ᠬᠠᠷ᠎ᠠ ᠠᠷᠢᠭᠢ ᠪᠠᠷ ᠮᠠᠯ ᠵᠢᠭᠦᠷᠳᠡᠨ  ᠤ ᠭᠡᠮ ᠭᠢᠵᠢᠭ  ᠢ ᠡᠮᠨᠡᠨ ᠵᠠᠰᠠᠬᠤ
ᠨᠡᠶᠢᠲᠡᠯᠡᠭᠰᠡᠨ ᠴᠠᠭ᠄
2015/12/3

    ᠨᠢᠭᠡ᠂ 60 ᠭᠷᠠᠳᠦ᠋ᠰ  ᠤᠨ ᠬᠠᠷ᠎ᠠ ᠠᠷᠢᠭᠢ  ᠶᠢ ᠲᠠᠭᠢᠶᠠᠨ  ᠤ ᠲᠡᠵᠢᠭᠡᠯ ᠳᠤᠨᠢ ᠬᠤᠯᠢᠵᠤ ᠲᠡᠵᠢᠭᠡᠪᠡᠯ ᠲᠠᠭᠢᠶᠠᠨ  ᠤ ᠭᠡᠮ ᠭᠢᠵᠢᠭ  ᠢ ᠡᠰᠡᠷᠭᠦᠴᠡᠭᠦ ᠴᠢᠳᠠᠪᠤᠷᠢ  ᠶᠢ ᠲᠡᠭᠡᠭᠰᠢᠯᠡᠭᠦᠯᠭᠦ ᠪᠤᠶᠤ ᠭᠡᠮ ᠭᠢᠵᠢᠭ  ᠢ ᠰᠡᠷᠭᠡᠶᠢᠯᠡᠭᠦ ᠦᠢᠯᠡᠳᠦᠯ ᠲᠠᠢ ᠶᠤᠮ᠃ ᠡᠨᠡ ᠭᠦ ᠠᠷᠭ᠎ᠠ ᠨᠢ ᠪᠠᠰᠠ ᠡᠪᠤᠯ  ᠤᠨ ᠤᠯᠠᠷᠢᠯ ᠳᠤ ᠦᠨᠳᠡᠭᠡᠨ ᠲᠠᠭᠢᠶ᠎ᠠ  ᠶᠢ ᠤᠯᠠᠨ ᠦᠨᠳᠡᠭᠡᠯᠡᠭᠦᠯᠦᠨ᠎ᠠ᠃ ᠴᠤᠷᠪᠠᠭ᠎ᠠ  ᠶᠢᠨ 500 ᠭᠷᠡᠮ ᠲᠡᠵᠢᠭᠡᠯ ᠳᠤᠨᠢ 5 ~ 10 ᠮᠢᠯᠢᠯᠢᠲᠷ ᠪᠠ ᠪᠦᠳᠦᠭᠦᠨ ᠲᠠᠭᠢᠶ᠎ᠠ  ᠶᠢᠨ 500 ᠭᠷᠡᠮ ᠲᠡᠵᠢᠭᠡᠯ ᠳᠤᠨᠢ 15 ~ 20 ᠮᠢᠯᠢᠯᠢᠲᠷ  ᠤᠨ ᠬᠠᠷ᠎ᠠ ᠠᠷᠢᠭᠢ  ᠶᠢ ᠬᠤᠪᠢ ᠲᠡᠩᠴᠡᠭᠦᠯᠦᠨ ᠬᠤᠯᠢᠪᠠᠯ ᠪᠤᠯᠴᠢᠬᠠᠨ᠎ᠠ᠃
    ᠬᠤᠶᠠᠷ᠂ ᠲᠠᠷᠤᠰᠢᠠᠠᠰᠠᠨ ᠲᠠᠭᠢᠶ᠎ᠠ ᠳᠤ 3 ~ 4 ᠬᠠᠯᠪᠠᠭ᠎ᠠ ᠬᠠᠷ᠎ᠠ ᠠᠷᠢᠭᠢ ᠴᠢᠳᠬᠤᠵᠤ ᠦᠭᠪᠡᠯ ᠲᠠᠭᠢᠶ᠎ᠠ ᠰᠤᠠᠠᠳᠤᠭᠤᠷᠠᠨ ᠰᠠᠶᠢᠬᠠᠨ ᠤᠠᠳᠠᠬᠤ ᠮᠦᠷᠳᠡᠭᠡᠨ ᠦᠨᠳᠡᠭᠡ ᠲᠠᠷᠤᠬᠤ ᠨᠢ ᠴᠤ ᠰᠡᠷᠭᠦᠴᠢᠭᠡᠳᠡᠭ᠃
      ᠭᠤᠷᠪᠡ᠂ ᠠᠷᠢᠭᠢᠨ ᠳᠤ ᠲᠦᠷᠦᠭᠰᠡᠨ ᠨᠢᠭᠡ ᠭᠡᠰᠡᠭ ᠭᠦᠪᠤᠡᠭ  ᠢᠶᠠᠷ ᠲᠠᠭᠢᠶ᠎ᠠ  ᠶᠢᠨ ᠪᠦᠭᠡᠰᠦᠳᠦᠭᠰᠡᠨ ᠭᠡᠰᠡᠭ  ᠢ 3 ~ 4 ᠤᠳᠠᠭ᠎ᠠ ᠵᠦᠯᠭᠦᠨ ᠠᠷᠴᠢᠪᠠᠯ ᠲᠠᠭᠢᠶᠠᠨ  ᠤ ᠪᠦᠭᠡᠰᠤ  ᠶᠢ ᠴᠡᠪᠡᠷᠯᠡᠨ ᠤᠰᠠᠳᠬᠠᠵᠤ ᠲᠠᠶᠢᠯᠦᠨ᠎ᠠ᠃ ᠪᠠᠰᠠ 500 ᠮᠢᠯᠢᠯᠢᠲᠷ ᠬᠠᠷ᠎ᠠ ᠠᠷᠢᠭᠢᠨ ᠳᠤ 20 ᠭᠷᠡᠮ ᠪᠤᠮᠤᠰ ᠴᠡᠴᠡᠭ  ᠢ ᠲᠡᠪᠳᠦᠭᠡᠵᠤ᠂ ᠡᠳᠤᠷ ᠲᠤ 3 ᠤᠳᠠᠭ᠎ᠠ ᠰᠠᠵᠢᠯᠠᠨ ᠭᠦᠳᠡᠯᠭᠡᠵᠤ 3 ᠡᠳᠤᠷ ᠪᠤᠯᠤᠠᠠᠰᠠᠨ  ᠤ ᠰᠡᠭᠦᠯᠡᠷ ᠭᠦᠪᠤᠡᠭ  ᠤᠨ ᠪᠦᠭᠡᠮ  ᠢ ᠲᠤᠳᠤᠷ᠎ᠠ ᠨᠢ ᠲᠦᠷᠦᠵᠤ ᠪᠠᠶᠢᠭᠠᠳ ᠲᠠᠭᠢᠶᠠᠨ  ᠤ ᠠᠷᠠᠰᠤ  ᠶᠢ ᠡᠳᠤᠷ ᠪᠦᠷᠢ 1 ~ 4 ᠤᠳᠠᠭ᠎ᠠ ᠠᠷᠢᠭᠤᠳᠬᠠᠨ ᠤᠭᠢᠶᠠᠵᠤ ᠦᠭᠴᠤ ᠪᠤᠯᠤᠨ᠎ᠠ᠃
      ᠲᠦᠷᠪᠡ᠂ ᠬᠠᠷ᠎ᠠ ᠠᠷᠢᠭᠢ ᠪᠠᠷ ᠲᠠᠭᠢᠶᠠᠨ  ᠤ ᠴᠠᠭᠠᠨ ᠴᠢᠴᠠᠭ᠎ᠠ  ᠶᠢ ᠡᠮᠨᠡᠵᠤ ᠪᠤᠯᠤᠨ᠎ᠠ᠃ 100 ᠮᠢᠯᠢᠯᠢᠲᠷ ᠬᠠᠷ᠎ᠠ ᠠᠷᠢᠭᠢ  ᠶᠢ 50 ᠭᠷᠡᠮ ᠬᠠᠷ᠎ᠠ ᠪᠤᠷᠠᠮ ᠲᠠᠢ ᠬᠤᠯᠢᠵᠤ᠂ ᠪᠦᠳᠦᠭᠦᠨ ᠲᠠᠭᠢᠶ᠎ᠠ ᠳᠤ ᠤᠳᠠᠭ᠎ᠠ ᠪᠦᠷᠢ 1 ᠬᠠᠯᠪᠠᠭ᠎ᠠ᠂ 2 ~ 4 ᠴᠤᠷᠪᠠᠭ᠎ᠠ ᠳᠤ 1 ᠬᠠᠯᠪᠠᠭ᠎ᠠ᠂ ᠡᠳᠤᠷ ᠪᠦᠷᠢ 2 ᠤᠳᠠᠭ᠎ᠠ᠂ ᠵᠠᠯᠭᠠᠭ᠎ᠠ ᠪᠠᠷ 2 ~ 4 ᠡᠳᠤᠷ ᠴᠢᠳᠬᠤᠵᠤ ᠦᠭᠪᠡᠯ ᠲᠠᠭᠢᠶᠠᠨ  ᠤ ᠴᠠᠭᠠᠨ ᠴᠢᠴᠠᠭ᠎ᠠ ᠨᠢ ᠠᠶᠠᠠᠳᠠᠭᠠᠨ ᠡᠳᠡᠭᠡᠷᠡᠴᠢᠭᠡᠨ᠎ᠠ᠃
     ᠲᠠᠪᠤ᠂ ᠬᠠᠷ᠎ᠠ ᠠᠷᠢᠭᠢ ᠪᠠᠷ ᠲᠡᠵᠢᠭᠡᠪᠤᠷᠢ ᠲᠠᠤᠯᠠᠢ  ᠶᠢᠨ ᠨᠢᠳᠤᠨ  ᠤ ᠦᠷᠪᠢᠰᠦᠯ ᠶᠢ ᠡᠮᠨᠡᠨ ᠵᠠᠰᠠᠨ᠎ᠠ᠃ 9 ᠬᠤᠪᠢ ᠬᠠᠷ᠎ᠠ ᠠᠷᠢᠭᠢ  ᠶᠢ 1 ᠬᠤᠪᠢ ᠭᠠᠭ᠋ᠠᠢ  ᠶᠢᠨ ᠰᠦᠰᠤ ᠲᠠᠢ ᠵᠢᠭᠳᠡ ᠬᠤᠯᠢᠵᠤ ᠨᠠᠶᠢᠷᠠᠭᠤᠯᠤᠭᠠᠳ ᠲᠠᠤᠯᠠᠢ ᠳᠤ ᠤᠳᠠᠭ᠎ᠠ ᠪᠦᠷᠢ 3 ~ 4 ᠮᠢᠯᠢᠯᠢᠲᠷ ᠦᠭᠪᠡᠯ ᠪᠤᠯᠴᠢᠬᠠᠨ᠎ᠠ᠃
     ᠵᠢᠷᠭᠤᠭ᠎ᠠ᠂ ᠬᠠᠷ᠎ᠠ ᠠᠷᠢᠭᠢ ᠪᠠᠷ ᠲᠠᠤᠯᠠᠢ  ᠶᠢᠨ ᠪᠠᠭᠠᠰᠤ ᠠᠯᠳᠠᠬᠤ  ᠶᠢ ᠡᠮᠨᠡᠨ ᠵᠠᠰᠠᠨ᠎ᠠ᠃ 100 ᠮᠢᠯᠢᠯᠢᠲᠷ ᠬᠠᠷ᠎ᠠ ᠠᠷᠢᠭᠢᠨ ᠳᠤ 250 ᠭᠷᠡᠮ ᠨᠦᠳᠦᠭᠰᠡᠨ ᠰᠠᠷᠢᠮᠰᠠᠭ ᠭᠢᠵᠤ ᠲᠡᠪᠳᠦᠭᠡᠭᠡᠳ ᠤᠳᠠᠭ᠎ᠠ ᠪᠦᠷᠢ 2 ~ 3 ᠮᠢᠯᠢᠯᠢᠲᠷ ᠰᠠᠷᠢᠮᠰᠠᠭ ᠲᠠᠢ ᠠᠷᠢᠭᠢ  ᠶᠢ 3 ~ 4 ᠲᠠᠭᠢᠨ ᠤᠰᠤ ᠲᠠᠢ ᠬᠤᠯᠢᠵᠤ ᠴᠢᠳᠬᠤᠨ ᠤᠤᠭᠤᠯᠭᠠᠨ᠎ᠠ᠂ ᠨᠢᠭᠡ ᠤᠳᠠᠭ᠎ᠠ ᠤᠤᠭᠤᠯᠭᠠᠪᠠᠯ ᠭᠡᠮ ᠨᠢ ᠭᠦᠢᠴᠡᠳ ᠰᠠᠶᠢᠵᠢᠷᠠᠴᠢᠬᠠᠨ᠎ᠠ᠃
     ᠲᠤᠯᠤᠭ᠎ᠠ᠂ 8 ᠬᠤᠪᠢ ᠬᠠᠷ᠎ᠠ ᠠᠷᠢᠭᠢ᠂ ᠨᠢᠭᠡ ᠬᠤᠪᠢ ᠲᠡᠭᠳᠤ᠂ 1 ᠬᠤᠪᠢ ᠪᠤᠮᠤᠰ ᠴᠡᠴᠡᠭ  ᠢ ᠬᠤᠯᠢᠵᠤ 10 ᠡᠳᠤᠷ ᠲᠡᠪᠳᠦᠭᠡᠭᠡᠳ ᠭᠡᠷᠡᠭᠯᠡᠪᠡᠯ ᠲᠠᠤᠯᠠᠢ  ᠶᠢᠨ ᠴᠢᠴᠠᠭ᠎ᠠ ᠠᠯᠳᠠᠬᠤ᠂ ᠪᠦᠮᠪᠤᠭᠡᠯᠢᠭ ᠬᠤᠷᠤᠬᠠᠶᠢᠳᠤ ᠭᠡᠮ᠂ ᠬᠤᠳᠤᠭᠤᠳᠤ ᠭᠡᠳᠡᠰᠤᠨ  ᠤ ᠦᠷᠪᠢᠰᠦᠯ᠂ ᠲᠤᠮᠤᠭᠤ ᠵᠡᠷᠭᠡ ᠭᠡᠮ  ᠢ ᠪᠦᠳᠦᠮᠵᠢᠳᠡᠢ ᠰᠡᠷᠭᠡᠶᠢᠯᠡᠨ ᠵᠠᠰᠠᠨ᠎ᠠ᠃ ᠪᠦᠳᠦᠭᠦᠨ ᠲᠠᠤᠯᠠᠢ ᠳᠤ ᠤᠳᠠᠭ᠎ᠠ ᠪᠦᠷᠢ 2 ~ 4 ᠮᠢᠯᠢᠯᠢᠲᠷ ᠴᠢᠳᠬᠤᠨ ᠤᠤᠭᠤᠯᠭᠠᠵᠤ᠂ ᠪᠦᠵᠦᠩ ᠳᠤ ᠭᠡᠮᠵᠢᠶ᠎ᠠ  ᠶᠢ ᠨᠢ ᠬᠠᠰᠤᠨ ᠤᠤᠭᠤᠯᠭᠠᠨ᠎ᠠ᠃ ᠪᠠᠰᠠ ᠲᠡᠵᠢᠭᠡᠯ ᠳᠤᠨᠢ ᠬᠤᠯᠢᠵᠤ ᠢᠳᠡᠭᠦᠯᠪᠡᠯ ᠦᠷ᠎ᠠ ᠪᠦᠳᠦᠮᠵᠢ ᠪᠠᠷ ᠨᠡᠩ ᠰᠠᠶᠢᠨ ᠪᠠᠶᠢᠳᠠᠭ᠃
     ᠨᠠᠢᠮᠡ᠂ ᠬᠠᠷ᠎ᠠ ᠠᠷᠢᠭᠢ ᠪᠠᠷ ᠭᠠᠭ᠋ᠠᠢ  ᠶᠢᠨ ᠲᠤᠷᠤᠢ  ᠶᠢᠨ ᠴᠠᠭᠠᠨ ︵ᠰᠢᠷ᠎ᠠ︶ ᠴᠢᠴᠠᠭ᠎ᠠ  ᠶᠢ ᠵᠠᠰᠠᠨ᠎ᠠ᠃ 5 ᠮᠢᠯᠢᠯᠢᠲᠷ ᠬᠠᠷ᠎ᠠ ᠠᠷᠢᠭᠢ ︵ᠭᠦᠷᠦᠩᠰᠢᠭᠦᠯᠦᠭᠰᠡᠨ ᠠᠷᠢᠭᠢ ᠪᠤᠯ ᠨᠡᠩ ᠰᠠᠶᠢᠨ︶ ᠲᠡᠭᠡᠷ᠎ᠠ 8 ~ 10 ᠮᠢᠯᠢᠯᠢᠲᠷ ᠨᠡᠷᠡᠮᠡᠯ ᠤᠰᠤ ᠨᠡᠮᠡᠵᠤ ᠵᠢᠭᠳᠡ ᠰᠠᠵᠢᠯᠠᠨ ᠬᠤᠯᠢᠠᠠᠰᠠᠨ  ᠤ ᠰᠡᠭᠦᠯᠡᠷ ᠭᠠᠭ᠋ᠠᠢ  ᠶᠢᠨ ᠰᠡᠭᠦᠯ  ᠤᠨ ᠤᠭ  ᠤᠨ ᠲᠤᠤᠷ᠎ᠠ᠂ ᠬᠤᠰᠭᠢᠨᠠᠭ  ᠤᠨ ᠲᠡᠭᠡᠷᠡᠭᠢ ᠬᠤᠳᠤᠶᠢᠠᠠᠰᠠᠨ ᠪᠠᠯᠴᠢᠷ ᠲᠤ ᠲᠠᠷᠢᠯᠭ᠎ᠠ ᠲᠠᠷᠢᠨ᠎ᠠ᠃ ᠨᠢᠭᠡ ᠭᠠᠷᠠᠭ ᠪᠤᠯᠤᠠᠠᠰᠠᠨ ᠲᠤᠷᠤᠢ ᠪᠦᠷᠢ ᠳᠤ 1 ᠮᠢᠯᠢᠯᠢᠲᠷ᠂ ᠨᠢᠭᠡ ᠭᠠᠷᠠᠭ ᠠᠴᠠ ᠲᠡᠭᠡᠭᠰᠢᠭᠢ ᠲᠤᠷᠤᠢ ᠳᠤ 2 ᠮᠢᠯᠢᠯᠢᠲᠷ  ᠤᠨ ᠭᠡᠮᠵᠶ᠎ᠠ ᠪᠠᠷ ᠡᠳᠤᠷ ᠪᠦᠷᠢ 1 ~ 2 ᠤᠳᠠᠭ᠎ᠠ ᠲᠠᠷᠢᠯᠭ᠎ᠠ ᠲᠠᠷᠢᠪᠡᠯ ᠭᠦᠢᠴᠡᠳ ᠰᠠᠶᠢᠨ ᠡᠳᠡᠭᠡᠷᠡᠴᠢᠭᠡᠭᠦ ᠶᠤᠮ᠃
     ᠶᠢᠰᠤ᠂ ᠬᠠᠷ᠎ᠠ ᠠᠷᠢᠭᠢ ᠪᠠᠷ ᠭᠠᠭ᠋ᠠᠢ  ᠶᠢᠨ ᠬᠠᠯᠳᠠᠪᠤᠷᠢᠳᠤ ᠬᠤᠳᠤᠭᠤᠳᠤ ᠭᠡᠳᠡᠰᠤᠨ  ᠤ ᠦᠷᠪᠢᠰᠦᠯ  ᠢ ᠵᠠᠰᠠᠨ᠎ᠠ᠃ 2 ᠮᠢᠯᠢᠯᠢᠲᠷ ᠬᠠᠷ᠎ᠠ ᠠᠷᠢᠭᠢ  ᠶᠢ ᠤᠰᠤ ᠲᠠᠢ ᠬᠤᠯᠢᠵᠤ᠂ ᠺᠢᠯᠦᠭᠷᠡᠮ ᠪᠦᠷᠢ ᠪᠡᠶ᠎ᠠ  ᠶᠢᠨ ᠭᠦᠨᠳᠤ ᠪᠠᠷ ᠲᠤᠭᠢᠷᠠᠭᠤᠯᠤᠨ ᠡᠳᠤᠷ ᠪᠦᠷᠢ 2 ᠤᠳᠠᠭ᠎ᠠ ᠴᠢᠳᠬᠤᠨ ᠤᠤᠭᠤᠯᠭᠠᠬᠤ ᠪᠤᠶᠤ ᠲᠡᠵᠢᠭᠡᠯ ᠳᠤᠨᠢ ᠬᠤᠯᠢᠵᠤ ᠢᠳᠡᠭᠦᠯᠦᠨ᠎ᠠ᠃ ᠡᠰᠡᠭᠦᠯ᠎ᠠ ᠪᠤᠯᠴᠢᠩ ᠳᠤᠨᠢ ᠲᠠᠷᠢᠯᠭ᠎ᠠ ᠲᠠᠷᠢᠠᠠᠰᠠᠨ ᠴᠤ ᠪᠤᠯᠤᠨ᠎ᠠ᠃ ᠡᠮᠨᠡᠨ ᠵᠠᠰᠠᠵᠤ ᠪᠠᠶᠢᠭ᠎ᠠ ᠬᠤᠭᠤᠴᠠᠭᠠᠨ ᠳᠤ ᠲᠡᠵᠢᠭᠡᠯ ᠦᠭᠭᠦ ᠦᠭᠡᠢ ᠪᠤᠶᠤ ᠪᠠᠭ᠎ᠠ ᠪᠠᠭ᠎ᠠ ᠪᠠᠷ ᠲᠡᠵᠢᠭᠡᠨ᠎ᠡ᠃ ᠭᠡᠳᠡᠯ᠎ᠠ ᠦᠳᠭᠡᠴᠡ  ᠶᠢᠨ ᠭᠡᠮᠵᠢᠶ᠎ᠠ ᠳᠤ 1%  ᠶᠢᠨ ᠲᠠᠪᠤᠰᠤ ᠲᠠᠢ ᠤᠰᠤ  ᠶᠢ ᠭᠦᠢᠴᠡᠳ ᠦᠭᠴᠤ ᠤᠰᠤᠯᠠᠨ᠂ ᠭᠠᠭ᠋ᠠᠢ  ᠶᠢᠨ ᠪᠡᠶ᠎ᠠ  ᠶᠢᠨ ᠤᠰᠤ ᠠᠯᠳᠠᠬᠤ ᠠᠴᠠ ᠰᠡᠷᠭᠡᠶᠢᠯᠡᠭᠦ ᠭᠡᠷᠡᠭᠳᠡᠢ᠃
     ᠠᠷᠪᠡ᠂ ᠬᠠᠷ᠎ᠠ ᠠᠷᠢᠭᠢ ᠪᠠᠷ ᠮᠡᠭᠡᠵᠢ  ᠶᠢᠨ ᠤᠷᠤᠭ᠎ᠠ ᠤᠷᠤᠬᠤ ᠦᠭᠡᠢ ᠭᠡᠮ  ᠢ ᠡᠮᠨᠡᠨ ᠵᠠᠰᠠᠨ᠎ᠠ᠃ 250 ᠮᠢᠯᠢᠯᠢᠲᠷ ᠬᠠᠷ᠎ᠠ ᠠᠷᠢᠭᠢ ︵ᠵᠢᠯ ᠦᠨᠵᠢᠭᠰᠡᠨ ᠪᠤᠳᠠᠭᠠᠨ ᠠᠷᠢᠭᠢ ᠪᠤᠯ ᠨᠡᠩ ᠰᠠᠶᠢᠨ︶᠂ 10 ᠭᠷᠡᠮ ᠮᠤᠭᠠᠢ  ᠶᠢᠨ ᠵᠤᠯᠪᠤᠳᠠᠰᠤ  ᠶᠢ ᠨᠢᠭᠡ ᠬᠤᠪᠢ ᠪᠤᠯᠭᠤᠭᠠᠳ ᠴᠢᠳᠬᠤᠨ ᠤᠤᠭᠤᠯᠭᠠᠵᠤ᠂ ᠵᠠᠯᠭᠠᠭ᠎ᠠ ᠪᠠᠷ 3 ᠡᠳᠤᠷ ᠤᠤᠭᠤᠯᠭᠠᠨ᠎ᠠ᠃
     ᠠᠷᠪᠡᠨ ᠨᠢᠭᠡ᠂ ᠬᠠᠷ᠎ᠠ ᠠᠷᠢᠭᠢ ᠪᠠᠷ ᠭᠠᠭ᠋ᠠᠢ᠂ ᠦᠭᠡᠷ  ᠤᠨ ᠲᠠᠭᠠᠷᠠᠵᠤ ᠪᠡᠭᠡᠷᠡᠭᠡᠳ ᠭᠡᠳᠡᠰᠤ ᠭᠦᠭᠡᠭᠡᠭᠦ  ᠶᠢ ᠡᠮᠨᠡᠨ ᠵᠠᠰᠠᠨ᠎ᠠ᠃ 20 ~ 300 ᠮᠢᠯᠢᠯᠢᠲᠷ ᠬᠠᠷ᠎ᠠ ᠠᠷᠢᠭᠢ  ᠶᠢ ᠦᠭᠡᠷ ᠲᠤ᠂ 50 ~100 ᠮᠢᠯᠢᠯᠢᠲᠷ ᠬᠠᠷ᠎ᠠ ᠠᠷᠢᠭᠢ  ᠶᠢ ᠭᠠᠭ᠋ᠠᠢ ᠳᠤ ᠡᠳᠤᠷ ᠪᠦᠷᠢ 1 ~2 ᠤᠳᠠᠭ᠎ᠠ ᠴᠢᠳᠬᠤᠵᠤ ᠤᠤᠭᠤᠯᠭᠠᠨ᠎ᠠ᠃
     ᠠᠷᠪᠡᠨ ᠬᠤᠶᠠᠷ᠂ ᠦᠭᠡᠷ  ᠤᠨ ᠭᠡᠪᠢᠭᠦ ᠦᠭᠡᠢ ᠭᠡᠮ  ᠢ ᠬᠠᠷ᠎ᠠ ᠠᠷᠢᠭᠢ ᠪᠠᠷ ᠡᠮᠨᠡᠨ ᠵᠠᠰᠠᠨ᠎ᠠ᠃ 250 ᠮᠢᠯᠢᠯᠢᠲᠷ ᠬᠠᠷ᠎ᠠ ᠠᠷᠢᠭᠢ  ᠶᠢ 200 ᠭᠷᠡᠮ ᠬᠠᠷ᠎ᠠ ᠪᠤᠷᠠᠮ ᠲᠠᠢ ᠬᠤᠯᠢᠵᠤ ᠰᠠᠶᠢᠳᠤᠷ ᠬᠤᠳᠬᠤᠭᠠᠳ ᠲᠡᠭᠡᠷ᠎ᠡ ᠨᠢ ᠪᠠᠭ᠎ᠠ ᠰᠠᠭ᠎ᠠ ᠤᠰᠤ ᠨᠡᠮᠡᠵᠤ ᠴᠢᠳᠬᠤᠨ ᠤᠤᠭᠤᠯᠭᠠᠨ᠎ᠠ᠃
     ᠠᠷᠪᠡᠨ ᠭᠤᠷᠪᠡ᠂ ᠵᠤᠨ ᠨᠠᠮᠤᠷ  ᠤᠨ ᠤᠯᠠᠷᠢᠯ ᠳᠤ ᠦᠭᠡᠷ  ᠤᠨ ᠭᠡᠳᠡᠰᠤ ᠰᠡᠷᠢᠭᠦᠳᠡᠵᠤ ᠭᠡᠮᠨᠡᠭᠦ  ᠶᠢ ᠬᠠᠷ᠎ᠠ ᠠᠷᠢᠭᠢ ᠪᠠᠷ ᠡᠮᠨᠡᠨ ᠵᠠᠰᠠᠨ᠎ᠠ᠃ 150 ᠮᠢᠯᠢᠯᠢᠲᠷ ᠬᠠᠷ᠎ᠠ ᠠᠷᠢᠭᠢ  ᠶᠢ 200 ᠭᠷᠡᠮ ᠬᠠᠷ᠎ᠠ ᠪᠤᠷᠠᠮ ᠲᠠᠢ ᠬᠤᠯᠢᠵᠤ ᠲᠡᠭᠡᠷ᠎ᠡ ᠨᠢ ᠪᠠᠭ᠎ᠠ ᠰᠠᠭ᠎ᠠ ᠤᠰᠤ ᠭᠢᠵᠤ ᠰᠠᠶᠢᠳᠤᠷ ᠬᠤᠯᠢᠠᠠᠰᠠᠨ  ᠤ ᠰᠡᠭᠦᠯᠡᠷ ᠴᠢᠳᠬᠤᠨ ᠤᠤᠭᠤᠯᠭᠠᠨ᠎ᠠ᠃
      ᠠᠷᠪᠡᠨ ᠲᠦᠷᠪᠡ᠂ ᠮᠤᠷᠢᠨ  ᠤ ᠭᠡᠳᠡᠰᠤ ᠰᠡᠷᠢᠭᠦᠳᠡᠭᠰᠡᠨ  ᠢ ᠬᠠᠷ᠎ᠠ ᠠᠷᠢᠭᠢ ᠪᠠᠷ ᠡᠮᠨᠡᠨ ᠵᠠᠰᠠᠨ᠎ᠠ᠃ 250 ᠮᠢᠯᠢᠯᠢᠲᠷ ᠬᠠᠷ᠎ᠠ ᠠᠷᠢᠭᠢ  ᠶᠢ 500 ᠭᠷᠡᠮ ᠪᠤᠴᠠᠯᠤᠠᠠᠰᠠᠨ ᠤᠰᠤ ᠪᠠᠷ ᠰᠢᠩᠭᠡᠷᠡᠭᠦᠯᠦᠭᠡᠳ ᠴᠢᠳᠬᠤᠵᠤ ᠤᠤᠭᠤᠯᠭᠠᠨ᠎ᠠ᠃  
     ᠠᠷᠪᠡᠨ ᠲᠠᠪᠤ᠂ ᠭᠡᠭᠦᠤ  ᠶᠢᠨ ᠭᠡᠭᠡᠯ ᠭᠦᠳᠡᠯᠦᠭᠡᠳ ᠭᠡᠭᠡᠯ ᠬᠠᠶᠠᠬᠤ  ᠶᠢ ᠬᠠᠷ᠎ᠠ ᠠᠷᠢᠭᠢ ᠪᠠᠷ ᠡᠮᠨᠡᠨ ᠵᠠᠰᠠᠨ᠎ᠠ᠃ 250 ᠭᠷᠡᠮ ᠬᠠᠷ᠎ᠠ ᠠᠷᠢᠭᠢ  ᠶᠢ 100 ᠭᠷᠡᠮ ᠬᠠᠷ᠎ᠠ ᠪᠤᠷᠠᠮ ᠲᠠᠢ ᠬᠤᠯᠢᠵᠤ ᠬᠤᠳᠬᠤᠭᠠᠳ ᠴᠢᠳᠬᠤᠨ ᠤᠤᠭᠤᠯᠭᠠᠨ᠎ᠠ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ