ᠭᠠᠭ᠋ᠠᠢ ᠶᠢᠨ ᠭᠢᠨᠵᠢᠯᠢᠭ ᠪᠠᠺᠲ᠋ᠧᠷᠢᠳᠤ ᠭᠡᠮ ᠢ ᠰᠡᠷᠭᠡᠶᠢᠯᠡᠨ ᠵᠠᠰᠠᠬᠤ
ᠨᠡᠶᠢᠲᠡᠯᠡᠭᠰᠡᠨ ᠴᠠᠭ᠄
2015/12/4

      ᠭᠠᠭ᠋ᠠᠢ  ᠶᠢᠨ ᠭᠢᠨᠵᠢᠯᠢᠭ ᠪᠠᠺᠲ᠋ᠧᠷᠢᠳᠤ ᠭᠡᠮ ︵ᠡᠷᠢᠭᠡᠨ ᠪᠠᠺᠲ᠋ᠧᠷᠢᠳᠤ ᠭᠡᠮ︶ ᠨᠢ ᠭᠢᠨᠵᠢᠯᠢᠭ ᠪᠠᠺᠲ᠋ᠧᠷᠢᠳᠤ ᠠᠴᠠ ᠬᠠᠯᠳᠠᠪᠤᠷᠢᠯᠡᠨ ᠡᠭᠦᠰᠳᠡᠭ᠃ ᠰᠢᠨᠵᠢᠯᠡᠭᠦ ᠤᠬᠠᠭᠠᠨ  ᠤ ᠢᠯᠡᠷᠡᠭᠦᠯᠦᠯᠳᠡ  ᠶᠢ ᠦᠨᠳᠦᠰᠦᠯᠡᠪᠡᠯ᠂ ᠦᠷᠭᠦᠯᠵᠢ ᠯᠢᠮᠹᠠ  ᠶᠢᠨ ᠦᠶ᠎ᠠ  ᠶᠢᠨ ᠢᠳᠡᠭᠡᠳᠤ ᠬᠠᠪᠤᠳᠠᠷ  ᠢᠶᠠᠷ ᠢᠯᠡᠷᠡᠳᠡᠭ ᠪᠤᠯᠪᠠᠴᠤ ᠴᠢᠰᠤ ᠦᠵᠢᠷᠡᠭᠦ ᠴᠢᠨᠡᠷᠳᠡᠢ ᠭᠢᠨᠵᠢᠯᠢᠭ ᠪᠠᠺᠲ᠋ᠧᠷᠢᠳᠤ  ᠶᠢᠨ ᠬᠤᠤᠷ ᠭᠦᠨᠦᠭᠡᠯ  ᠢᠶᠠᠷ ᠬᠠᠮᠤᠭ  ᠤᠨ ᠶᠡᠭᠡ ᠪᠠᠶᠢᠵᠤ᠂ ᠡᠯ᠎ᠠ ᠵᠤᠶᠢᠯ  ᠤᠨ ᠡᠭᠦᠯᠳᠡᠷ᠂ ᠨᠠᠰᠤ ᠰᠢᠳᠤ  ᠶᠢᠨ ᠭᠠᠭ᠋ᠠᠢ ᠳᠤ ᠴᠦᠮ ᠬᠠᠯᠳᠠᠪᠤᠷᠢᠯᠡᠨ ᠲᠡᠯᠭᠡᠷᠡᠨ᠎ᠡ᠂ ᠭᠡᠪᠡᠴᠤ ᠴᠢᠰᠤ ᠦᠵᠢᠷᠡᠭᠦ ᠭᠡᠮ ᠪᠤᠯᠤᠨ ᠲᠠᠷᠢᠭᠢᠨ ᠪᠦᠷᠭᠦᠪᠴᠢ  ᠶᠢᠨ ᠦᠷᠪᠢᠰᠦᠯ ᠨᠢ ᠤᠯᠠᠩᠭᠢ ᠳᠠᠭᠠᠨ ᠲᠤᠷᠤᠢ ᠳᠤ ᠢᠯᠡᠷᠡᠨ᠎ᠡ᠃ ᠢᠳᠡᠭᠡᠳᠤ ᠴᠢᠨᠠᠷ  ᠤᠨ ᠯᠢᠮᠹᠠ  ᠶᠢᠨ ᠪᠤᠯᠴᠢᠷᠬᠠᠢ  ᠶᠢᠨ ᠦᠷᠪᠢᠰᠦᠯ  ᠤᠨ ᠤᠯᠠᠩᠭᠢ ᠨᠢ ᠵᠠᠯᠠᠭᠤ ᠭᠠᠭ᠋ᠠᠢ ᠳᠤ ᠢᠯᠡᠷᠡᠳᠡᠭ᠂ ᠲᠤᠰ ᠭᠡᠮ ᠬᠠᠯᠳᠠᠪᠤᠷᠢᠯᠬᠠᠰᠠᠨ  ᠤ ᠲᠠᠷᠠᠭ᠎ᠠ᠂ ᠶᠠᠷᠤ ᠠᠴᠠ ᠭᠠᠭ᠋ᠠᠢ  ᠶᠢᠨ ᠰᠦᠷᠦᠭ ᠲᠤ ᠵᠠᠯᠭᠠᠭ᠎ᠠ ᠪᠠᠷ ᠬᠠᠯᠳᠠᠪᠤᠷᠢᠯᠠᠳᠠᠭ᠃ ᠭᠡᠮᠨᠡᠭᠰᠡᠨ ᠪᠠᠶᠢᠳᠠᠯ  ᠢ ᠶᠠᠷᠤ ᠳᠡᠭᠡᠨ ᠲᠤᠤᠷᠠᠭᠢ ᠲᠦᠷᠪᠡᠨ ᠵᠤᠶᠢᠯ  ᠤᠨ ᠭᠡᠮ  ᠤᠨ ᠭᠡᠯᠪᠡᠷᠢ ᠳᠤ ᠬᠤᠪᠢᠷᠠᠨ᠎ᠠ᠃
       ︵1︶ ᠴᠢᠰᠤ ᠦᠵᠢᠷᠡᠭᠦ ᠭᠡᠮ  ᠤᠨ ᠭᠡᠯᠪᠡᠷᠢ᠄ ᠬᠠᠯᠳᠠᠪᠤᠷᠢᠯᠠᠨ ᠲᠡᠯᠭᠡᠷᠡᠭᠦ ᠡᠭᠢᠨ  ᠤ ᠬᠤᠭᠤᠴᠠᠭᠠᠨ ᠳᠤ ᠦᠷᠭᠦᠯᠵᠢ ᠬᠠᠮᠤᠭ  ᠤᠨ ᠲᠦᠷᠭᠡᠨ ᠴᠢᠨᠠᠷᠳᠤ ᠭᠡᠮ  ᠤᠨ ᠵᠢᠱᠢᠶ᠎ᠠ ᠲᠠᠢ ᠪᠠᠶᠢᠵᠤ᠂ ᠶᠠᠷᠤ ᠠᠴᠠ ᠶᠠᠮᠠᠷᠪᠡ ᠭᠡᠮᠨᠡᠭᠰᠡᠨ ᠪᠠᠶᠢᠳᠠᠯ  ᠢᠶᠠᠷ ᠭᠡᠨᠡᠳᠳᠡ ᠦᠭᠦᠳᠡᠭ ᠦᠭᠡᠢ ᠶᠤᠮ᠂ ᠡᠨᠡ ᠭᠦ ᠭᠡᠮ  ᠤᠨ ᠢᠯᠡᠷᠡᠯ ᠨᠢ ᠭᠤᠤᠯᠳᠠᠭᠤ ᠢᠳᠡᠭᠦ ᠪᠠᠨ ᠵᠤᠠᠠᠰᠤᠬᠤ᠂ ᠪᠠᠶ᠎ᠠ  ᠶᠢᠨ ᠲᠤᠯᠠᠭᠠᠨ ᠨᠢ 41.5 ~ 42℃ ᠠᠴᠠ ᠲᠡᠭᠡᠭᠰᠢ ᠪᠤᠯᠬᠤ᠂ ᠴᠤᠭ ᠰᠦᠯᠳᠡ ᠨᠢ ᠪᠠᠭᠤᠷᠠᠬᠤ᠂ ᠭᠡᠪᠡᠯᠢ  ᠶᠢᠨ ᠲᠤᠤᠷ᠎ᠠ ᠨᠢ ᠤᠯᠠᠭᠠᠨ ᠲᠤᠯᠪᠤ ᠢᠯᠡᠷᠡᠭᠦ᠂ ᠵᠠᠷᠢᠮ ᠨᠢ ᠪᠠᠰᠠ ᠭᠡᠮᠨᠡᠯᠳᠡ ᠭᠦᠨᠳᠦᠷᠡᠭᠡᠳ ᠦᠭᠦᠳᠡᠭ ᠪᠠᠶᠢᠨ᠎ᠠ᠃
       ︵2︶ ᠲᠠᠷᠢᠭᠢᠨ ᠪᠦᠷᠭᠦᠪᠴᠢ  ᠶᠢᠨ ᠦᠷᠪᠢᠰᠦᠯ  ᠤᠨ ᠭᠡᠯᠪᠡᠷᠢ᠄ ᠭᠡᠮ ᠲᠠᠢ ᠭᠠᠭ᠋ᠠᠢ  ᠶᠢᠨ ᠪᠡᠶ᠎ᠠ  ᠶᠢᠨ ᠲᠤᠯᠠᠭᠠᠨ ︵40.5 ~ 42℃ ᠠᠴᠠ ᠲᠡᠭᠡᠭᠰᠢ︶ ᠨᠢ ᠲᠡᠭᠡᠭᠰᠢᠯᠡᠨ᠎ᠡ᠂ ᠡᠶᠢᠮᠤ ᠭᠡᠮ  ᠤᠨ ᠢᠯᠡᠷᠡᠯ ᠨᠢ ᠭᠤᠤᠯᠳᠠᠭᠤ ᠢᠳᠡᠭᠦ ᠲᠤᠷᠠᠰᠢᠯ ᠨᠢ ᠮᠠᠭᠤᠳᠠᠬᠤ᠂ ᠪᠠᠭᠠᠰᠤ ᠨᠢ ᠬᠠᠳᠠᠬᠤ᠂ ᠭᠦᠳᠡᠯᠭᠡᠭᠡᠨ ᠨᠢ ᠵᠤᠭᠢᠴᠠᠯ  ᠢᠶᠠᠨ ᠠᠯᠳᠠᠬᠤ᠂ ᠡᠷᠭᠢᠭᠦᠳᠦᠭᠦ᠂ ᠬᠤᠭᠤᠰᠤᠨ ᠵᠠᠵᠢᠯᠤᠨ ᠰᠢᠳᠤ ᠪᠠᠨ ᠬᠠᠪᠢᠷᠠᠬᠤ ᠪᠤᠶᠤ ᠲᠡᠭᠡᠭᠰᠢ ᠬᠠᠷᠠᠨ ᠭᠡᠪᠳᠡᠨ᠎ᠡ᠂ ᠵᠠᠯᠭᠠᠭ᠎ᠠ ᠪᠠᠷ ᠬᠤᠶᠢᠳᠤ ᠮᠦᠴᠢ ᠨᠢ ᠮᠢᠨᠴᠦᠭᠦᠷᠡᠵᠤ᠂ ᠡᠮᠦᠨ᠎ᠠ ᠮᠦᠴᠢ ᠪᠠᠨ ᠲᠡᠨᠢᠢᠯᠭᠡᠨ᠂ ᠲᠦᠷᠪᠡᠨ ᠮᠦᠴᠢ ᠪᠠᠨ ᠤᠰᠤᠨ ᠳᠤ ᠤᠮᠪᠠᠵᠤ ᠪᠠᠶᠢᠬᠤ ᠰᠢᠭ᠋ ᠭᠦᠳᠡᠯᠭᠡᠨ᠎ᠡ᠂ ᠴᠢᠨ᠋ᠬᠠᠰᠢᠯᠠᠪᠠᠯ ᠮᠠᠨᠠᠷᠠᠭᠠᠳ ᠰᠡᠷᠭᠦᠭᠦ ᠦᠭᠡᠢ ᠪᠤᠯᠳᠠᠭ᠃ ᠵᠠᠷᠢᠮ ᠭᠠᠭ᠋ᠠᠢ ᠳᠤ ᠦᠶ᠎ᠠ  ᠶᠢᠨ ᠦᠷᠪᠢᠰᠦᠯ ᠡᠭᠦᠰᠴᠤ᠂ ᠦᠶ᠎ᠠ ᠨᠢ ᠬᠠᠪᠤᠳᠴᠤ᠂ ᠬᠠᠮᠤᠭ  ᠤᠨ ᠲᠦᠷᠭᠡᠨ ᠴᠢᠨᠠᠷᠳᠡᠢ ᠨᠢ ᠭᠡᠳᠦᠨ ᠴᠠᠭ ᠪᠤᠶᠤ ᠨᠢᠭᠡ ᠬᠤᠶᠠᠷ ᠡᠳᠤᠷ  ᠤᠨ ᠲᠤᠳᠤᠷ᠎ᠡ ᠦᠭᠦᠳᠡᠭ᠂ ᠭᠡᠮ  ᠤᠨ ᠶᠠᠪᠤᠴᠠ ᠨᠢ 3 ~ 5 ᠡᠳᠤᠷ ᠦᠷᠭᠦᠯᠵᠢᠯᠡᠵᠤ᠂ ᠵᠠᠷᠢᠮ ᠲᠤᠷᠤᠢ  ᠶᠢᠨ ᠲᠤᠯᠤᠭᠠᠢ᠂ ᠭᠦᠵᠦᠭᠦᠤ᠂ ᠨᠢᠷᠤᠭᠤ ᠵᠡᠷᠭᠡ ᠭᠡᠰᠡᠭ ᠲᠤ ᠤᠰᠤᠨ ᠬᠠᠪᠤᠡᠭ ᠡᠭᠦᠰᠴᠤ᠂ ᠬᠤᠷᠤᠭᠤ ᠪᠠᠷ ᠲᠠᠷᠤᠬᠤ ᠳᠤ ᠬᠤᠳᠤᠶᠢᠨ᠎ᠠ᠃ ᠭᠡᠷᠪᠡ ᠲᠠᠷᠤᠶᠢᠬᠠᠨ ᠡᠮᠨᠡᠨ ᠵᠠᠰᠠᠬᠤ ᠦᠭᠡᠢ ᠪᠤᠯ ᠦᠭᠦᠯᠳᠡ  ᠶᠢᠨ ᠨᠤᠷᠮ᠎ᠠ ᠪᠠᠷ ᠨᠡᠯᠢᠶᠡᠳ ᠦᠨᠳᠤᠷ ᠪᠠᠶᠢᠳᠠᠭ᠃
       ︵3︶ ᠦᠶ᠎ᠠ  ᠶᠢᠨ ᠦᠷᠪᠢᠰᠦᠯ  ᠤᠨ ᠭᠡᠯᠪᠡᠷᠢ᠄ ᠴᠢᠰᠤ ᠦᠵᠢᠷᠡᠭᠦ ᠭᠡᠮ  ᠤᠨ ᠭᠡᠯᠪᠡᠷᠢ ᠲᠠᠷᠢᠭᠢᠨ ᠪᠦᠷᠭᠦᠪᠴᠢ  ᠶᠢᠨ ᠦᠷᠪᠢᠰᠦᠯ  ᠤᠨ ᠭᠡᠯᠪᠡᠷᠢ ᠠᠴᠠ ᠤᠯᠠᠷᠢᠯ ᠬᠤᠪᠢᠷᠠᠬᠤ ᠪᠤᠶᠤ ᠭᠡᠮᠨᠡᠭᠰᠡᠨ ᠠᠴᠠ ᠡᠭᠢᠯᠡᠭᠡᠳ ᠲᠠᠷᠤᠢ ᠦᠶ᠎ᠠ  ᠶᠢᠨ ᠦᠷᠪᠢᠰᠦᠯ  ᠤᠨ ᠰᠢᠨᠵᠢ ᠲᠡᠮᠳᠡᠭ ᠢᠯᠡᠷᠡᠨ᠎ᠡ᠃ ᠨᠢᠭᠡ ᠮᠦᠴᠢ ᠪᠤᠶᠤ ᠭᠡᠳᠦᠨ ᠮᠦᠴᠢ  ᠶᠢᠨ ᠦᠶ᠎ᠠ ᠨᠢ ᠬᠠᠪᠤᠳᠴᠤ ᠡᠪᠡᠳᠦᠭᠡᠳ ᠲᠤᠭᠤᠯᠳᠠᠨ᠎ᠠ᠂ ᠴᠢᠨ᠋ᠬᠠᠰᠢᠯᠠᠪᠠᠯ ᠵᠤᠠᠠᠰᠤᠵᠤ ᠴᠤ ᠲᠡᠶᠢᠯᠭᠦ ᠦᠭᠡᠢ ᠪᠤᠯᠳᠠᠭ᠃ ᠭᠡᠮ  ᠤᠨ ᠶᠠᠪᠤᠴᠠ ᠨᠢ 2 ~ 3 ᠭᠠᠷᠠᠭ ᠦᠷᠭᠦᠯᠵᠢᠯᠡᠨ᠎ᠡ᠃
       ︵4︶ ᠯᠢᠮᠹᠠ  ᠶᠢᠨ ᠦᠶ᠎ᠠ  ᠶᠢᠨ ᠢᠳᠡᠭᠡᠳᠤ ᠬᠠᠪᠤᠳᠠᠷ  ᠤᠨ ᠭᠡᠯᠪᠡᠷᠢ᠄ ᠵᠠᠩᠰᠢᠯ  ᠢᠶᠠᠷ ︽ᠨᠤᠠᠳᠠᠭ ᠴᠦᠪᠤᠷᠢᠭᠦᠤ︾ ᠭᠡᠳᠡᠭ᠃ ᠡᠷᠡᠤ  ᠶᠢᠨ ᠯᠢᠮᠹᠠ  ᠶᠢᠨ ᠦᠶ᠎ᠠ ᠳᠤ ᠦᠷᠭᠦᠯᠵᠢ ᠢᠳᠡᠭᠡᠳᠤ ᠰᠢᠭᠦᠰᠤ ᠢᠯᠡᠷᠡᠨ᠎ᠡ︔ ᠬᠤᠭᠤᠯᠠᠢ᠂ ᠴᠢᠭᠢᠨ  ᠤ ᠲᠤᠤᠷ᠎ᠠ᠂ ᠭᠦᠵᠦᠭᠦᠨ ᠭᠡᠰᠡᠭ ᠳᠠᠬᠢ ᠯᠢᠮᠹᠠ  ᠶᠢᠨ ᠦᠶ᠎ᠠ ᠳᠤ ᠶᠠᠷᠤ ᠳᠡᠭᠡᠨ ᠢᠯᠠᠷᠭᠡᠢ ᠡᠮᠴᠢᠯᠡᠪᠤᠷᠢ  ᠶᠢᠨ ᠰᠢᠨᠵᠢ ᠲᠡᠮᠳᠡᠭ ᠦᠭᠡᠢ ᠶᠤᠮ︔ ᠡᠭᠢᠨ ᠳᠡᠭᠡᠨ ᠯᠢᠮᠹᠠ  ᠶᠢᠨ ᠦᠶ᠎ᠠ ᠨᠢ ᠬᠠᠪᠤᠳᠠᠷ ᠲᠠᠢ ᠪᠤᠯᠵᠤ᠂ ᠬᠠᠳᠠᠭᠤᠷᠠᠨ ᠨᠢᠯᠴᠢᠭᠢᠨᠡᠵᠤ ᠡᠪᠡᠳᠦᠨ᠎ᠠ᠂ ᠲᠠᠷᠠᠭ᠎ᠠ ᠨᠢ ᠢᠳᠡᠭᠡᠯᠡᠨ ᠴᠤᠭᠤᠷᠠᠵᠤ ᠯᠡᠪᠡᠷᠡᠨ᠎ᠡ᠂ ᠲᠡᠭᠡᠭᠡᠳ ᠨᠤᠭᠤᠭᠠᠨ ᠪᠤᠶᠤ ᠰᠦᠨ ᠴᠠᠭᠠᠨ ᠦᠡᠭᠭᠡ  ᠶᠢᠨ ᠢᠳᠡᠭᠡᠳᠤ ᠰᠢᠭᠦᠰᠤ ᠭᠤᠭᠤᠵᠢᠵᠤ᠂ ᠢᠳᠡᠭᠡᠳᠤ ᠰᠢᠭᠦᠰᠤᠨ  ᠤ ᠭᠠᠳᠠᠷ ᠲᠠᠯ᠎ᠠ ᠳᠤᠨᠢ ᠨᠢᠭᠡ ᠲᠠᠪᠬᠤᠷ ᠪᠦᠷᠭᠦᠭᠦᠯ ᠤᠭᠤᠳᠠ ᠪᠦᠷᠭᠦᠵᠤ᠂ ᠢᠳᠡᠭᠡᠳᠤ ᠰᠢᠭᠦᠰᠤ ᠨᠢ ᠭᠠᠷᠴᠤ ᠲᠠᠭᠤᠰᠤᠠᠠᠰᠠᠨ  ᠤ ᠲᠠᠷᠠᠭ᠎ᠠ ᠲᠤᠳᠤᠷ ᠰᠤᠶᠤᠭ᠎ᠠ ᠨᠢ ᠨᠡᠮᠡᠭᠳᠡᠨ ᠦᠪᠡᠰᠦᠪᠡᠨ ᠡᠳᠡᠭᠡᠷᠡᠨ᠎ᠡ᠂ ᠭᠡᠮ  ᠤᠨ ᠶᠠᠪᠤᠴᠠ ᠨᠢ ᠪᠠᠷᠤᠭ 3 ~ 5 ᠭᠠᠷᠠᠭ ᠦᠷᠭᠦᠯᠵᠢᠯᠡᠨ᠎ᠡ᠃
      ᠤᠷᠢᠳᠴᠢᠯᠠᠨ ᠰᠡᠷᠭᠡᠶᠢᠯᠡᠭᠦ᠄ ᠸᠠᠺᠼᠢᠨ  ᠤ ᠲᠠᠷᠢᠯᠭ᠎ᠠ ᠲᠠᠷᠢᠨ᠎ᠠ᠂ 60 ᠡᠳᠤᠷ ᠪᠤᠯᠤᠠᠠᠰᠠᠨ ᠲᠤᠷᠤᠢ ᠳᠤ ᠨᠢᠭᠡᠳᠦᠭᠡᠷ ᠤᠳᠠᠭᠠᠨ  ᠤ ᠭᠢᠵᠢᠭ ᠠᠴᠠ ᠭᠡᠯᠳᠦᠷᠢᠭᠦᠯᠭᠦ ᠲᠠᠷᠢᠯᠭ᠎ᠠ ᠲᠠᠷᠢᠠᠠᠰᠠᠨ  ᠤ ᠲᠠᠷᠠᠭ᠎ᠠ ᠵᠢᠯ ᠪᠦᠷᠢ ᠬᠠᠪᠤᠷ ᠨᠠᠮᠤᠷ ᠲᠤ ᠭᠦᠴᠦᠷᠭᠡᠭᠵᠢᠭᠦᠯᠦᠭᠰᠡᠨ ᠭᠢᠵᠢᠭ ᠠᠴᠠ ᠭᠡᠯᠳᠦᠷᠢᠭᠦᠯᠭᠦ ᠲᠠᠷᠢᠯᠭ᠎ᠠ  ᠶᠢ ᠪᠠᠰᠠ ᠲᠤᠰᠪᠤᠷᠢ ᠨᠢᠭᠡ ᠤᠳᠠᠭ᠎ᠠ ᠲᠠᠷᠢᠨ᠎ᠠ᠃ ᠶᠡᠭᠡ ᠪᠠᠭ᠎ᠠ ᠭᠠᠭ᠋ᠠᠢ  ᠶᠢᠨ ᠪᠤᠯᠴᠢᠩ ᠮᠢᠬ᠎ᠠ ᠪᠤᠶᠤ ᠠᠷᠠᠰᠤᠨ ᠲᠤᠤᠷ᠎ᠡ ᠨᠢ ᠪᠦᠷ 5 ᠮᠢᠯᠢᠯᠢᠲᠷ  ᠭᠢᠨᠵᠢᠯᠢᠭ ᠪᠠᠺᠲ᠋ᠧᠷᠢ  ᠶᠢᠨ ᠤᠰᠤᠮᠬᠠᠳᠤ ᠭᠦᠡᠭᠭᠡᠨᠴᠠᠭᠠᠨ  ᠤ ᠸᠠᠺᠼᠢᠨ  ᠤ ᠲᠠᠷᠢᠯᠭ᠎ᠠ ᠲᠠᠷᠢᠨ᠎ᠠ᠂ ᠭᠢᠵᠢᠭ ᠠᠴᠠ ᠭᠡᠯᠳᠦᠷᠢᠭᠦᠯᠭᠦ ᠬᠤᠭᠤᠴᠠᠭ᠎ᠠ ᠨᠢ 6 ᠰᠠᠷ᠎ᠠ  ᠶᠢᠨ ᠭᠦᠴᠤᠨ ᠲᠠᠢ ᠶᠤᠮ᠃
      ᠡᠮᠳᠤ ᠪᠤᠳᠠᠰ  ᠢᠶᠠᠷ ᠤᠷᠢᠳᠴᠢᠯᠠᠨ ᠰᠡᠷᠭᠡᠶᠢᠯᠡᠭᠦ ᠳᠤ ᠲᠤᠨ ᠪᠦᠷᠢ ᠲᠡᠵᠢᠭᠡᠯ ᠪᠤᠷᠳᠤᠭᠠᠨ ᠳᠤ125 ᠭᠷᠡᠮ ᠰᠧ ᠬᠤᠸᠠᠨ ᠰᠤ᠋ ᠬᠤᠯᠢᠨ ᠨᠡᠮᠡᠭᠡᠳ 4 ~ 6 ᠭᠠᠷᠠᠭ ᠲᠡᠵᠢᠭᠡᠪᠡᠯ ᠲᠤᠰ ᠭᠡᠮ  ᠤᠨ ᠦᠷᠭᠦᠯᠵᠢᠯᠡᠨ ᠡᠭᠦᠰᠭᠦ  ᠶᠢ ᠬᠤᠷᠢᠠᠠᠯᠠᠵᠤ ᠲᠠᠶᠢᠯᠦᠨ᠎ᠠ᠃
      ᠡᠮᠨᠡᠨ ᠵᠠᠰᠠᠬᠤ᠄ ᠭᠡᠮ ᠲᠠᠢ ᠭᠠᠭ᠋ᠠᠢ  ᠶᠢ ᠲᠤᠰᠠᠭᠠᠷᠯᠠᠵᠤ ᠡᠮᠨᠡᠨ ᠵᠠᠰᠠᠨ᠎ᠠ᠂ ᠪᠠᠺᠲ᠋ᠧᠷᠢ ᠲᠠᠢ ᠮᠡᠭᠡᠵᠢ  ᠶᠢ ᠪᠤᠯᠬᠤ  ᠶᠢᠨ ᠲᠤᠳᠤᠷ᠎ᠡ ᠰᠢᠷᠪᠢᠭᠳᠡᠭᠦᠯᠵᠤ᠂ ᠲᠡᠭᠦᠨ  ᠤ ᠪᠡᠶ᠎ᠠ ᠲᠡᠭᠡᠷᠡᠭᠢ ᠪᠤᠵᠠᠷᠳᠤᠠᠠᠰᠠᠨ ᠪᠤᠳᠠᠰ  ᠢ ᠲᠤᠤᠱᠳᠠᠢ ᠴᠡᠪᠡᠷᠯᠡᠨ ᠠᠷᠢᠭᠤᠳᠬᠠᠬᠤ ᠭᠡᠷᠡᠭᠳᠡᠢ᠃ ᠡᠮᠨᠡᠨ ᠵᠠᠰᠠᠬᠤ ᠳᠠᠭᠠᠨ ᠭᠠᠭ᠋ᠠᠢ ᠪᠦᠷᠢ ᠳᠤ ᠤᠳᠠᠭ᠎ᠠ ᠪᠤᠯᠭᠠᠨ 40 ~ 100 ᠲᠦᠮᠡᠨ ᠨᠢᠭᠡᠴᠢ  ᠶᠢᠨ ᠴᠢᠩ ᠮᠸᠢ ᠰᠤ᠋ ᠭᠡᠷᠡᠭᠯᠡᠵᠤ᠂ ᠡᠳᠤᠷ ᠪᠦᠷᠢ ᠪᠤᠯᠴᠢᠩ ᠮᠢᠬᠠᠨ ᠳᠤᠨᠢ ᠬᠤᠶᠠᠷ ᠤᠳᠠᠭ᠎ᠠ ᠵᠡᠭᠦᠯᠡᠨ᠎ᠡ︔ ᠭᠦᠭᠦᠷᠯᠢᠭ ᠠᠮᠢᠨ  ᠤ ᠫᠢᠷᠢᠮᠢᠳᠡᠨ  ᠤ ᠲᠠᠷᠢᠯᠭ᠎ᠠ  ᠶᠢᠨ ᠰᠢᠩᠭᠡᠨ  ᠢ ᠺᠢᠯᠦᠭᠷᠡᠮ ᠪᠦᠷᠢ ᠪᠡᠶ᠎ᠠ  ᠶᠢᠨ ᠭᠦᠨᠳᠤ ᠳᠤ 0.07 ᠭᠷᠡᠮ  ᠢᠶᠠᠷ ᠪᠤᠯᠴᠢᠩ ᠮᠢᠬᠠᠨ ᠳᠤᠨᠢ ᠲᠠᠷᠢᠨ᠎ᠠ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ