ᠭᠠᠭ᠋ᠠᠢ ᠳᠤ ᠦᠨᠢᠶᠠᠨ ᠰᠦ ᠶᠢᠨ ᠲᠠᠷᠢᠯᠭ᠎ᠠ ᠲᠠᠷᠢᠪᠠᠯ ᠭᠦᠨᠳᠤ ᠨᠢ ᠨᠡᠮᠡᠭᠳᠡᠨ᠎ᠠ
ᠨᠡᠶᠢᠲᠡᠯᠡᠭᠰᠡᠨ ᠴᠠᠭ᠄
2015/12/4

      ᠰᠢᠨᠵᠢᠯᠡᠭᠦ ᠤᠬᠠᠭᠠᠨ  ᠤ ᠲᠤᠷᠰᠢᠯᠳᠠ ᠢᠯᠡᠷᠡᠭᠦᠯᠦᠭᠰᠡᠨ ᠨᠢ᠂ ᠭᠠᠭ᠋ᠠᠢ  ᠶᠢ ᠲᠦᠷᠭᠡᠨ ᠪᠤᠷᠳᠤᠵᠤ ᠲᠠᠷᠭᠤᠯᠠᠭᠤᠯᠬᠤ ᠳᠤ ᠦᠨᠢᠶᠠᠨ ᠰᠦ  ᠶᠢᠨ ᠲᠠᠷᠢᠯᠭ᠎ᠠ ᠲᠠᠷᠢᠪᠡᠯ ᠭᠦᠨᠳᠤ ᠨᠢ ᠨᠡᠮᠡᠭᠳᠡᠭᠦ ᠪᠤᠯᠤᠨ᠎ᠠ᠃ ᠡᠭᠦᠨ ᠳᠤ ᠭᠠᠭ᠋ᠠᠢ  ᠶᠢᠨ ᠪᠡᠮᠪᠡᠢ ᠪᠤᠯᠴᠢᠷᠬᠠᠢ ᠳᠤ ᠦᠨᠢᠶᠠᠨ ᠰᠦ  ᠶᠢᠨ ᠲᠠᠷᠢᠯᠭ᠎ᠠ ᠲᠠᠷᠢᠠᠠᠰᠠᠨ ᠳᠤ ᠭᠦᠨᠳᠤ  ᠶᠢᠨ ᠨᠡᠮᠡᠭᠳᠡᠯ ᠨᠢ ᠢᠯᠡᠷᠭᠡᠢ ᠪᠤᠯᠤᠠᠠᠰᠠᠨ ᠪᠦᠭᠡᠳ ᠡᠳᠤᠷ ᠲᠤ ᠨᠡᠮᠡᠭᠳᠡᠭᠦ ᠲᠤᠮᠳᠠᠴᠢ ᠭᠦᠨᠳᠤ ᠨᠢ1.5 ᠺᠢᠯᠦᠭᠷᠡᠮ ᠤᠷᠴᠢᠮ ᠪᠠᠶᠢᠵᠤ᠂ ᠦᠷᠭᠦᠯᠵᠢᠯᠡᠨ 30 ~ 40 ᠡᠳᠤᠷ  ᠤᠨ ᠦᠢᠯᠡᠳᠦᠯ ᠲᠠᠢ ᠪᠤᠯᠬᠤ  ᠶᠢ ᠲᠤᠷᠰᠢᠯᠳᠠ  ᠶᠢᠨ ᠳ᠋ᠦᠡᠭ ᠨᠤᠳᠠᠯᠬᠠᠰᠠᠨ ᠪᠠᠶᠢᠨ᠎ᠠ᠃ ᠶᠠᠷᠤ ᠳᠡᠭᠡᠨ ᠦᠨᠢᠶᠠᠨ ᠰᠦ  ᠶᠢᠨ ᠲᠠᠷᠢᠯᠭ᠎ᠠ ᠲᠠᠷᠢᠠᠠᠰᠠᠨ ᠭᠠᠭ᠋ᠠᠢ  ᠶᠢᠨ ᠪᠡᠶ᠎ᠠ  ᠶᠢᠨ ᠭᠦᠨᠳᠤ ᠨᠢ 40 ~ 50 ᠺᠢᠯᠦᠭᠷᠡᠮ ᠤᠷᠴᠢᠮ ᠳᠤ ᠭᠦᠷᠴᠤ᠂ ᠨᠢᠭᠡ ᠤᠳᠠᠭ᠎ᠠ ᠲᠠᠷᠢᠯᠭ᠎ᠠ ᠭᠢᠪᠡᠯ 30 ~ 40 ᠡᠳᠤᠷ  ᠤᠨ ᠲᠤᠳᠤᠷ᠎ᠠ ᠪᠤᠷᠳᠤᠠᠠᠰᠠᠨ ᠭᠠᠭ᠋ᠠᠢ ᠲᠠᠷᠤᠢ 100 ᠭᠠᠷᠤᠢ ᠺᠢᠯᠦᠭᠷᠡᠮ ᠳᠤ ᠭᠦᠷᠭᠦ ᠪᠤᠯᠬᠤᠷ ᠠᠯᠠᠰᠢᠨ ᠳᠤ ᠭᠠᠷᠭᠠᠵᠤ ᠪᠤᠯᠤᠨ᠎ᠠ᠃
      ᠲᠡᠭᠡᠪᠡᠯ ᠶᠠᠭᠠᠭᠢᠭᠠᠳ ᠭᠠᠭ᠋ᠠᠢ  ᠶᠢᠨ ᠪᠠᠮᠪᠠᠢ ᠪᠤᠯᠴᠢᠷᠬᠠᠢ ᠳᠤ ᠦᠨᠢᠶᠠᠨ ᠰᠦ  ᠶᠢᠨ ᠲᠠᠷᠢᠯᠭ᠎ᠠ ᠲᠠᠷᠢᠪᠡᠯ ᠡᠶᠢᠮᠤ ᠰᠠᠶᠢᠨ ᠦᠷ᠎ᠠ ᠳ᠋ᠦᠡᠭ ᠲᠠᠢ ᠪᠠᠶᠢᠳᠠᠭ ᠪᠤᠢ︖ ᠭᠡᠪᠡᠯ᠂ ᠦᠨᠢᠶᠠᠨ ᠰᠦ ᠨᠢ ᠪᠠᠮᠪᠠᠢ ᠪᠤᠯᠴᠢᠷᠬᠠᠢ  ᠶᠢ ᠭᠢᠵᠠᠭᠠᠷᠯᠠᠬᠤ ᠴᠢᠳᠠᠪᠤᠷᠢ ᠲᠠᠢ ᠤᠴᠢᠷ ᠠᠴᠠ ᠲᠡᠭᠦᠨ  ᠤ ᠢᠯᠭᠠᠷᠠᠨ ᠵᠠᠳᠠᠷᠠᠵᠤ ᠰᠤᠯᠢᠯᠴᠠᠬᠤ  ᠶᠢ ᠲᠤᠷᠤᠠᠠᠰᠢᠯᠠᠭᠤᠯᠵᠤ᠂ ᠠᠮᠢ ᠨᠠᠰᠤ  ᠶᠢ ᠨᠢ ᠠᠷᠭᠠᠴᠠᠬᠤ ᠰᠢᠮ᠎ᠠ ᠲᠡᠵᠢᠭᠡᠯ  ᠤᠨ ᠵᠠᠷᠤᠴᠠᠭᠤᠯᠭ᠎ᠠ  ᠶᠢ ᠪᠠᠭᠠᠰᠬᠠᠵᠤ᠂ ᠠᠷᠪᠢᠯᠡᠨ ᠦᠯᠡᠳᠡᠭᠰᠡᠨ ᠰᠢᠮ᠎ᠠ ᠲᠡᠵᠢᠭᠡᠯᠳᠤ ᠪᠤᠳᠠᠰ  ᠢᠶᠠᠨ ᠨᠡᠶᠢᠯᠡᠯᠭᠡ ᠰᠤᠯᠢᠯᠴᠠᠭᠠᠨ ᠳᠤ ᠭᠡᠷᠡᠭᠯᠡᠳᠡᠭ᠂ ᠡᠶᠢᠮᠤ ᠠᠴᠠ ᠭᠠᠭ᠋ᠠᠢ ᠨᠢ ᠦᠳᠳᠤᠷ ᠲᠦᠷᠭᠡᠨ ᠲᠠᠷᠭᠤᠯᠠᠳᠠᠭ ᠪᠠᠶᠢᠨ᠎ᠠ᠃ ᠡᠨᠡ ᠪᠤᠯ ᠨᠢᠭᠡ ᠵᠤᠶᠢᠯ  ᠤᠨ ᠲᠦᠭᠦᠮ ᠭᠢᠯᠪᠠᠷ ᠦᠷ᠎ᠠ ᠠᠰᠢᠭ ᠲᠠᠢ ᠪᠤᠷᠳᠤᠯᠭ᠎ᠠ  ᠶᠢᠨ ᠠᠷᠭ᠎ᠠ ᠪᠤᠯᠤᠨ᠎ᠠ᠃
       ᠪᠠᠮᠪᠠᠢ ᠪᠤᠯᠴᠢᠷᠬᠠᠢ  ᠶᠢᠨ ᠲᠠᠷᠢᠯᠭ᠎ᠠ ᠲᠠᠷᠢᠬᠤ ᠳᠠᠭᠠᠨ ᠭᠠᠭ᠋ᠠᠢ  ᠶᠢᠨ ᠪᠡᠶ᠎ᠠ  ᠶᠢ ᠲᠤᠠᠠᠳᠠᠭᠤᠨ ᠪᠠᠶᠢᠯᠭᠠᠵᠤ᠂ ᠲᠤᠯᠤᠭᠠᠢ  ᠶᠢ ᠨᠢ ᠲᠡᠭᠰᠢᠭᠡᠨ ᠪᠤᠯᠭᠠᠠᠠᠰᠠᠨ  ᠤ ᠲᠠᠷᠠᠭ᠎ᠠ ᠵᠡᠭᠦᠨ ᠭᠠᠷ  ᠢᠶᠠᠷ  ᠢᠶᠠᠨ ᠭᠠᠭ᠋ᠠᠢ  ᠶᠢᠨ ᠲᠦᠪᠤᠩᠭᠡᠢ ᠤᠯᠤᠨ ᠰᠤᠶᠤᠭᠠᠳᠤ ᠮᠦᠭᠡᠷᠰᠤ  ᠶᠢᠨ ᠬᠤᠭᠤᠷᠤᠨᠳᠤᠭᠢ ᠭᠡᠰᠡᠭ  ᠢ ᠲᠡᠮᠳᠡᠷᠢᠨ ᠤᠯᠵᠤ᠂ ᠡᠭᠦᠨ  ᠤ ᠵᠠᠪᠰᠠᠷ ᠲᠤ ᠢᠤᠳ᠋  ᠶᠢᠨ ᠬᠠᠨᠳᠠ ᠲᠦᠷᠭᠢᠭᠦ ᠪᠦᠭᠡᠳ ᠵᠡᠭᠦᠨ ᠭᠠᠷ  ᠤᠨ ᠡᠷᠡᠭᠡᠢ ᠬᠤᠷᠤᠭᠤ ᠪᠤᠯᠤᠨ ᠲᠤᠯᠤᠭᠤᠪᠤᠷ ᠬᠤᠷᠤᠭᠤ ᠪᠠᠷ  ᠢᠶᠠᠨ ᠲᠤᠠᠠᠳᠠᠪᠤᠷᠢᠵᠢᠭᠤᠯᠤᠨ᠎ᠠ᠃ ᠲᠠᠷᠠᠭ᠎ᠠ ᠨᠢ ᠪᠠᠷᠠᠭᠤᠨ ᠭᠠᠷ  ᠢᠶᠠᠷ  ᠢᠶᠠᠨ ᠲᠠᠷᠢᠯᠭ᠎ᠠ  ᠶᠢᠨ ᠪᠠᠭᠠᠵᠢ  ᠶᠢ ᠪᠠᠷᠢᠵᠤ᠂ ᠭᠦᠵᠦᠭᠦᠨ ᠭᠡᠰᠡᠭ ᠲᠤᠨᠢ 95 ᠭᠷᠡᠳᠦ᠋ᠰ  ᠤᠨ ᠦᠨᠴᠦᠭ  ᠢᠶᠠᠷ ᠵᠢᠰᠢᠭᠦᠤ ᠬᠠᠳᠬᠤᠨ᠎ᠠ᠂ ᠬᠠᠷᠢᠮᠠᠬᠠᠢ ᠴᠢᠨᠠᠷᠳᠠᠢ ᠪᠤᠯᠬᠤ ᠳᠤ ᠵᠡᠭᠦᠤ ᠪᠠᠨ ᠲᠤᠳᠤᠠᠠᠰᠢ ᠭᠦᠨ ᠬᠠᠳᠬᠤᠵᠤ᠂ ᠪᠠᠭ᠎ᠠ ᠲᠠᠳᠠᠰᠭᠢᠵᠤ ᠠᠪᠤᠮᠬᠠᠴᠠ ᠲᠠᠷᠢᠯᠭ᠎ᠠ ᠪᠠᠨ ᠲᠠᠷᠢᠨ᠎ᠠ᠃ ᠨᠢᠭᠡ ᠤᠳᠠᠭᠠᠨ  ᠤ ᠲᠠᠷᠢᠯᠭ᠎ᠠ ᠳᠤ 5 ~ 10 ᠮᠢᠯᠢᠯᠢᠲᠷ ᠰᠦ ᠭᠡᠷᠡᠭᠰᠡᠳᠡᠭ᠃
     ᠲᠠᠭᠢᠶᠠᠨ ᠦᠨᠳᠡᠭᠡ  ᠶᠢᠨ ᠴᠠᠭᠠᠨ  ᠢᠶᠠᠷ ᠦᠨᠢᠶᠠᠨ ᠰᠦ  ᠶᠢ ᠤᠷᠤᠯᠠᠭᠤᠯᠤᠨ ᠲᠠᠷᠢᠯᠭ᠎ᠠ ᠲᠠᠷᠢᠪᠡᠯ ᠦᠷ᠎ᠡ ᠳ᠋ᠦᠡᠭ ᠨᠢ ᠠᠨᠠᠢ ᠰᠢᠭ᠋ ᠪᠠᠶᠢᠳᠠᠭ᠂ ᠭᠡᠷᠪᠡ ᠭᠠᠭ᠋ᠠᠢ  ᠶᠢᠨ ᠴᠢᠭᠢᠨ  ᠤ ᠤᠭ ᠲᠤᠨᠢ ᠮᠧᠲ᠋ᠢᠯ ᠭᠦᠭᠦᠷ ᠢᠰᠦᠯ  ᠶᠢᠨ ᠫᠢᠷᠢᠮᠢᠳᠢᠨ  ᠤ ᠲᠠᠷᠢᠯᠭ᠎ᠠ ᠲᠠᠷᠢᠬᠤ ᠲᠠᠢ ᠤᠶᠠᠯᠳᠤᠭᠤᠯᠬᠤ ᠪᠤᠶᠤ ᠲᠡᠵᠢᠭᠡᠯ ᠪᠤᠷᠳᠤᠭ᠎ᠠ ᠳᠤᠨᠢ ᠬᠤᠯᠢᠵᠤ ᠲᠡᠵᠢᠭᠡᠪᠡᠯ ᠦᠷ᠎ᠡ ᠠᠰᠢᠭ ᠨᠢ ᠨᠡᠩ ᠰᠠᠶᠢᠨ ᠪᠤᠯᠬᠤ  ᠶᠢ ᠦᠢᠯᠡᠳᠦᠯᠭᠡ ᠭᠡᠷᠡᠴᠢᠯᠡᠭᠰᠡᠨ ᠪᠠᠶᠢᠨ᠎ᠠ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ