ᠢᠳᠡᠰᠢᠨ ᠳᠤ ᠭᠡᠷᠡᠭᠯᠡᠭᠦ ᠮᠠᠯ ᠲᠡᠵᠢᠭᠡᠪᠤᠷᠢ  ᠶᠢ ᠠᠯᠠᠬᠤ ᠬᠠᠮᠤᠭ ᠠᠴᠠ ᠲᠤᠭᠢᠷᠠᠮᠵᠢᠳᠡᠢ ᠰᠠᠶᠢᠨ ᠴᠠᠭ
ᠨᠡᠶᠢᠲᠡᠯᠡᠭᠰᠡᠨ ᠴᠠᠭ᠄
2015/12/3

     ᠮᠠᠯ ᠲᠡᠵᠢᠭᠡᠪᠤᠷᠢ  ᠶᠢᠨ ᠦᠰᠦᠯᠳᠡ ᠪᠤᠶᠢᠵᠢᠯᠳᠡ  ᠶᠢᠨ ᠤᠨᠴᠠᠯᠢᠭ  ᠢ ᠦᠨᠳᠦᠰᠦᠯᠡᠨ ᠰᠢᠨᠵᠢᠯᠡᠭᠦ ᠤᠬᠠᠭᠠᠠᠴᠢ ᠪᠠᠷ ᠲᠡᠵᠢᠭᠡᠨ ᠦᠷᠡᠵᠢᠭᠦᠯᠵᠤ᠂ ᠲᠤᠭᠢᠷᠠᠮᠵᠢᠳᠡᠢ ᠰᠠᠶᠢᠨ ᠴᠠᠭ ᠲᠤ ᠠᠯᠠᠵᠤ ᠨᠢᠳᠦᠯᠪᠡᠯ ᠰᠠᠶ᠋ᠢ ᠮᠠᠯ ᠲᠡᠵᠢᠭᠡᠪᠤᠷᠢ  ᠶᠢᠨ ᠠᠯᠠᠰᠢᠨ ᠳᠤ ᠭᠠᠷᠬᠤ ᠭᠡᠮᠵᠢᠶ᠎ᠠ ᠪᠠ ᠮᠢᠬᠠᠨ  ᠤ ᠴᠢᠨᠠᠷ  ᠢ ᠲᠡᠭᠡᠭᠰᠢᠯᠡᠭᠦᠯᠵᠤ᠂ ᠲᠡᠵᠢᠭᠡᠯ ᠪᠤᠷᠳᠤᠭ᠎ᠠ ᠳᠤ ᠭᠠᠮᠳᠠᠢ ᠮᠦᠷᠳᠡᠭᠡᠨ ᠦᠢᠯᠡᠳᠪᠤᠷᠢᠯᠡᠯ  ᠤᠨ ᠡᠷᠭᠢᠯᠳᠡ ᠶᠢ ᠪᠤᠭᠤᠨᠢᠰᠬᠠᠨ ᠠᠵᠤ ᠠᠬᠤᠢ  ᠶᠢᠨ ᠦᠷ᠎ᠠ ᠠᠰᠢᠭ  ᠢ ᠴᠤ ᠲᠡᠭᠡᠭᠰᠢᠯᠡᠭᠦᠯᠵᠤ ᠴᠢᠳᠠᠨ᠎ᠠ᠃ ᠲᠤᠤᠷ᠎ᠡ ᠭᠡᠳᠦᠨ ᠵᠤᠶᠢᠯ  ᠤᠨ ᠮᠠᠯ ᠲᠡᠵᠢᠭᠡᠪᠤᠷᠢ  ᠶᠢ ᠠᠯᠠᠵᠤ ᠨᠢᠳᠤᠯᠬᠤ ᠬᠠᠮᠤᠭ ᠠᠴᠠ ᠲᠤᠭᠢᠷᠠᠮᠵᠢᠳᠡᠢ ᠰᠠᠶᠢᠨ ᠴᠠᠭ  ᠢ ᠲᠦᠭᠦᠮ  ᠢᠶᠠᠷ ᠲᠠᠨᠢᠯᠴᠠᠭᠤᠯᠤᠶ᠎ᠠ᠃
     1. ᠪᠤᠷᠳᠤᠭᠠᠨ ᠭᠠᠭ᠋ᠠᠢ᠄ ᠭᠠᠭ᠋ᠠᠢ  ᠶᠢ ᠪᠤᠷᠳᠤᠨ ᠲᠠᠷᠭᠤᠯᠠᠭᠤᠯᠬᠤ ᠬᠤᠭᠤᠴᠠᠭᠠᠨ ᠳᠤ᠂ ᠡᠩ  ᠤᠨ ᠪᠠᠶᠢᠳᠠᠯ ᠲᠤᠤᠷ᠎ᠠ ᠡᠭᠢᠨ  ᠤ ᠬᠤᠭᠤᠴᠠᠭᠠᠨ ᠳᠤ ᠪᠡᠶ᠎ᠠ  ᠶᠢᠨ ᠭᠦᠨᠳᠤ  ᠶᠢᠨ ᠨᠡᠮᠡᠭᠳᠡᠯ ᠤᠳᠠᠭᠠᠨ᠂ ᠲᠤᠮᠳᠠ ᠬᠤᠭᠤᠴᠠᠭᠠᠨ ᠳᠤ ᠲᠦᠷᠭᠡᠨ᠂ ᠰᠡᠭᠦᠯᠴᠢ  ᠶᠢᠨ ᠬᠤᠭᠤᠴᠠᠭᠠᠨ ᠳᠤ ᠲᠠᠭᠢᠨ ᠤᠳᠠᠭᠠᠰᠢᠷᠠᠬᠤ ᠪᠠᠶᠢᠳᠠᠯ ᠲᠠᠢ ᠪᠤᠯᠤᠨ᠎ᠠ᠃ ᠭᠠᠭ᠋ᠠᠢ  ᠶᠢᠨ ᠪᠡᠶ᠎ᠠ  ᠶᠢᠨ ᠭᠦᠨᠳᠤ ᠨᠢ 10 ~ 67.5 ᠺᠢᠯᠦᠭᠷᠡᠮ  ᠤᠨ ᠦᠶᠡᠰ ᠡᠳᠤᠷ ᠲᠤ ᠨᠡᠮᠡᠭᠳᠡᠭᠦ ᠪᠡᠶ᠎ᠠ  ᠶᠢᠨ ᠭᠦᠨᠳᠤ ᠨᠢ ᠦᠰᠦᠯᠳᠡ  ᠶᠢ ᠲᠠᠭᠠᠯᠳᠤᠨ ᠨᠡᠮᠡᠭᠳᠡᠨ᠎ᠠ︔ ᠭᠠᠭ᠋ᠠᠢ  ᠶᠢᠨ ᠪᠡᠶ᠎ᠠ  ᠶᠢᠨ ᠭᠦᠨᠳᠤ ᠨᠢ 67.5 ~ 100 ᠺᠢᠯᠦᠭᠷᠡᠮ ᠪᠤᠯᠬᠤ ᠦᠶᠡᠰ ᠡᠳᠤᠷ ᠲᠤ ᠨᠡᠮᠡᠭᠳᠡᠭᠦ ᠪᠡᠶ᠎ᠠ  ᠶᠢᠨ ᠭᠦᠨᠳᠤ ᠨᠢ ᠵᠤᠭᠢᠬᠤ ᠭᠡᠮᠵᠢᠶ᠎ᠠ ᠪᠠᠷ ᠵᠤᠠᠠᠰᠤᠩᠭᠢᠷᠠᠨ᠎ᠠ︔ ᠭᠠᠭ᠋ᠠᠢ  ᠶᠢᠨ ᠪᠡᠶ᠎ᠠ  ᠶᠢᠨ ᠭᠦᠨᠳᠤ ᠨᠢ 100 ᠺᠢᠯᠦᠭᠷᠡᠮ ᠠᠴᠠ ᠲᠠᠪᠠᠭ᠋ᠤ ᠪᠤᠶᠤ 150 ᠺᠢᠯᠦᠭᠷᠡᠮ ᠭᠦᠷᠭᠦ ᠦᠶᠡᠰ ᠡᠳᠤᠷ ᠲᠤ ᠨᠡᠮᠡᠭᠳᠡᠭᠦ ᠪᠡᠶ᠎ᠠ  ᠶᠢᠨ ᠭᠦᠨᠳᠤ ᠨᠢ ᠤᠳᠠᠭᠠᠰᠢᠷᠠᠵᠤ ᠡᠭᠢᠯᠡᠨ᠎ᠡ᠃ ᠡᠶᠢᠮᠤ ᠠᠴᠠ ᠭᠠᠭ᠋ᠠᠢ  ᠶᠢᠨ ᠪᠠᠶ᠎ᠠ  ᠶᠢᠨ ᠭᠦᠨᠳᠤ ᠨᠢ ᠦᠰᠦᠯᠳᠡ  ᠶᠢᠨ ᠭᠡᠮᠵᠢᠶᠠᠨ ᠳᠡᠭᠡᠨ ᠭᠦᠷᠦᠭᠰᠡᠨ ᠦᠭᠡᠢ ᠦᠶᠡᠰ ᠠᠯᠠᠪᠠᠯ ᠲᠠᠵᠢᠭᠡᠯ ᠪᠤᠷᠳᠤᠭ᠎ᠠ  ᠶᠢᠨ ᠬᠠᠷᠠᠮᠵᠢ ᠨᠢ ᠦᠨᠳᠤᠷᠵᠢᠵᠤ᠂ ᠮᠢᠬᠠᠨ  ᠤ ᠦᠨᠤᠷ ᠠᠮᠳᠠ ᠨᠢ ᠪᠠᠷᠤᠠᠠᠳᠠᠢ ᠪᠦᠭᠡᠳ ᠮᠢᠬᠠᠨ  ᠤ ᠴᠢᠨᠠᠷ ᠨᠢ ᠴᠤ ᠮᠠᠭᠤ ᠪᠠᠶᠢᠳᠠᠭ᠃ ᠮᠠᠨ  ᠤ ᠤᠯᠤᠰ  ᠤᠨ ᠤᠷᠤᠨ ᠨᠤᠳᠤᠭ  ᠤᠨ ᠭᠠᠭ᠋ᠠᠢ  ᠶᠢᠨ ᠡᠭᠦᠯᠳᠡᠷ ᠡᠷᠳᠡ ᠪᠤᠯᠪᠠᠰᠤᠷᠠᠨ ᠮᠢᠬᠠᠯᠠᠨ ᠲᠠᠷᠭᠤᠯᠠᠬᠤ ᠤᠨᠴᠠᠯᠢᠭ ᠲᠠᠢ ᠶᠤᠮ᠃ ᠡᠩ  ᠤᠨ ᠪᠠᠶᠢᠳᠠᠯ ᠳᠤ ᠭᠠᠭ᠋ᠠᠢ ᠦᠰᠦᠭᠡᠳ ᠪᠠᠶ᠎ᠠ  ᠶᠢᠨ ᠭᠦᠨᠳᠤ ᠨᠢ 65 ~ 75 ᠺᠢᠯᠦᠭᠷᠡᠮ ᠭᠦᠷᠭᠦ ᠦᠶᠡᠰ ᠨᠢᠭᠡᠨᠳᠡ ᠵᠤᠭᠢᠬᠤ ᠭᠡᠮᠵᠢᠶ᠎ᠠ ᠪᠠᠷ ᠮᠢᠬᠠᠯᠠᠨ ᠲᠠᠷᠭᠤᠯᠠᠵᠤ᠂ ᠮᠢᠬᠠᠨ  ᠤ ᠴᠢᠨᠠᠷ ᠨᠢ ᠰᠠᠶᠢᠨ ᠪᠦᠭᠡᠳ ᠮᠢᠬᠠᠨ  ᠤ ᠭᠠᠷᠤᠯᠳᠠ ᠨᠢ ᠴᠤ ᠦᠨᠳᠤᠷ ᠪᠤᠯᠤᠠᠠᠰᠠᠨ ᠪᠠᠶᠢᠳᠠᠭ᠃ ᠤᠷᠤᠨ ᠨᠤᠳᠤᠭ  ᠤᠨ ᠮᠡᠭᠡᠵᠢ  ᠶᠢ ᠭᠠᠳᠠᠨ᠎ᠠ ᠠᠴᠠ ᠤᠷᠤᠭᠤᠯᠤᠠᠠᠰᠠᠨ ᠬᠠᠷ᠎ᠠ ᠮᠢᠬᠠᠨ  ᠤ ᠠᠵᠢᠷᠭᠠᠨ ᠭᠠᠭ᠋ᠠᠢ ᠲᠠᠢ ᠡᠷᠯᠢᠰᠡᠵᠢᠭᠦᠯᠦᠭᠡᠳ ᠤᠯᠤᠠᠠᠰᠠᠨ ᠬᠤᠶᠠᠷ ᠤᠳᠤᠮᠳᠤ ᠭᠠᠭ᠋ᠠᠢ  ᠶᠢᠨ ᠪᠡᠶ᠎ᠠ  ᠶᠢᠨ ᠭᠦᠨᠳᠤ ᠨᠢ 85 ᠺᠢᠯᠦᠭᠷᠡᠮ ᠭᠦᠷᠭᠦ ᠦᠶᠡᠰ ᠠᠯᠠᠪᠠᠯ ᠬᠠᠮᠤᠭ ᠠᠴᠠ ᠲᠤᠭᠢᠷᠠᠮᠵᠢᠳᠠᠢ ᠶᠤᠮ᠃ ᠭᠤᠷᠪᠡᠨ ᠤᠳᠤᠮᠳᠤ ᠡᠷᠯᠢᠰᠡᠵᠢᠭᠦᠯᠦᠭᠰᠡᠨ ᠭᠠᠭ᠋ᠠᠢ  ᠶᠢᠨ ᠪᠡᠶ᠎ᠠ  ᠶᠢᠨ ᠭᠦᠨᠳᠤ ᠨᠢ 90 ~100 ᠺᠢᠯᠤᠭ᠍ᠷᠡᠮ ᠭᠦᠷᠭᠦ ᠦᠶᠡᠰ ᠠᠯᠠᠪᠠᠯ ᠬᠠᠮᠤᠭ ᠠᠴᠠ ᠲᠤᠭᠢᠷᠠᠮᠵᠢᠳᠡᠢ ᠰᠠᠶᠢᠨ ᠴᠠᠭ ᠪᠤᠯᠤᠨ᠎ᠠ᠃
      2. ᠮᠢᠬᠠᠨ  ᠤ ᠦᠭᠡᠷ᠄ ᠲᠤᠭᠤᠯ  ᠤᠨ ᠦᠰᠤᠨ ᠪᠤᠶᠢᠵᠢᠬᠤ ᠵᠢᠮ᠎ᠠ ᠶᠤᠰᠤ  ᠶᠢ ᠦᠨᠳᠦᠰᠦᠯᠡᠪᠡᠯ᠂ ᠡᠩ  ᠤᠨ ᠪᠠᠶᠢᠳᠠᠯ ᠳᠤ 1.5 ᠨᠠᠰᠤᠨ ᠠᠴᠠ ᠡᠮᠦᠨ᠎ᠠ ᠪᠤᠶᠢᠵᠢᠯᠳᠡ ᠨᠢ ᠬᠠᠮᠤᠭ  ᠤᠨ ᠲᠦᠷᠭᠡᠨ ᠪᠠᠶᠢᠵᠤ᠂ ᠡᠭᠦᠨ ᠠᠴᠠ ᠬᠤᠶᠢᠰᠢ ᠦᠰᠦᠯᠳᠡ ᠨᠢ ᠤᠳᠠᠭᠠᠰᠢᠷᠠᠳᠠᠭ᠃ ᠵᠠᠷᠢᠮ ᠲᠤᠷᠰᠢᠯᠳᠡ ᠢᠯᠡᠷᠡᠭᠦᠯᠦᠭᠰᠡᠨ ᠨᠢ᠂ ᠲᠤᠭᠤᠯ ᠦᠰᠴᠤ ᠪᠡᠶ᠎ᠠ  ᠶᠢᠨ ᠭᠦᠨᠳᠤ ᠨᠢ ᠨᠡᠮᠡᠭᠳᠡᠭᠦ  ᠶᠢ ᠲᠠᠭᠠᠯᠳᠤᠨ ᠰᠠᠷ᠎ᠠ ᠡᠳᠤᠷ  ᠢᠶᠠᠷ ᠨᠡᠮᠡᠭᠳᠡᠭᠦ ᠭᠦᠨᠳᠤ  ᠶᠢᠨ ᠨᠡᠮᠡᠭᠳᠡᠯ ᠨᠢ ᠤᠳᠠᠭᠠᠰᠢᠷᠠᠨ᠎ᠠ᠂ ᠦᠭᠡᠷ᠎ᠡ ᠪᠠᠷ ᠭᠡᠯᠡᠪᠡᠯ᠂ ᠬᠤᠶᠠᠳᠤᠭᠠᠷ ᠵᠢᠯ ᠳᠤ ᠲᠤᠭᠤᠯ  ᠤᠨ ᠭᠦᠨᠳᠤ  ᠶᠢᠨ ᠨᠡᠮᠡᠭᠳᠡᠯ ᠨᠢ 70% ᠪᠠᠶᠢᠬᠤ ᠳᠤ᠂ ᠭᠤᠷᠪᠡᠳᠤᠭᠠᠷ ᠵᠢᠯ  ᠤᠨ ᠭᠦᠨᠳᠤ  ᠶᠢᠨ ᠨᠡᠮᠡᠭᠳᠡᠯ ᠨᠢ ᠬᠠᠷᠢᠨ ᠬᠤᠶᠠᠳᠤᠭᠠᠷ ᠵᠢᠯ  ᠤᠨ ᠭᠦᠨᠳᠤ  ᠶᠢᠨ ᠨᠡᠮᠡᠭᠳᠡᠯ  ᠤᠨ 50% ᠤᠷᠴᠢᠮ ᠯᠡ ᠪᠠᠶᠢᠳᠠᠭ︔ ᠡᠭᠦᠨ ᠠᠴᠠ ᠭᠠᠳᠠᠨ᠎ᠠ᠂ ᠮᠢᠬᠠᠨ  ᠤ ᠴᠢᠨᠠᠷ ᠨᠢ ᠴᠤ ᠶᠠᠪᠤᠬᠤ ᠲᠤᠳᠤᠮ ᠬᠠᠳᠠᠭᠤᠷᠠᠨ᠎ᠠ᠃ ᠲᠤᠷᠰᠢᠯᠳᠠ  ᠶᠢ ᠦᠨᠳᠦᠰᠦᠯᠡᠪᠡᠯ᠂ ᠡᠷᠯᠢᠰᠡ ᠲᠤᠭᠤᠯ  ᠢ 4 ~ 5 ᠰᠠᠷ᠎ᠠ  ᠶᠢᠨ ᠦᠶᠡᠰ ᠰᠦ ᠠᠴᠠ ᠨᠢ ᠰᠠᠯᠭᠠᠵᠤ᠂ ᠬᠠᠰᠢᠶᠠᠯᠠᠨ ᠲᠡᠵᠢᠭᠡᠭᠡᠳ ᠵᠤᠭᠢᠬᠤ ᠭᠡᠮᠵᠢᠶᠠᠨ  ᠤ ᠨᠠᠷᠢᠯᠢᠭ ᠪᠤᠷᠳᠤᠭ᠎ᠠ ᠪᠤᠯᠤᠨ ᠰᠢᠭᠡᠰᠦᠯᠢᠭ ᠡᠳ᠋ ᠨᠠᠮᠡᠷᠢᠯᠡᠨ ᠨᠦᠭᠦᠪᠤᠷᠢᠯᠡᠵᠤ᠂ ᠪᠠᠰᠠ ᠴᠢᠨᠠᠷ ᠰᠠᠶᠢᠳᠠᠢ ᠭᠦᠭᠡ ᠬᠠᠭᠤᠷᠠᠢ ᠡᠪᠡᠰᠤ ᠪᠤᠶᠤ ᠯᠤᠬᠠᠱᠸᠡᠭ  ᠤᠨ ᠴᠢᠭᠢ  ᠶᠢᠨ ᠪᠦᠳᠦᠭᠦᠯᠢᠭ ᠲᠠᠵᠢᠭᠡᠯ ᠪᠤᠷᠳᠤᠭ᠎ᠠ ᠦᠭᠴᠤ ᠲᠡᠵᠢᠭᠡᠵᠤ᠂ ᠡᠪᠤᠯ  ᠤᠨ ᠬᠠᠭᠢᠷ ᠭᠦᠢᠳᠡᠨ  ᠤ ᠤᠯᠠᠷᠢᠯ ᠳᠤ ᠰᠦᠯᠢᠶᠤᠤ ᠲᠤᠯᠠᠭᠠᠨ ᠫᠸᠡᠭ ᠳᠤ ᠲᠡᠵᠢᠭᠡᠵᠤ ᠠᠷᠠᠴᠢᠯᠠᠪᠠᠯ ᠡᠩ  ᠤᠨ ᠪᠠᠶᠢᠳᠠᠯ ᠳᠤ 1.5 ᠨᠠᠰᠤᠨ  ᠤ ᠦᠭᠡᠷ ᠦᠰᠴᠤ ᠲᠠᠷᠭᠤᠯᠠᠭᠠᠳ ᠪᠠᠶ᠎ᠠ  ᠶᠢᠨ ᠭᠦᠨᠳᠤ ᠨᠢ 300 ᠺᠢᠯᠦᠭᠷᠡᠮ ᠤᠷᠴᠢᠮ ᠳᠤ ᠭᠦᠷᠦᠨ᠎ᠠ᠃ ᠡᠨᠡ ᠭᠦ ᠬᠤᠭᠤᠴᠠᠭᠠᠨ ᠳᠤ ᠭᠦᠨᠳᠤ  ᠶᠢᠨ ᠨᠡᠮᠡᠭᠳᠡᠯ ᠨᠢ ᠬᠠᠮᠤᠭ ᠠᠴᠠ ᠲᠦᠷᠭᠡᠨ ᠪᠠᠶᠢᠵᠤ᠂ ᠲᠡᠵᠢᠭᠡᠯ ᠪᠤᠷᠳᠤᠭ᠎ᠠ  ᠶᠢᠨ ᠠᠰᠢᠠᠠᠯᠠᠮᠵᠢ ᠨᠢ ᠦᠨᠳᠤᠷ ᠮᠦᠷᠳᠡᠭᠡᠨ ᠠᠯᠠᠰᠢᠨ ᠳᠤ ᠭᠠᠷᠬᠤ ᠭᠡᠮᠵᠢᠶ᠎ᠠ ᠨᠢ ᠴᠤ ᠬᠠᠮᠤᠭ ᠠᠴᠠ ᠲᠤᠭᠢᠷᠠᠮᠵᠢᠳᠡᠢ ᠪᠠᠶᠢᠳᠠᠭ᠃ ᠡᠶᠢᠮᠤ ᠠᠴᠠ ᠡᠨᠡ ᠦᠶᠡᠰ ᠠᠯᠠᠵᠤ ᠨᠢᠳᠤᠯᠬᠤ ᠦᠭᠡᠢ ᠪᠠᠷ ᠲᠠᠭᠢᠨ ᠭᠡᠳᠦᠨ ᠰᠠᠷ᠎ᠠ ᠭᠦᠴᠤᠯᠠᠨ ᠪᠤᠷᠳᠤᠪᠠᠯ ᠭᠦᠨᠳᠤ ᠨᠢ 400 ~ 500 ᠺᠢᠯᠦᠭᠷᠡᠮ ᠭᠦᠷᠴᠤ᠂ ᠰᠢᠳᠦᠯᠡᠩ ᠦᠭᠡᠷ ᠪᠤᠯᠬᠤ ᠳᠤᠨᠢ ᠠᠯᠠᠵᠤ ᠨᠢᠳᠤᠯᠪᠠᠯ ᠬᠠᠮᠤᠭ ᠠᠴᠠ ᠰᠠᠶᠢᠨ ᠶᠤᠮ᠃
     3. ᠮᠢᠬᠠᠨ  ᠤ ᠬᠤᠨᠢ᠄ ᠡᠩ  ᠤᠨ ᠪᠠᠶᠢᠳᠠᠯ ᠳᠤ ᠲᠤᠰ ᠵᠢᠯ  ᠤᠨ ᠬᠤᠷᠠᠭ᠎ᠠ ᠬᠠᠮᠤᠭ ᠠᠴᠠ ᠲᠦᠷᠭᠡᠨ ᠦᠰᠳᠡᠭ᠃ ᠮᠢᠬᠠᠨ  ᠤ ᠴᠢᠨᠠᠷ ᠨᠢ ᠴᠤ ᠰᠠᠶᠢᠨ ᠪᠠᠶᠢᠳᠠᠭ᠃ ᠪᠡᠯᠴᠢᠭᠡᠷᠯᠡᠭᠦᠯᠦᠭᠰᠡᠨ ᠬᠤᠨᠢᠨ  ᠤ ᠪᠡᠶ᠎ᠠ  ᠶᠢᠨ ᠭᠦᠨᠳᠤ  ᠶᠢᠨ ᠨᠡᠮᠡᠭᠳᠡᠯ ᠨᠢ ᠪᠠᠯᠴᠢᠭᠡᠷ ᠪᠡ ᠤᠯᠠᠷᠢᠯ  ᠤᠨ ᠬᠤᠪᠢᠷᠠᠯᠳᠠ  ᠶᠢ ᠲᠠᠭᠠᠯᠳᠤᠨ ᠬᠤᠪᠢᠷᠠᠳᠠᠭ᠃ ᠡᠩ  ᠤᠨ ᠪᠠᠶᠢᠳᠠᠯ ᠳᠤ 9 ᠳ᠋ᠤᠭᠡᠷ ᠰᠠᠷ᠎ᠠ ᠳᠤ ᠪᠡᠯᠴᠢᠭᠡᠷᠯᠡᠭᠦᠯᠦᠭᠰᠡᠨ ᠬᠤᠨᠢᠳ  ᠤᠨ ᠪᠠᠶ᠎ᠠ ᠪᠢᠯᠳᠠᠷ ᠨᠢ ᠬᠠᠮᠤᠭ ᠠᠴᠠ ᠭᠦᠨᠳᠤ ᠪᠠᠶᠢᠳᠠᠭ᠃ ᠡᠶᠢᠮᠤ ᠠᠴᠠ ᠬᠤᠨᠢᠳ  ᠢ ᠢᠳᠡᠰᠢᠨ ᠳᠤ ᠭᠠᠷᠭᠠᠵᠤ ᠠᠯᠠᠵᠤ ᠨᠢᠳᠤᠯᠬᠤ ᠬᠠᠮᠤᠭ ᠠᠴᠠ ᠲᠤᠭᠢᠷᠠᠮᠵᠢᠳᠡᠢ ᠰᠠᠶᠢᠨ ᠴᠠᠭ ᠪᠤᠯ 9 ᠳ᠋ᠤᠭᠡᠷ ᠰᠠᠷ᠎ᠠ  ᠶᠢᠨ ᠰᠡᠭᠦᠯᠴᠢ 10 ᠳ᠋ᠤᠭᠠᠷ ᠰᠠᠷ᠎ᠠ  ᠶᠢᠨ ᠰᠢᠨᠡᠳ ᠪᠤᠯᠤᠨ᠎ᠠ᠃ ᠰᠢᠨ᠎ᠠ ᠵᠢᠯ᠂ ᠴᠠᠭᠠᠨ ᠰᠠᠷ᠎ᠠ  ᠶᠢᠨ ᠵᠠᠬ᠎ᠠ ᠲᠡᠯᠭᠡᠭᠦᠷ  ᠤᠨ ᠬᠠᠨᠭ᠍ᠭᠠᠯᠭ᠎ᠠ ᠭᠡᠷᠡᠭᠴᠡᠭᠡ  ᠶᠢ ᠬᠠᠨᠭ᠍ᠭᠠᠬᠤ  ᠶᠢᠨ ᠲᠦᠯᠦᠭᠡ ᠨᠠᠷᠢᠯᠢᠭ ᠪᠤᠷᠳᠤᠭ᠎ᠠ ᠨᠦᠭᠦᠪᠤᠷᠢᠯᠡᠨ ᠲᠡᠵᠢᠭᠡᠵᠤ᠂ ᠬᠠᠰᠢᠶᠠᠯᠠᠨ ᠲᠡᠵᠢᠭᠡᠭᠦ ᠵᠡᠷᠭᠡ ᠠᠷᠭ᠎ᠠ ᠭᠡᠮᠵᠢᠶ᠎ᠠ ᠠᠪᠴᠤ᠂ ᠢᠷᠡᠭᠦ ᠵᠢᠯ  ᠤᠨ ᠭᠢᠨᠢ 1 ~ 2 ᠰᠠᠷ᠎ᠠ ᠳᠤ ᠲᠠᠭᠢᠨ ᠵᠠᠬ᠎ᠠ ᠲᠡᠯᠭᠡᠭᠦᠷ ᠲᠡᠭᠡᠷ᠎ᠠ ᠭᠠᠷᠭᠠᠨ ᠪᠤᠷᠤᠯᠠᠭᠤᠯᠤᠠᠠᠰᠠᠨ ᠴᠤ ᠪᠤᠯᠬᠤ ᠶᠤᠮ᠃
      4  . ᠮᠢᠬᠠᠨ  ᠤ ᠲᠠᠤᠯᠠᠢ᠄ ᠮᠢᠬᠠᠨ  ᠤ ᠲᠠᠤᠯᠠᠢ  ᠶᠢ ᠢᠳᠡᠰᠢᠨ ᠳᠤ ᠠᠰᠢᠠᠠᠯᠠᠬᠤ ᠳᠤ ᠡᠷᠭᠢᠯᠳᠡ ᠲᠦᠷᠭᠡᠨ ᠪᠠᠶᠢᠳᠠᠭ ᠪᠦᠭᠡᠳ ᠡᠭᠢᠨ  ᠤ ᠬᠤᠭᠤᠴᠠᠭᠠᠨ ᠳᠤ ᠪᠡᠶ᠎ᠠ ᠨᠢ ᠲᠤᠩ ᠲᠦᠷᠭᠡᠨ ᠦᠰᠳᠡᠭ ᠭᠡᠷ  ᠤᠨ ᠲᠡᠵᠢᠭᠡᠪᠤᠷᠢ  ᠶᠢᠨ ᠨᠢᠭᠡ ᠪᠤᠯᠬᠤ ᠶᠤᠮ᠃ ᠲᠤᠷᠰᠢᠯᠳᠠ  ᠶᠢ ᠦᠨᠳᠦᠰᠦᠯᠡᠪᠡᠯ᠂ ᠪᠦᠵᠦᠩ ᠦᠰᠦᠭᠡᠳ ᠰᠠᠷ᠎ᠠ ᠪᠤᠯᠬᠤ ᠳᠤ ᠲᠡᠭᠦᠨ  ᠤ ᠡᠳᠤᠷ ᠲᠤ ᠦᠰᠭᠦ ᠭᠦᠨᠳᠤ  ᠶᠢᠨ ᠨᠡᠮᠡᠭᠳᠡᠯ ᠨᠢ 24 ᠭᠷᠡᠮ᠂ 2 ᠰᠠᠷ᠎ᠠ ᠪᠤᠯᠬᠤ ᠳᠤ 33.1 ᠭᠷᠡᠮ᠂ 3 ᠰᠠᠷ᠎ᠠ ᠪᠤᠯᠬᠤ ᠳᠤ 34.8 ᠭᠷᠡᠮ ᠪᠠᠶᠢᠵᠤ᠂ 4 ᠰᠠᠷ᠎ᠠ ᠪᠤᠯᠬᠤ ᠳᠤ ᠡᠳᠤᠷ ᠲᠤ ᠦᠰᠭᠦ ᠭᠦᠨᠳᠤ  ᠶᠢᠨ ᠨᠡᠮᠡᠭᠳᠡᠯ ᠨᠢ ᠪᠠᠭᠤᠷᠠᠭᠠᠳ 22.2 ᠭᠷᠡᠮ᠂ 5 ᠰᠠᠷ᠎ᠠ ᠪᠤᠯᠬᠤ ᠳᠤ 18.6 ᠭᠷᠡᠮ ᠪᠤᠯᠳᠠᠭ ᠪᠠᠶᠢᠨ᠎ᠠ᠃ ᠡᠭᠦᠨ ᠠᠴᠠ ᠦᠵᠡᠪᠡᠯ᠂ 2 ~ 3 ᠰᠠᠷ᠎ᠠ ᠪᠤᠯᠵᠤ ᠪᠠᠶᠢᠭ᠎ᠠ ᠮᠢᠬᠠᠨ  ᠤ ᠲᠠᠤᠯᠠᠢ  ᠶᠢᠨ ᠡᠳᠤᠷ ᠲᠤ ᠦᠰᠭᠦ ᠭᠦᠨᠳᠤ  ᠶᠢᠨ ᠨᠡᠮᠡᠭᠳᠡᠯ ᠨᠢ ᠬᠠᠮᠤᠭ  ᠤᠨ ᠲᠦᠷᠭᠡᠨ ᠪᠤᠯᠬᠤᠷ 3 ᠰᠠᠷ᠎ᠠ ᠪᠤᠯᠳᠠᠯ᠎ᠠ ᠲᠡᠵᠢᠭᠡᠭᠡᠳ ᠪᠡᠶ᠎ᠠ  ᠶᠢᠨ ᠭᠦᠨᠳᠤ ᠨᠢ 2 ~ 2.5 ᠺᠢᠯᠦᠭᠷᠡᠮ ᠪᠤᠯᠬᠤ ᠦᠶᠡᠰ ᠠᠯᠠᠵᠤ ᠨᠢᠳᠤᠯᠤᠭᠠᠳ ᠢᠳᠡᠰᠢᠨ ᠳᠤ ᠠᠰᠢᠠᠠᠯᠠᠪᠠᠯ ᠬᠠᠮᠤᠭ ᠠᠴᠠ ᠲᠤᠭᠢᠷᠠᠮᠵᠢᠳᠡᠢ ᠰᠠᠶᠢᠨ ᠴᠠᠭ ᠪᠤᠯᠤᠨ᠎ᠠ᠃
      5. ᠮᠢᠠᠬᠨ  ᠤ ᠲᠠᠭᠢᠶ᠎ᠠ᠄ ᠮᠢᠬᠠᠨ  ᠤ ᠲᠠᠭᠢᠶ᠎ᠠ  ᠶᠢᠨ ᠲᠡᠵᠢᠭᠡᠯ ᠪᠤᠷᠳᠤᠭ᠎ᠠ  ᠶᠢᠨ ᠬᠠᠷᠠᠮᠵᠢ ᠨᠢ ᠪᠠᠶ᠎ᠠ  ᠶᠢᠨ ᠭᠦᠨᠳᠤ ᠯᠦᠭᠡ ᠰᠢᠭᠤᠳ ᠬᠠᠷᠢᠴᠠᠭ᠎ᠠ ᠲᠠᠢ ᠶᠤᠮ᠃ ᠭᠡᠪᠡᠴᠤ ᠪᠡᠶ᠎ᠠ  ᠶᠢᠨ ᠭᠦᠨᠳᠤ ᠨᠢ ᠨᠡᠮᠡᠭᠳᠡᠵᠤ ᠦᠰᠭᠦ ᠲᠤᠳᠤᠮ  ᠢᠶᠠᠨ ᠲᠡᠵᠢᠭᠡᠯ ᠪᠤᠷᠳᠤᠭ᠎ᠠ  ᠶᠢᠨ ᠬᠠᠷᠠᠮᠵᠢ ᠨᠢ ᠦᠨᠳᠤᠷᠵᠢᠭᠦ ᠪᠢᠰᠢ᠃ ᠡᠩ  ᠤᠨ ᠪᠠᠶᠢᠳᠠᠯ ᠳᠤ᠂ ᠴᠠᠭᠠᠨ ᠦᠳᠤᠳᠤ ᠮᠢᠬᠠᠨ  ᠤ ᠲᠠᠭᠢᠶ᠎ᠠ᠂ ᠲᠤᠬᠠᠶᠢᠯᠠᠪᠠᠯ AA ᠪᠤᠶᠤ ᠠᠢ ᠸᠧᠢ ᠶᠢᠨ ᠵᠡᠷᠭᠡ ᠲᠠᠭᠢᠶ᠎ᠠ 50 ᠰᠢᠬᠠᠮ ᠡᠳᠤᠷ ᠪᠤᠯᠤᠮᠬᠠᠴᠠ ᠪᠡᠶ᠎ᠠ  ᠶᠢᠨ ᠭᠦᠨᠳᠤ ᠨᠢ 2 ~ 2.2 ᠺᠢᠯᠦᠭᠷᠡᠮ ᠭᠦᠷᠳᠡᠭ᠂ ᠡᠶᠢᠮᠤ ᠲᠠᠭᠢᠶᠠᠨ  ᠤ ᠦᠰᠦᠯᠳᠡ ᠲᠦᠷᠭᠡᠨ᠂ ᠲᠠᠵᠢᠭᠡᠯ ᠪᠤᠷᠳᠤᠭ᠎ᠠ ᠠᠰᠢᠠᠠᠯᠠᠬᠤ ᠬᠠᠷᠠᠮᠵᠢ ᠨᠢ ᠦᠨᠳᠤᠷ᠂ ᠮᠢᠬᠠᠨ  ᠤ ᠴᠢᠨᠠᠷ ᠨᠢ ᠰᠠᠶᠢᠨ ᠪᠦᠭᠡᠳ ᠮᠦᠨ ᠴᠤ ᠬᠤᠳᠠᠯᠳᠤᠵᠤ ᠪᠤᠷᠤᠯᠠᠭᠤᠯᠬᠤ ᠳᠤ ᠬᠠᠮᠤᠭ ᠠᠴᠠ ᠲᠤᠭᠢᠷᠠᠮᠵᠢᠳᠡᠢ ᠰᠠᠶᠢᠨ ᠴᠠᠭ ᠪᠤᠯᠬᠤᠷ ᠡᠨᠡ ᠦᠶᠡᠰ ᠠᠯᠠᠵᠤ ᠨᠢᠳᠤᠯᠤᠭᠠᠳ ᠵᠠᠬ᠎ᠠ ᠲᠡᠯᠭᠡᠭᠦᠷ ᠲᠤ ᠭᠠᠷᠭᠠᠵᠤ ᠪᠤᠯᠤᠨ᠎ᠠ᠃    
       6. ᠮᠢᠬᠠᠨ  ᠤ ᠨᠤᠭᠤᠰᠤ᠄ 6 ᠭᠠᠷᠠᠭ ᠪᠤᠯᠤᠠᠠᠰᠠᠨ ᠵᠤᠯᠵᠤᠭ᠎ᠠ ᠨᠤᠭᠤᠰᠤᠨ  ᠤ ᠪᠡᠶ᠎ᠠ  ᠶᠢᠨ ᠭᠦᠨᠳᠤ ᠨᠢ 2.5 ᠺᠢᠯᠦᠭᠷᠠᠮ᠂ 7 ᠭᠠᠷᠠᠭ ᠪᠤᠯᠪᠠᠯ 3 ᠺᠢᠯᠦᠭᠷᠡᠮ ᠪᠠᠶᠢᠵᠤ᠂ 8 ᠭᠠᠷᠠᠭ ᠪᠤᠯᠪᠠᠯ 3.2 ᠺᠢᠯᠦᠭᠷᠡᠮ ᠳᠤ ᠭᠦᠷᠦᠨ᠎ᠠ᠃ 6  ᠭᠠᠷᠠᠭ ᠪᠤᠯᠤᠠᠠᠰᠠᠨ ᠨᠤᠭᠤᠰᠤ  ᠶᠢ ᠵᠠᠬ᠎ᠠ ᠲᠡᠯᠭᠡᠭᠦᠷ ᠲᠤ ᠭᠠᠷᠭᠠᠪᠠᠯ ᠲᠡᠵᠢᠭᠡᠯ ᠪᠤᠷᠳᠤᠭ᠎ᠠ  ᠶᠢᠨ ᠬᠠᠷᠠᠮᠵᠢ᠂ ᠠᠷᠠᠰᠤᠨ  ᠤ ᠲᠤᠰᠤᠯᠢᠭ ᠪᠤᠯᠤᠨ ᠮᠢᠬᠠᠨ  ᠤ ᠭᠠᠷᠤᠯᠳᠠ ᠨᠢ ᠴᠦᠮ ᠨᠡᠯᠢᠶᠡᠳ ᠲᠤᠤᠷ᠎ᠠ ᠮᠦᠷᠳᠡᠭᠡᠨ ᠴᠡᠭᠡᠵᠢᠨ ᠭᠡᠰᠡᠭ  ᠤᠨ ᠪᠤᠯᠴᠢᠩ ᠮᠢᠬ᠎ᠠ ᠨᠢ ᠨᠢᠮᠭᠡᠨ᠂ ᠮᠢᠬᠠᠨ  ᠤ ᠴᠢᠨᠠᠷ ᠨᠢ ᠴᠤ ᠮᠠᠭᠤ ᠪᠠᠶᠢᠳᠠᠭ᠃ ᠡᠶᠢᠮᠤ ᠠᠴᠠ ᠰᠠᠯᠭᠠᠵᠤ ᠬᠤᠳᠠᠯᠳᠤᠬᠤ ᠪᠤᠶᠤ ᠭᠠᠳᠠᠭᠠᠳᠤ ᠳᠤ ᠪᠤᠷᠤᠯᠠᠭᠤᠯᠬᠤ ᠨᠤᠭᠤᠰᠤ ᠪᠢᠰᠢ ᠪᠤᠯ 7 ᠭᠠᠷᠠᠭ ᠪᠤᠯᠳᠠᠯ᠎ᠠ ᠲᠡᠵᠢᠭᠡᠵᠤ ᠪᠤᠷᠳᠤᠭᠠᠳ ᠵᠠᠬ᠎ᠠ ᠲᠡᠯᠭᠡᠭᠦᠷ ᠲᠤ ᠭᠠᠷᠭᠠᠪᠠᠯ ᠬᠠᠮᠤᠭ ᠠᠴᠠ ᠲᠤᠭᠢᠷᠠᠮᠵᠢᠳᠡᠢ ᠶᠤᠮ᠃ ᠭᠡᠭᠦ ᠳᠤ ᠰᠠᠯᠭᠠᠵᠤ ᠬᠤᠳᠠᠯᠳᠤᠬᠤ ᠪᠤᠶᠤ ᠭᠠᠳᠠᠭᠠᠳᠤ ᠳᠤ ᠭᠠᠷᠭᠠᠬᠤ ᠶᠤᠮ ᠪᠤᠯ 8 ᠭᠠᠷᠠᠭ ᠪᠤᠯᠳᠠᠯ᠎ᠠ ᠪᠤᠷᠳᠤᠠᠠᠰᠠᠨ ᠮᠢᠬᠠᠨ  ᠤ ᠨᠤᠭᠤᠰᠤᠨ  ᠤ ᠴᠡᠭᠡᠵᠢᠨ ᠭᠡᠰᠡᠭ  ᠤᠨ ᠪᠤᠯᠴᠢᠩ ᠮᠢᠬ᠎ᠠ ᠨᠢ ᠬᠠᠮᠤᠭ ᠠᠴᠠ ᠰᠠᠶᠢᠨ ᠪᠠᠶᠢᠳᠠᠭ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ