ᠪᠤᠯ ᠨᠠᠶᠢᠷᠠᠭᠤᠯᠤᠠᠠᠰᠠᠨ ᠲᠠᠵᠢᠭᠡᠯ ᠪᠤᠷᠳᠤᠭᠠᠨ ᠳᠤ ᠨᠡᠮᠡᠷᠢᠯᠡᠵᠤ ᠨᠦᠭᠦᠪᠦᠷᠢᠯᠡᠭᠰᠡᠨ ᠪᠢᠴᠢᠯ ᠪᠦᠷᠢᠯᠳᠦᠭᠦᠨ ᠪᠤᠯᠤᠨ᠎ᠠ᠃ ᠡᠭᠦᠨ ᠳᠤ ᠭᠤᠤᠯᠳᠠᠭᠤ ᠸᠢᠲ᠋ᠠᠮᠢᠨ᠂ ᠨᠠᠶᠢᠯᠡᠮᠡᠯ ᠰᠢᠪᠳᠤᠷᠳᠤ ᠭᠦᠴᠢᠯ᠂ ᠪᠢᠴᠢᠯ ᠡᠯᠧᠮᠧᠨ᠋ᠲ᠂ ᠬᠤᠷᠤᠬᠠᠢ ᠲᠠᠭᠤᠬᠤ ᠵᠡᠷᠭᠡ ᠪᠤᠢ᠃ ᠨᠠᠶᠢᠷᠠᠭᠤᠯᠤᠠᠠᠰᠠᠨ ᠲᠡᠵᠢᠭᠡᠯ ᠪᠤᠷᠳᠤᠭ᠎ᠠ ᠳᠤ ᠪᠠᠭ᠎ᠠ ᠭᠡᠮᠵᠢᠶᠠᠨ  ᠤ ᠲᠡᠵᠢᠭᠡᠯ ᠪᠤᠷᠳᠤᠭ᠎ᠠ  ᠶᠢᠨ ᠨᠡᠮᠡᠯᠳᠡ ᠡᠳ᠋ ᠨᠡᠮᠡᠷᠢᠯᠡᠪᠡᠯ ᠲᠡᠵᠢᠭᠡᠯ ᠪᠤᠷᠳᠤᠭ᠎ᠠ  ᠶᠢᠨ ᠠᠰᠢᠠᠠᠯᠠᠯᠳᠠ  ᠶᠢ ᠶᠡᠭᠡ ᠪᠠᠷ ᠲᠡᠭᠡᠭᠰᠢᠯᠡᠭᠦᠯᠦᠨ᠂ ᠮᠠᠯ ᠤᠨᠤᠭ᠎ᠠ᠂ ᠭᠡᠷ  ᠤᠨ ᠵᠢᠭᠦᠷᠳᠡᠨ  ᠤ ᠦᠰᠦᠯᠳᠡ ᠪᠤᠶᠢᠵᠢᠯᠳᠡ  ᠶᠢ ᠰᠠᠶᠢᠵᠢᠷᠠᠭᠤᠯᠤᠨ᠂ ᠭᠡᠮ ᠭᠢᠵᠢᠭ ᠲᠤ ᠨᠡᠷᠪᠡᠭᠳᠡᠭᠦ  ᠶᠢ ᠪᠠᠭᠠᠰᠬᠠᠳᠠᠭ ᠪᠤᠯᠬᠤᠷ ᠲᠡᠵᠢᠭᠡᠵᠤ ᠦᠷᠡᠵᠢᠭᠦᠯᠭᠦ ᠦᠢᠯᠡᠰ  ᠤᠨ ᠠᠵᠤ ᠠᠬᠤᠢ  ᠶᠢᠨ ᠦᠷ᠎ᠠ ᠠᠰᠢᠭ  ᠢ ᠶᠡᠭᠡ ᠪᠠᠷ ᠲᠡᠭᠡᠭᠰᠢᠯᠡᠭᠦᠯᠳᠡᠭ ᠪᠠᠶᠢᠨ᠎ᠠ᠃ ᠭᠡᠪᠡᠴᠤ ᠠᠰᠢᠠᠠᠯᠠᠵᠤ ᠭᠡᠷᠡᠭᠯᠡᠭᠦ ᠳᠡᠭᠡᠨ ᠲᠤᠤᠷᠠᠭᠢ ᠭᠡᠳᠦᠨ ᠵᠤᠶᠢᠯ  ᠢ ᠠᠩᠬᠠᠷᠬᠤ ᠴᠢᠬᠤᠯᠠ ᠲᠠᠢ ᠶᠤᠮ᠃
     1. ᠮᠠᠯ ᠵᠢᠭᠦᠷᠳᠡᠨ  ᠤ ᠪᠠᠶᠢᠳᠠᠯ ᠪᠠ ᠲᠡᠵᠢᠭᠡᠯ ᠪᠤᠷᠳᠤᠭᠠᠨ  ᠤ ᠴᠢᠨᠠᠷ  ᠢ ᠦᠨᠳᠦᠰᠦᠯᠡᠵᠤ ᠰᠤᠩᠭᠤᠨ ᠭᠡᠷᠡᠭᠯᠡᠭᠦ ᠠᠴᠠ ᠪᠢᠰᠢ᠂ ᠬᠠᠷᠢᠨ ᠲᠤᠷ᠎ᠠ ᠲᠠᠪᠠ ᠪᠠᠷ  ᠢᠶᠠᠨ ᠬᠠᠮᠢᠶ᠎ᠠ ᠨᠠᠮᠢᠶ᠎ᠠ ᠦᠭᠡᠢ ᠭᠡᠷᠡᠭᠯᠡᠭᠦ  ᠶᠢ ᠡᠷᠡᠰ ᠰᠡᠷᠭᠡᠶᠢᠯᠡᠪᠡᠯ ᠵᠤᠭᠢᠨ᠎ᠠ᠃ ᠵᠢᠱᠢᠶᠡᠯᠡᠪᠡᠯ ᠸᠢᠲ᠋ᠠᠮᠢᠨ  ᠢᠶᠠᠷ ᠦᠢᠯᠡᠳᠦᠭᠰᠡᠨ ᠡᠳ᠋  ᠢ ᠭᠤᠤᠯᠳᠠᠭᠤ ᠬᠤᠷᠢᠵᠤ ᠲᠡᠵᠢᠭᠡᠵᠤ ᠪᠠᠶᠢᠭ᠎ᠠ ᠭᠠᠭ᠋ᠠᠢ᠂ ᠲᠠᠭᠢᠶ᠎ᠠ ᠵᠡᠷᠭᠡ ᠠᠮᠢᠳᠠᠨ ᠳᠤ ᠭᠡᠷᠡᠭᠯᠡᠳᠡᠭ᠃ ᠲᠠᠭᠢᠶ᠎ᠠ  ᠶᠢ ᠬᠤᠷᠢᠵᠤ ᠲᠡᠵᠢᠭᠡᠪᠡᠯ ᠪᠤᠷᠳᠤᠭ᠎ᠠ ᠳᠤᠨᠢ ᠸᠢᠲ᠋ᠠᠮᠢᠨ A᠂ ᠸᠢᠲ᠋ᠠᠮᠢᠨ B᠂ ᠸᠢᠲ᠋ᠠᠮᠢᠨ F᠂ ᠸᠢᠲ᠋ᠠᠮᠢᠨ B2 ᠵᠡᠷᠭᠡ ᠡᠯᠧᠮᠧᠨ᠋ᠲ ᠦᠷᠭᠦᠯᠵᠢ ᠲᠤᠳ᠋ᠬᠠᠳᠠᠳᠠᠭ ᠪᠤᠯᠬᠤᠷ ᠵᠠᠪᠠᠯ ᠨᠦᠭᠦᠪᠤᠷᠢᠯᠡᠭᠦ ᠴᠢᠬᠤᠯᠠ ᠲᠠᠢ ᠶᠤᠮ᠃ ᠭᠡᠪᠡᠴᠤ ᠡᠳᠤᠷ  ᠤᠨ ᠲᠡᠵᠢᠭᠡᠯ ᠪᠤᠷᠳᠤᠭ᠎ᠠ ᠳᠤᠨᠢ 10% ᠠᠴᠠ ᠲᠡᠭᠡᠭᠰᠢᠭᠢ ᠵᠢᠭᠠᠰᠤᠨ ᠲᠠᠯᠬ᠎ᠠ ᠨᠠᠮᠡᠷᠢᠯᠡᠪᠡᠯ B ᠲᠦᠷᠦᠯ  ᠤᠨ ᠸᠢᠲ᠋ᠠᠮᠢᠨ  ᠢ ᠨᠦᠭᠦᠪᠤᠷᠢᠯᠡᠭᠦ ᠴᠢᠬᠤᠯᠠ ᠦᠭᠡᠢ ᠪᠢᠯᠡ᠃ ᠦᠭᠡᠷ᠂ ᠬᠤᠨᠢ ᠵᠡᠷᠭᠡ ᠭᠡᠪᠢᠭᠴᠢ ᠠᠮᠢᠳᠠᠨ  ᠤ ᠪᠡᠶ᠎ᠠ ᠳᠤ B ᠲᠦᠷᠦᠯ  ᠤᠨ ᠸᠢᠲ᠋ᠠᠮᠢᠨ K ᠪᠤᠯᠤᠨ ᠸᠢᠲ᠋ᠠᠮᠢᠨ C ᠠᠭᠤᠯᠬᠤ ᠪᠤᠯᠬᠤᠷ ᠸᠢᠲ᠋ᠠᠮᠢᠨ  ᠤ ᠲᠦᠷᠦᠯ  ᠢ ᠡᠩ  ᠤᠨ ᠪᠠᠶᠢᠳᠠᠯ ᠳᠤ ᠨᠦᠭᠦᠪᠤᠷᠢᠯᠡᠭᠦ ᠴᠢᠬᠤᠯᠠ ᠦᠭᠡᠢ ᠶᠤᠮ᠃ ᠦᠰᠦᠯᠳᠡ  ᠶᠢᠨ ᠠᠭᠢᠭᠤᠯᠤᠠᠠᠴᠢ ᠡᠳ᠋  ᠢ ᠵᠦᠪᠭᠡᠨ ᠦᠰᠦᠯᠳᠡ  ᠶᠢᠨ ᠬᠤᠭᠤᠴᠠᠭᠠᠨ ᠳᠤ ᠯᠡ ᠭᠡᠷᠡᠭᠯᠡᠵᠤ᠂ ᠤᠷᠳᠤ ᠬᠤᠭᠤᠴᠠᠭ᠎ᠠ ᠪᠠᠷ ᠭᠡᠷᠡᠭᠯᠡᠭᠦ  ᠶᠢ ᠴᠡᠭᠡᠷᠯᠡᠪᠡᠯ ᠵᠤᠭᠢᠨ᠎ᠠ᠃
      2. ᠲᠡᠵᠢᠭᠡᠯ ᠪᠤᠷᠳᠤᠭᠠᠨ  ᠤ ᠨᠡᠮᠡᠯᠳᠡ ᠡᠳ᠋  ᠤᠨ ᠠᠭᠤᠯᠤᠠᠠᠳᠠᠴᠠ  ᠶᠢ ᠦᠨᠳᠦᠰᠦᠯᠡᠨ᠂ ᠮᠠᠯ ᠵᠢᠭᠦᠷᠳᠡᠨ ᠳᠤ ᠭᠡᠷᠡᠭᠯᠡᠭᠦ ᠭᠡᠮᠵᠢᠶ᠎ᠠ ᠪᠠᠨ ᠴᠢᠩᠭ᠎ᠠ ᠭᠢᠵᠠᠭᠠᠷᠯᠠᠬᠤ  ᠶᠢ ᠠᠩᠬᠠᠷᠪᠠᠯ ᠵᠤᠭᠢᠨ᠎ᠠ᠃ ᠡᠯ᠎ᠠ ᠵᠤᠶᠢᠯ  ᠤᠨ ᠲᠡᠵᠢᠭᠡᠯ ᠪᠤᠷᠳᠤᠭᠠᠨ  ᠤ ᠨᠡᠮᠡᠯᠳᠡ ᠡᠳ᠋  ᠢ ᠭᠡᠷᠡᠭᠯᠡᠭᠦ ᠭᠡᠮᠵᠢᠶ᠎ᠠ ᠪᠠ ᠠᠷᠭ᠎ᠠ ᠪᠠᠷᠢᠯ ᠨᠢ ᠠᠳᠠᠯᠢ ᠦᠭᠡᠢ ᠪᠤᠯᠬᠤᠷ ᠮᠠᠯ ᠵᠢᠭᠦᠷᠳᠡᠨ  ᠤ ᠪᠡᠶ᠎ᠠ  ᠶᠢᠨ ᠭᠦᠨᠳᠤ ᠪᠠᠷ ᠨᠢ ᠭᠡᠷᠡᠭᠯᠡᠭᠦ ᠭᠡᠮᠵᠢᠶ᠎ᠠ ᠪᠠᠨ ᠲᠤᠠᠠᠳᠠᠭᠠᠬᠤ᠂ ᠹᠢᠽᠢᠤᠯᠤᠭᠢ  ᠶᠢᠨ ᠪᠠᠶᠢᠳᠠᠯ  ᠢᠶᠠᠷ ᠨᠢ ᠲᠤᠠᠠᠳᠠᠭᠠᠬᠤ ᠪᠤᠶᠤ ᠲᠡᠵᠢᠭᠡᠯ ᠪᠤᠷᠳᠤᠭᠠᠨ  ᠤ ᠬᠠᠭᠤᠷᠠᠢ ᠪᠤᠳᠠᠰ  ᠤᠨ ᠵᠠᠭᠤᠨ  ᠤ ᠬᠠᠷᠢᠴᠠᠯ  ᠢᠶᠠᠷ ᠨᠢ ᠲᠤᠠᠠᠳᠠᠭᠠᠳᠠᠭ ᠪᠠᠶᠢᠨ᠎ᠠ᠃ ᠲᠡᠵᠢᠭᠡᠯ ᠪᠤᠷᠳᠤᠭᠠᠨ  ᠤ ᠨᠡᠮᠡᠯᠳᠡ ᠡᠳ᠋ ᠲᠤ ᠲᠠᠯᠬ᠎ᠠ᠂ ᠤᠰᠤᠨ  ᠤ ᠪᠤᠶᠤ ᠦᠷᠢᠯ ᠵᠡᠷᠭᠡ ᠵᠤᠶᠢᠯ  ᠤᠳ ᠪᠠᠶᠢᠳᠠᠭ ᠪᠦᠭᠡᠳ ᠭᠡᠷᠡᠭᠯᠡᠭᠦ ᠭᠡᠮᠵᠢᠶ᠎ᠠ ᠨᠢ ᠴᠤ ᠲᠤᠶᠢᠯ  ᠤᠨ ᠪᠠᠭ᠎ᠠ ᠶᠤᠮ᠃ ᠭᠡᠷᠡᠭᠯᠡᠭᠦ ᠳᠡᠭᠡᠨ ᠤᠷᠢᠳ  ᠢᠶᠠᠷ ᠪᠠᠭ᠎ᠠ ᠭᠡᠮᠵᠢᠶᠠᠨ  ᠤ ᠲᠡᠵᠢᠭᠡᠯ ᠪᠤᠷᠳᠤᠭ᠎ᠠ ᠲᠠᠢ ᠬᠤᠯᠢᠵᠤ ᠰᠠᠶᠢᠳᠤᠷ ᠬᠤᠳᠬᠤᠠᠠᠰᠠᠨ  ᠤ ᠲᠠᠷᠠᠭ᠎ᠠ ᠲᠠᠭᠢᠨ ᠪᠦᠭᠦ ᠪᠤᠷᠳᠤᠭ᠎ᠠ ᠲᠠᠢ ᠪᠠᠨ ᠬᠤᠯᠢᠬᠤ ᠭᠡᠷᠡᠭᠳᠡᠢ᠃ ᠭᠡᠭᠦ ᠳᠤ ᠲᠡᠵᠢᠭᠡᠯ ᠪᠤᠷᠳᠤᠭᠠᠨ  ᠤ ᠨᠡᠮᠡᠯᠳᠡ ᠡᠳ᠋  ᠢ ᠤᠰᠤ ᠨᠡᠮᠡᠷᠢᠯᠡᠨ ᠬᠠᠳᠠᠭᠠᠯᠠᠳᠠᠭ ᠲᠡᠵᠢᠭᠡᠯ ᠪᠤᠷᠳᠤᠭ᠎ᠠ ᠪᠤᠶᠤ ᠢᠰᠭᠡᠭᠦ ᠶᠠᠪᠤᠴᠠ ᠲᠠᠢ ᠲᠡᠵᠢᠭᠡᠯ ᠪᠤᠷᠳᠤᠭ᠎ᠠ ᠳᠤ ᠬᠤᠯᠢᠵᠤ ᠭᠡᠷᠡᠭᠯᠡᠵᠤ ᠪᠤᠯᠬᠤ ᠦᠭᠡᠢ ᠮᠦᠷᠳᠡᠭᠡᠨ ᠴᠢᠨᠠᠵᠤ ᠪᠤᠯᠭᠤᠵᠤ ᠨᠡᠩ ᠴᠤ ᠪᠤᠯᠬᠤ ᠦᠭᠡᠢ ᠶᠤᠮ᠃
      3. ᠲᠡᠵᠢᠭᠡᠯ ᠪᠤᠷᠳᠤᠭᠠᠨ  ᠤ ᠡᠯ᠎ᠡ ᠵᠤᠶᠢᠯ  ᠤᠨ ᠨᠡᠮᠡᠯᠳᠡ ᠡᠳ᠋  ᠤᠨ ᠬᠠᠳᠠᠭᠠᠯᠠᠬᠤ ᠬᠤᠭᠤᠴᠠᠭ᠎ᠠ  ᠶᠢ 6 ᠰᠠᠷ᠎ᠠ ᠠᠴᠠ ᠭᠡᠳᠦᠷᠡᠭᠦᠯᠭᠦ ᠦᠭᠡᠢ ᠪᠠᠶᠢᠪᠠᠯ ᠰᠠᠶᠢᠨ ᠶᠤᠮ᠃ ᠬᠠᠳᠠᠭᠠᠯᠠᠬᠤ ᠦᠶᠡᠰ᠂ ᠬᠠᠭᠤᠷᠠᠢ᠂ ᠰᠡᠷᠢᠭᠦᠨ ᠮᠦᠷᠳᠡᠭᠡᠨ ᠰᠡᠭᠦᠳᠡᠷ ᠭᠠᠵᠠᠷ ᠲᠠᠯᠪᠢᠵᠤ᠂ ᠴᠢᠨᠠᠷ ᠨᠢ ᠮᠠᠭᠤᠳᠠᠵᠤ ᠦᠷ᠎ᠠ ᠠᠰᠢᠭ  ᠢ ᠨᠦᠯᠦᠭᠡᠯᠡᠭᠦ  ᠶᠢ ᠰᠠᠷᠭᠡᠶᠢᠯᠡᠭᠦ ᠭᠡᠷᠡᠭᠳᠡᠢ᠃ ᠢᠯᠠᠩᠭᠤᠶ᠎ᠠ ᠸᠢᠲ᠋ᠠᠮᠢᠨ  ᠢᠶᠠᠷ ᠦᠢᠯᠡᠳᠦᠭᠰᠡᠨ ᠡᠳ᠋  ᠢ ᠬᠤᠳᠠᠯᠳᠤᠨ ᠠᠪᠴᠤ ᠭᠡᠷᠡᠭᠯᠡᠪᠡᠯ ᠬᠠᠮᠤᠭ ᠠᠴᠠ ᠰᠠᠶᠢᠨ ᠶᠤᠮ᠃ ᠭᠡᠷᠪᠡ ᠲᠡᠭᠦᠨ  ᠢ ᠭᠡᠷᠡᠭᠯᠡᠵᠤ ᠪᠠᠷᠬᠠᠰᠠᠨ ᠦᠭᠡᠢ ᠪᠤᠯ ᠰᠠᠶᠢᠳᠤᠷ ᠪᠢᠳᠡᠭᠦᠮᠵᠢᠯᠡᠨ ᠪᠠᠭᠯᠠᠵᠤ ᠢᠰᠦᠯᠳᠦᠭᠦ ᠠᠴᠠ ᠰᠡᠷᠭᠡᠶᠢᠯᠡᠪᠡᠯ ᠵᠤᠭᠢᠨ᠎ᠠ᠃ ᠪᠢᠴᠢᠯ ᠡᠯᠧᠮᠧᠨ᠋ᠲ᠂ ᠪᠠᠺᠲ᠋ᠧᠷᠢ ᠡᠰᠡᠷᠭᠦ ᠡᠳ᠋ ᠵᠡᠷᠭᠡ  ᠶᠢ ᠨᠡᠮᠡᠷᠢᠯᠡᠭᠰᠡᠨ ᠲᠡᠵᠢᠭᠡᠯ ᠪᠤᠷᠳᠤᠭ᠎ᠠ  ᠶᠢ 7 ~ 15 ᠡᠳᠤᠷ  ᠤᠨ ᠲᠤᠳᠤᠷ᠎ᠠ ᠲᠡᠵᠢᠭᠡᠵᠤ ᠲᠠᠭᠤᠰᠬᠠᠪᠠᠯ ᠬᠠᠮᠤᠭ ᠰᠠᠶᠢᠨ ᠶᠤᠮ᠃      
      4. ᠮᠠᠯ ᠵᠢᠭᠦᠷᠳᠡᠨ  ᠤ ᠹᠢᠽᠢᠤᠯᠤᠭᠢ  ᠶᠢᠨ ᠪᠠᠶᠢᠳᠠᠯ᠂ ᠡᠷᠡᠭᠦᠯ  ᠤᠨ ᠪᠠᠶᠢᠳᠠᠯ ᠪᠤᠯᠤᠨ ᠤᠷᠴᠢᠨ ᠲᠤᠭᠤᠷᠢᠨ  ᠤ ᠨᠦᠭᠦᠴᠡᠯ  ᠢ ᠦᠨᠳᠦᠰᠦᠯᠡᠨ᠂ ᠲᠡᠵᠢᠭᠡᠯ ᠪᠤᠷᠳᠤᠭᠠᠨ  ᠤ ᠲᠡᠵᠢᠭᠡᠯ ᠪᠤᠷᠳᠤᠭ᠎ᠠ  ᠶᠢᠨ ᠨᠡᠮᠡᠯᠳᠡ ᠡᠳ᠋  ᠢᠶᠠᠨ ᠵᠤᠭᠢᠰᠳᠡᠢ ᠭᠡᠷᠡᠭᠯᠡᠪᠡᠯ ᠵᠤᠭᠢᠨ᠎ᠠ᠃ ᠦᠰᠦᠯᠳᠡ ᠶᠢᠨ ᠠᠭᠢᠭᠤᠯᠤᠠᠠᠴᠢ ᠡᠳ᠋  ᠢ ᠶᠠᠷᠤ ᠳᠡᠭᠡᠨ ᠲᠦᠯ ᠮᠠᠯ ᠳᠤ ᠭᠡᠷᠡᠭᠯᠡᠵᠤ᠂ ᠪᠠᠺᠲ᠋ᠧᠷᠢ ᠡᠰᠡᠷᠭᠦ ᠡᠳ᠋  ᠢ ᠭᠠᠭ᠋ᠠᠢ᠂ ᠲᠠᠭᠢᠶ᠎ᠠ ᠵᠡᠷᠭᠡ ᠠᠮᠢᠳᠠᠨ ᠳᠤ ᠭᠡᠷᠡᠭᠯᠡᠵᠤ᠂ ᠬᠤᠷᠤᠬᠠᠢ  ᠲᠠᠭᠤᠬᠤ ᠡᠳ᠋  ᠶᠢ ᠤᠷᠴᠢᠨ ᠲᠤᠭᠤᠷᠢᠨ  ᠤ ᠡᠷᠡᠭᠦᠯ ᠬᠠᠮᠠᠭᠠᠯᠠᠯ  ᠢᠶᠠᠷ ᠮᠠᠭᠤ ᠪᠠ ᠭᠡᠮ ᠭᠢᠵᠢᠭ ᠲᠡᠯᠭᠡᠷᠡᠵᠤ ᠬᠠᠯᠳᠠᠪᠤᠷᠢᠯᠠᠬᠤ ᠤᠯᠠᠷᠢᠯ ᠪᠤᠶᠤ ᠰᠢᠮᠡᠭᠦᠷ ᠬᠤᠷᠤᠬᠠᠢ ᠳᠤ ᠨᠡᠷᠪᠡᠭᠳᠡᠭᠰᠡᠨ ᠮᠠᠯ ᠵᠢᠭᠦᠷᠳᠡᠨ ᠳᠤ ᠭᠡᠷᠡᠭᠯᠡᠳᠡᠭ᠃
      5. ᠮᠠᠯ ᠵᠢᠭᠦᠷᠳᠡᠨ  ᠢ ᠵᠠᠬ᠎ᠠ ᠲᠡᠯᠭᠡᠭᠦᠷ ᠲᠤ ᠭᠠᠷᠭᠠᠬᠤ ᠠᠴᠠ ᠡᠮᠦᠨ᠎ᠠ᠂ ᠲᠡᠵᠢᠭᠡᠯ ᠪᠤᠷᠳᠤᠭᠠᠨ  ᠤ ᠨᠡᠮᠡᠯᠳᠡ ᠡᠳ᠋ ᠭᠡᠷᠡᠭᠯᠡᠭᠦ ᠪᠠᠨ ᠵᠤᠠᠠᠰᠤᠬᠤ ᠭᠡᠷᠡᠭᠳᠡᠢ᠃ ᠨᠡᠯᠢᠶᠡᠳ ᠠᠷᠪᠢᠨ ᠪᠠᠺᠲ᠋ᠧᠷᠢ ᠡᠰᠡᠷᠭᠦ ᠡᠳ᠋  ᠤᠨ ᠲᠦᠷᠦᠯ ᠪᠤᠯᠤᠨ ᠪᠤᠰᠤᠳ ᠨᠡᠮᠡᠯᠳᠡ ᠡᠳ᠋ ᠨᠢ ᠮᠠᠯ  ᠤᠨ ᠪᠡᠶ᠎ᠠ ᠳᠤ ᠦᠯᠡᠳᠡᠵᠤ ᠬᠤᠴᠤᠷᠳᠠᠭ ᠪᠤᠯᠬᠤᠷ ᠭᠠᠭ᠋ᠠᠢ  ᠶᠢ ᠠᠯᠠᠰᠢᠨ ᠳᠤ ᠭᠠᠷᠭᠠᠬᠤ ᠠᠴᠠ 4 ᠭᠠᠷᠠᠭ  ᠤᠨ ᠡᠮᠦᠨ᠎ᠠ᠂ ᠲᠠᠭᠢᠶ᠎ᠠ  ᠶᠢ ᠠᠯᠠᠰᠢᠨ ᠳᠤ ᠭᠠᠷᠭᠠᠬᠤ ᠠᠴᠠ 1 ᠭᠠᠷᠠᠭ  ᠤᠨ ᠡᠮᠦᠨ᠎ᠠ ᠶᠠᠭᠠᠭᠢᠨ᠋ᠠᠰᠠᠨ ᠴᠤ ᠪᠠᠺᠲ᠋ᠧᠷᠢ ᠡᠰᠡᠷᠭᠦ ᠡᠳ᠋  ᠤᠨ ᠲᠦᠷᠦᠯ  ᠤᠨ ᠲᠡᠵᠢᠭᠡᠯ ᠪᠤᠷᠳᠤᠭ᠎ᠠ ᠪᠠᠷ ᠲᠡᠵᠢᠭᠡᠵᠤ ᠪᠤᠯᠬᠤ ᠦᠭᠡᠢ ᠶᠤᠮ᠃
     6. ᠪᠠᠺᠲ᠋ᠧᠷᠢ ᠡᠰᠡᠷᠭᠦ ᠡᠳ᠋  ᠢ ᠤᠷᠳᠤ ᠬᠤᠭᠤᠴᠠᠭ᠎ᠠ ᠪᠠᠷ ᠲᠡᠩ  ᠢᠶᠠᠷ   ᠨᠢ ᠭᠡᠷᠡᠭᠯᠡᠵᠤ ᠪᠤᠯᠬᠤ ᠦᠭᠡᠢ᠂ ᠵᠠᠪᠠᠯ ᠬᠤᠶᠠᠷ ᠠᠴᠠ ᠲᠡᠭᠡᠭᠰᠢ ᠵᠤᠶᠢᠯ  ᠢ ᠬᠤᠭᠤᠷᠤᠨᠳᠤ ᠨᠢ ᠰᠤᠯᠢᠵᠤ ᠭᠡᠷᠡᠭᠯᠡᠭᠦ  ᠶᠢ ᠠᠩᠬᠠᠷᠤᠨ᠎ᠠ᠃ ᠡᠭᠦᠨ  ᠤ ᠬᠠᠮᠳᠤ ᠭᠦᠮᠦᠨ ᠳᠤ ᠭᠡᠷᠡᠭᠯᠡᠭᠦ ᠪᠠᠺᠲ᠋ᠧᠷᠢ ᠡᠰᠡᠷᠭᠦ ᠡᠳ᠋  ᠢ ᠮᠠᠯ ᠵᠢᠭᠦᠷᠳᠡᠨ ᠳᠤ ᠭᠡᠷᠡᠭᠯᠡᠭᠦ ᠦᠭᠡᠢ ᠪᠤᠶᠤ ᠪᠠᠭ᠎ᠠ ᠰᠠᠭ᠎ᠠ ᠭᠡᠷᠡᠭᠯᠡᠭᠦ  ᠶᠢ ᠠᠩᠬᠠᠷᠪᠠᠯ ᠵᠤᠭᠢᠨ᠎ᠠ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ