ᠲᠠᠤᠯᠠᠢ  ᠶᠢᠨ ᠭᠡᠮ ᠭᠢᠵᠢᠭ  ᠢ ᠶᠠᠷᠦᠩᠭᠡᠶᠢᠯᠡᠨ ᠰᠡᠷᠭᠡᠶᠢᠯᠡᠭᠦ ᠲᠤᠬᠠᠢ
ᠨᠡᠶᠢᠲᠡᠯᠡᠭᠰᠡᠨ ᠴᠠᠭ᠄
2015/12/4

      ᠲᠠᠤᠯᠠᠢ  ᠶᠢᠨ ᠲᠠᠯᠠᠪᠠᠢ ᠪᠤᠶᠤ ᠲᠤᠰᠬᠠᠢ ᠡᠷᠦᠭᠡ  ᠶᠢ ᠶᠠᠷᠤ ᠳᠡᠭᠡᠨ ᠦᠪᠡᠰᠦᠪᠡᠨ ᠦᠷᠡᠵᠢᠭᠦᠯᠵᠤ ᠦᠪᠠᠷ  ᠢᠶᠠᠨ ᠲᠡᠵᠢᠭᠡᠭᠦ  ᠶᠢ ᠪᠠᠷᠢᠮᠳᠠᠯᠠᠬᠤ ᠭᠡᠷᠡᠭᠳᠡᠢ ᠭᠡᠵᠤ ᠱᠠᠭᠠᠷᠳᠠᠳᠠᠭ᠂ ᠨᠡᠩ ᠴᠤ ᠭᠢᠵᠢᠭ  ᠤᠨ ᠤᠷᠤᠨ ᠠᠴᠠ ᠦᠷ᠎ᠠ  ᠶᠢᠨ ᠲᠠᠤᠯᠠᠢ ᠬᠤᠳᠠᠯᠳᠤᠨ ᠠᠪᠴᠢᠷᠠᠵᠤ ᠪᠤᠯᠬᠤ ᠦᠭᠡᠢ᠃ ᠰᠢᠨ᠎ᠠ ᠡᠭᠦᠯᠳᠡᠷ  ᠤᠨ ᠲᠠᠤᠯᠠᠢ  ᠶᠢ ᠤᠷᠤᠭᠤᠯᠵᠤ ᠢᠷᠡᠭᠰᠡᠨ  ᠤ ᠲᠠᠷᠠᠭ᠎ᠠ ᠡᠷᠭᠡᠪᠰᠢ ᠬᠤᠷᠤᠬᠠᠢ ᠲᠠᠭᠤᠵᠤ ᠠᠷᠢᠭᠤᠳᠬᠠᠬᠤ ᠪᠤᠶᠤ ᠸᠠᠺᠼᠢᠨ  ᠤ ᠲᠠᠷᠢᠯᠭ᠎ᠠ ᠲᠠᠷᠢᠵᠤ᠂ ᠨᠢᠭᠡ ᠰᠠᠷ᠎ᠠ ᠠᠵᠢᠠᠠᠯᠠᠭᠠᠳ ᠭᠡᠮ ᠭᠢᠵᠢᠭ ᠦᠭᠡᠢ ᠪᠤᠯ ᠰᠠᠶ᠋ᠢ ᠰᠦᠷᠦᠭ ᠲᠤ ᠨᠡᠶᠢᠯᠡᠭᠦᠯᠵᠤ ᠠᠷᠠᠴᠢᠯᠠᠨ ᠲᠡᠵᠢᠭᠡᠵᠤ ᠦᠷᠡᠵᠢᠭᠦᠯᠵᠤ ᠪᠤᠯᠤᠨ᠎ᠠ᠃ ᠲᠠᠤᠯᠠᠢ  ᠶᠢᠨ ᠡᠭᠦᠷ᠂ ᠲᠠᠤᠯᠠᠢ  ᠶᠢᠨ ᠰᠢᠩᠭᠡᠯᠢᠭ  ᠢ ᠤᠯᠠᠷᠢᠯ ᠪᠤᠯᠭᠠᠨ ᠳᠤ ᠡᠮᠳᠤ ᠪᠤᠳᠠᠰ  ᠢᠶᠠᠷ ᠨᠢᠭᠡ ᠤᠳᠠᠭ᠎ᠠ ᠭᠦᠢᠴᠡᠳ ᠠᠷᠢᠭᠤᠳᠬᠠᠬᠤ ᠭᠡᠷᠡᠭᠳᠡᠢ᠃ ᠲᠠᠷᠤᠢ 2%  ᠤᠨ ᠤᠰᠤᠮᠬᠠᠳᠤ ᠨᠠᠲᠷᠢ  ᠶᠢᠨ ᠠᠭᠤᠰᠤᠮᠠᠯ᠂ ᠡᠰᠡᠭᠦᠯ᠎ᠠ 20%  ᠶᠢᠨ ᠴᠠᠶᠢᠷᠠᠭᠤᠯᠬᠤ ᠨᠤᠨᠳᠠᠭ ᠪᠤᠶᠤ 20%  ᠶᠢᠨ ᠴᠤᠬᠤᠢ  ᠶᠢᠨ ᠤᠰᠤ ᠪᠠᠷ ᠠᠷᠢᠭᠤᠳᠬᠠᠨ᠎ᠠ᠃ ᠡᠶᠢᠮᠤ ᠠᠴᠠ ᠲᠤᠠᠠᠳ᠋ᠬᠠᠰᠠᠨ ᠬᠤᠭᠤᠴᠠᠭ᠎ᠠ ᠲᠠᠢ ᠪᠠᠷ ᠸᠠᠺᠼᠢᠨ  ᠤ ᠲᠠᠷᠢᠯᠭ᠎ᠠ ᠲᠠᠷᠢᠵᠤ᠂ ᠲᠠᠤᠯᠠᠢ  ᠶᠢᠨ ᠭᠢᠵᠢᠭ ᠠᠴᠠ ᠭᠡᠯᠳᠦᠷᠢᠭᠦᠯᠭᠦ ᠲᠠᠰ ᠲᠠᠷᠠᠭᠠᠯᠠᠯ  ᠢᠶᠠᠷ ᠶᠠᠪᠤᠠᠠᠳᠠᠭᠤᠯᠪᠠᠯ ᠵᠤᠭᠢᠨ᠎ᠠ᠃
      20 ~ 30 ᠡᠳᠤᠷ ᠪᠤᠯᠵᠤ ᠪᠠᠶᠢᠭ᠎ᠠ ᠨᠢᠯᠬ᠎ᠠ ᠪᠦᠵᠦᠩ ᠳᠤ ᠲᠠᠤᠯᠠᠢ  ᠶᠢᠨ ᠮᠢᠯᠵᠠᠩ  ᠤᠨ ᠭᠢᠵᠢᠭ  ᠤᠨ ᠸᠠᠺᠽᠢᠨ  ᠢ ᠲᠠᠷᠢᠨ᠎ᠠ᠂ ᠲᠠᠤᠯᠠᠢ ᠪᠦᠷᠢ  ᠶᠢᠨ ᠠᠷᠠᠰᠤᠨ ᠳᠤ ᠨᠢ 1 ᠮᠢᠯᠢᠯᠢᠲᠷ  ᠤᠨ ᠭᠡᠮᠵᠢᠶ᠎ᠠ ᠪᠠᠷ ᠲᠠᠤᠯᠠᠢ  ᠶᠢᠨ ᠮᠢᠯᠵᠠᠩ  ᠤᠨ ᠭᠢᠵᠢᠭ  ᠤᠨ ᠸᠠᠺᠼᠢᠨ  ᠢ ᠲᠠᠷᠢᠨ᠎ᠠ᠂ 7 ᠡᠳᠤᠷ ᠪᠤᠯᠪᠠᠯ ᠲᠠᠷᠢ ᠭᠢᠵᠢᠭ ᠠᠴᠠ ᠭᠡᠯᠳᠦᠷᠢᠭᠦᠯᠭᠦ ᠴᠢᠳᠠᠪᠤᠷᠢ ᠲᠠᠢ ᠪᠤᠯᠵᠤ᠂ ᠭᠢᠵᠢᠭ ᠠᠴᠠ ᠭᠡᠯᠳᠦᠷᠢᠭᠦᠯᠭᠦ ᠬᠤᠭᠤᠴᠠᠭ᠎ᠠ ᠨᠢ ᠬᠠᠭᠠᠰ ᠵᠢᠯ  ᠤᠨ ᠭᠦᠴᠤᠨ ᠲᠠᠢ ᠪᠦᠭᠡᠳ ᠵᠢᠯ ᠪᠦᠷᠢ ᠬᠤᠶᠠᠷ ᠤᠳᠠᠭ᠎ᠠ ᠲᠠᠷᠢᠯᠭ᠎ᠠ ᠲᠠᠷᠢᠬᠤ ᠭᠡᠷᠡᠭᠳᠡᠢ᠃
      ᠪᠦᠵᠦᠩ 30 ᠡᠳᠤᠷ ᠠᠴᠠ ᠲᠡᠭᠡᠭᠰᠢ ᠪᠤᠯᠬᠤ ᠦᠶ᠎ᠠ ᠳᠤ ᠲᠠᠤᠯᠠᠢ  ᠶᠢᠨ ᠫᠠᠰᠲᠸᠤᠶᠢᠷ ᠰᠠᠪᠬᠠᠨ ᠪᠠᠺᠲ᠋ᠧᠷᠢ  ᠶᠢᠨ ᠢᠳᠡᠪᠭᠢ ᠦᠭᠡᠶᠢᠳᠡᠭᠦᠯᠭᠦ ᠸᠠᠺᠼᠢᠨ  ᠢ ᠭᠡᠷᠡᠭᠯᠡᠵᠤ᠂ ᠲᠠᠤᠯᠠᠢ ᠪᠦᠷᠢ  ᠶᠢᠨ ᠠᠷᠠᠰᠤᠨ ᠲᠤᠤᠷ᠎ᠠ ᠪᠤᠶᠤ ᠪᠤᠯᠴᠢᠩ ᠮᠢᠬᠠᠨ ᠳᠤᠨᠢ 1 ᠮᠢᠯᠢᠯᠢᠲᠷ ᠲᠠᠷᠢᠨ᠎ᠠ᠂ 14 ᠡᠳᠤᠷ ᠠᠯᠤᠰᠯᠬᠠᠰᠠᠨ  ᠤ ᠲᠠᠷᠠᠭ᠎ᠠ ᠲᠠᠭᠢᠨ ᠨᠢᠭᠡ ᠤᠳᠠᠭ᠎ᠠ ᠭᠢᠵᠢᠭ ᠠᠴᠠ ᠭᠡᠯᠳᠦᠷᠢᠭᠦᠯᠭᠦ  ᠶᠢ ᠭᠦᠴᠦᠵᠢᠭᠦᠯᠦᠨ᠎ᠠ᠂ ᠭᠢᠵᠢᠭ ᠠᠴᠠ ᠭᠡᠯᠳᠦᠷᠢᠭᠦᠯᠭᠦ ᠬᠤᠭᠤᠴᠠᠭ᠎ᠠ ᠨᠢ 6 ᠰᠠᠷ᠎ᠠ ᠪᠠᠶᠢᠵᠤ᠂ ᠵᠢᠯ ᠳᠤ ᠲᠠᠤᠯᠠᠢ ᠪᠦᠷᠢ ᠳᠤ 4 ᠤᠳᠠᠭ᠎ᠠ ᠲᠠᠷᠢᠯᠭ᠎ᠠ ᠲᠠᠷᠢᠨ᠎ᠠ᠃
      ᠭᠡᠭᠡᠯᠳᠡᠢ ᠡᠮ᠎ᠠ ᠲᠠᠤᠯᠠᠢ  ᠶᠢ ᠪᠦᠵᠦᠩᠯᠡᠭᠦ ᠠᠴᠠ ᠡᠮᠦᠨ᠎ᠠ 2 ~ 3 ᠭᠠᠷᠠᠭ ᠪᠤᠶᠤ ᠰᠦ ᠠᠴᠠ ᠨᠢ ᠰᠠᠯᠭᠠᠬᠤ ᠠᠴᠠ ᠡᠮᠦᠨ᠎ᠠ1 ᠭᠠᠷᠠᠭ ᠡᠰᠡᠭᠦᠯ᠎ᠠ ᠦᠷᠡᠵᠢᠵᠤ ᠭᠦᠢᠴᠡᠭᠰᠡᠨ ᠲᠠᠤᠯᠠᠢ ᠳᠤ᠂ ᠲᠠᠤᠯᠠᠢ  ᠶᠢᠨ ᠰᠠᠯᠪᠤᠷᠢ ᠮᠦᠭᠡᠷᠰᠤᠨ ᠬᠤᠭᠤᠯᠠᠢ  ᠶᠢᠨ ᠴᠢᠰᠤ ᠦᠵᠢᠷᠡᠭᠦ ᠭᠡᠮ  ᠤᠨ ᠫᠠᠰᠲᠸᠦ᠋ᠷ ᠰᠠᠪᠬᠠᠨ ᠪᠠᠺᠲ᠋ᠧᠷᠢ  ᠶᠢᠨ ᠢᠳᠡᠪᠭᠢ ᠦᠭᠡᠶᠢᠳᠡᠭᠦᠯᠭᠦ ᠲᠠᠩ ᠦᠷᠳᠡᠭᠳᠤ ᠪᠠᠺᠲ᠋ᠧᠷᠢ ᠪᠠᠷ ᠭᠢᠵᠢᠭ ᠠᠴᠠ ᠭᠡᠯᠳᠦᠷᠢᠭᠦᠯᠵᠤ᠂ ᠲᠠᠤᠯᠠᠢ ᠪᠦᠷᠢ  ᠶᠢᠨ ᠠᠷᠠᠰᠤᠨ ᠳᠤ ᠨᠢ 1 ᠮᠢᠯᠢᠯᠢᠲᠷ  ᠤᠨ ᠭᠡᠮᠵᠢᠶ᠎ᠠ ᠪᠠᠷ ᠲᠠᠷᠢᠨ᠎ᠠ᠃ 7 ᠡᠳᠤᠷ ᠲᠤ ᠭᠢᠵᠢᠭ ᠠᠴᠠ ᠭᠡᠯᠳᠦᠷᠢᠭᠦᠯᠭᠦ ᠴᠢᠳᠠᠪᠤᠷᠢ ᠲᠠᠢ ᠪᠤᠯᠵᠤ ᠭᠢᠵᠢᠭ ᠠᠴᠠ ᠭᠡᠯᠳᠦᠷᠢᠭᠦᠯᠭᠦ ᠬᠤᠭᠤᠴᠠᠭ᠎ᠠ ᠨᠢ ᠬᠠᠭᠠᠰ ᠵᠢᠯ ᠪᠤᠯᠤᠨ᠎ᠠ᠃ ᠵᠢᠯ ᠪᠦᠷᠢ ᠬᠤᠶᠠᠷ ᠤᠳᠠᠭ᠎ᠠ ᠲᠠᠷᠢᠯᠭ᠎ᠠ ᠲᠠᠷᠢᠨ᠎ᠠ᠃
      3 0 ᠡᠳᠤᠷ ᠠᠴᠠ ᠲᠡᠭᠡᠭᠰᠢ ᠪᠤᠯᠤᠠᠠᠰᠠᠨ ᠲᠠᠤᠯᠠᠢ ᠳᠤ ᠲᠠᠤᠯᠠᠢ  ᠶᠢᠨ ᠸᠢᠳ᠋ᠮᠠᠨ  ᠤ ᠢᠭᠯᠢᠭ ᠪᠠᠺᠲ᠋ᠧᠷᠢ  ᠶᠢᠨ ᠢᠳᠡᠪᠭᠢ ᠸᠠᠺᠼᠢᠨ  ᠢ ᠲᠠᠷᠢᠵᠤ ᠭᠢᠵᠢᠭ ᠠᠴᠠ ᠭᠡᠯᠳᠦᠷᠢᠭᠦᠯᠦᠨ᠎ᠠ᠂ ᠲᠠᠤᠯᠠᠢ ᠪᠦᠷᠢ  ᠶᠢᠨ ᠠᠷᠠᠰᠤᠨ ᠲᠤᠤᠷ᠎ᠠ ᠪᠤᠶᠤ ᠪᠤᠯᠴᠢᠩ ᠮᠢᠬᠠᠨ ᠳᠤᠨᠢ 1 ᠮᠢᠯᠢᠯᠢᠲᠷ  ᠤᠨ ᠭᠡᠮᠵᠢᠶ᠎ᠠ ᠪᠠᠷ ᠲᠠᠷᠢᠵᠤ᠂ 14 ᠡᠳᠤᠷ ᠠᠯᠤᠰᠯᠠᠭᠠᠳ ᠲᠠᠭᠢᠨ ᠨᠢᠭᠡ ᠤᠳᠠᠭ᠎ᠠ ᠭᠢᠵᠢᠭ ᠠᠴᠠ ᠭᠡᠯᠳᠦᠷᠢᠭᠦᠯᠭᠦ ᠪᠠᠷ ᠭᠦᠴᠦᠵᠢᠭᠦᠯᠦᠨ᠎ᠠ᠃ ᠭᠢᠵᠢᠭ ᠠᠴᠠ ᠭᠡᠯᠳᠦᠷᠢᠭᠦᠯᠭᠦ ᠬᠤᠭᠤᠴᠠᠭ᠎ᠠ ᠨᠢ ᠬᠠᠭᠠᠰ ᠵᠢᠯ ᠪᠠᠶᠢᠵᠤ᠂ ᠲᠠᠤᠯᠠᠢ ᠪᠦᠷᠢ ᠳᠤ ᠵᠢᠯ ᠳᠤ ᠨᠠᠶᠢᠳᠡ 4 ᠤᠳᠠᠭ᠎ᠠ ᠲᠠᠷᠢᠯᠭ᠎ᠠ ᠲᠠᠷᠢᠨ᠎ᠠ᠃
      ᠸᠠᠺᠼᠢᠨ ᠢᠶᠠᠷ ᠤᠷᠢᠳᠴᠢᠯᠠᠨ ᠰᠡᠷᠭᠡᠶᠢᠯᠡᠭᠦ᠄ ᠡᠮ᠎ᠠ ᠲᠠᠤᠯᠠᠢ  ᠶᠢᠨ ᠲᠡᠯᠡᠩ  ᠤᠨ ᠦᠷᠪᠢᠰᠦᠯ  ᠢ ᠤᠷᠢᠳᠴᠢᠯᠠᠨ ᠰᠡᠷᠭᠡᠶᠢᠯᠡᠭᠦ ᠳᠤ᠂ ᠡᠮ᠎ᠠ ᠲᠠᠤᠯᠠᠢ  ᠶᠢ ᠪᠦᠵᠦᠩᠯᠡᠭᠰᠡᠨ  ᠤ ᠲᠠᠷᠠᠭᠠᠭᠢ ᠡᠳᠤᠷ ᠪᠦᠷᠢ 1 ᠭᠷᠡᠮ ᠲᠠᠭᠠᠭᠠᠮᠠᠭᠠᠢ ᠭᠦᠭᠦᠷᠯᠢᠭ ᠠᠮᠢᠨ  ᠤ ᠬᠠᠪᠳᠠᠭᠠᠢ ᠦᠭᠴᠤ ᠤᠤᠭᠤᠯᠭᠠᠨ᠎ᠠ᠂ ᠭᠡᠭᠦ ᠳᠡᠭᠡᠨ ᠬᠤᠶᠠᠷ ᠤᠳᠠᠭ᠎ᠠ ᠬᠤᠪᠢᠶᠠᠨ ᠵᠠᠯᠭᠠᠭ᠎ᠠ ᠪᠠᠷ 3 ᠡᠳᠤᠷ ᠦᠭᠴᠤ ᠤᠤᠭᠤᠯᠭᠠᠨ᠎ᠠ᠃ ᠪᠦᠵᠦᠩ  ᠤᠨ ᠴᠢᠴᠠᠭ᠎ᠠ ᠠᠯᠳᠠᠬᠤ  ᠶᠢ ᠤᠷᠢᠳᠴᠢᠯᠠᠨ ᠰᠡᠷᠭᠡᠶᠢᠯᠡᠭᠦ ᠳᠤ ᠯᠢ ᠲᠧ ᠯᠢᠩ  ᠢ 5 ~ 10 ᠮᠢᠯᠢᠯᠢᠲᠷ  ᠤᠨ ᠭᠡᠮᠵᠢᠶ᠎ᠠ ᠪᠠᠷ ᠲᠡᠵᠢᠭᠡᠯ ᠪᠤᠷᠳᠤᠭ᠎ᠠ ᠳᠤᠨᠢ ᠬᠤᠯᠢᠵᠤ ᠲᠠᠵᠢᠭᠡᠨ᠎ᠡ᠃ ᠰᠠᠯᠪᠤᠷᠢ ᠮᠦᠭᠡᠷᠰᠤᠨ ᠬᠤᠭᠤᠯᠠᠢ  ᠶᠢᠨ ᠫᠠᠰᠲᠸᠦ᠋ᠷ ᠰᠠᠪᠬᠠᠨ ᠪᠠᠺᠲ᠋ᠧᠷᠢ ᠪᠤᠯᠤᠨ ᠫᠠᠰᠲᠸᠦ᠋ᠷ ᠰᠠᠪᠬᠠᠨ ᠪᠠᠺᠲ᠋ᠧᠷᠢ ᠵᠢᠴᠢ ᠪᠦᠮᠪᠤᠭᠡᠯᠢᠭ ᠬᠤᠷᠤᠬᠠᠢ  ᠶᠢᠨ ᠬᠠᠯᠳᠠᠪᠤᠷᠢᠯᠡᠯ  ᠢ ᠤᠷᠢᠳᠴᠢᠯᠠᠨ ᠰᠡᠷᠭᠡᠶᠢᠯᠡᠭᠦ ᠳᠤ ᠭᠦᠭᠦᠷᠯᠢᠭ ᠠᠮᠢᠨ  ᠤ ᠬᠤᠶᠠᠷᠴᠢ ᠮᠧᠲ᠋ᠢᠯᠳᠤ ᠫᠢᠷᠢᠮᠢᠳᠢᠨ  ᠢ 0.4% ~ .5%  ᠶᠢᠨ ᠭᠡᠮᠵᠢᠶ᠎ᠠ ᠪᠠᠷ ᠲᠡᠵᠢᠭᠡᠯ ᠪᠤᠷᠳᠤᠭ᠎ᠠ ᠳᠤᠨᠢ ᠬᠤᠯᠢᠵᠤ ᠲᠡᠵᠢᠭᠡᠨ᠎ᠠ᠂ ᠡᠳᠤᠷ ᠲᠤ ᠬᠤᠶᠠᠷ ᠤᠳᠠᠭ᠎ᠠ᠂ ᠵᠠᠯᠭᠠᠭ᠎ᠠ ᠪᠠᠷ 3 ᠡᠳᠤᠷ ᠭᠡᠷᠡᠭᠯᠡᠨ᠎ᠡ᠃ ᠡᠮᠳᠤ ᠪᠤᠳᠠᠰ  ᠢᠶᠠᠷ ᠤᠷᠢᠳᠴᠢᠯᠠᠨ ᠰᠡᠷᠭᠡᠶᠢᠯᠡᠭᠦ ᠳᠤ ᠡᠮ  ᠤᠨ ᠡᠰᠡᠷᠭᠦ ᠴᠢᠨᠠᠷ ᠡᠭᠦᠰᠭᠦ  ᠶᠢ ᠠᠩᠬᠠᠷᠴᠤ᠂ ᠶᠠᠮᠠᠷ ᠨᠢᠭᠡᠨ ᠵᠤᠶᠢᠯ  ᠤᠨ ᠡᠮᠳᠤ ᠪᠤᠳᠠᠰ  ᠢ ᠤᠷᠳᠤ ᠬᠤᠭᠤᠴᠠᠭ᠎ᠠ ᠪᠠᠷ ᠭᠡᠷᠡᠭᠯᠡᠭᠦ  ᠶᠢ ᠠᠩᠬᠠᠷᠪᠠᠯ ᠵᠤᠭᠢᠨ᠎ᠠ᠃    
       ᠲᠤᠠᠠᠳ᠋ᠬᠠᠰᠠᠨ ᠬᠤᠭᠤᠴᠠᠭ᠎ᠠ ᠲᠠᠢ ᠪᠠᠷ ᠬᠤᠷᠤᠬᠠᠢ ᠲᠠᠭᠤᠬᠤ ᠳᠤ᠂ ᠫᠷᠦᠫᠢᠯ ᠭᠦᠭᠦᠷ  ᠤᠨ ᠢᠮᠢᠳᠠᠽᠤᠯ  ᠢ ᠺᠢᠯᠦᠭᠷᠡᠮ ᠪᠦᠷᠢ ᠪᠡᠶ᠎ᠠ  ᠶᠢᠨ ᠭᠦᠨᠳᠤ ᠳᠤ 40 ᠮᠢᠯᠢᠭᠷᠡᠮ  ᠤᠨ ᠭᠡᠮᠵᠢᠶ᠎ᠠ ᠪᠠᠷ ᠪᠦᠭᠦ ᠰᠦᠷᠦᠭ ᠲᠤ ᠬᠤᠷᠤᠬᠠᠢ ᠲᠠᠭᠤᠬᠤ ᠭᠡᠷᠡᠭᠳᠡᠢ᠂ ᠡᠭᠦᠨ ᠢ ᠵᠢᠯ ᠪᠦᠷᠢ  ᠶᠢᠨ ᠬᠠᠪᠤᠷ ᠨᠠᠮᠤᠷ ᠬᠤᠶᠠᠷ ᠤᠳᠠᠭ᠎ᠠ ᠶᠠᠪᠤᠠᠠᠳᠠᠭᠤᠯᠤᠨ᠎ᠠ᠃ ᠪᠦᠵᠦᠩ  ᠢ ᠰᠦ ᠠᠴᠠ ᠨᠢ ᠰᠠᠯᠭᠠᠠᠠᠰᠠᠨ  ᠤ ᠲᠠᠷᠠᠭᠠᠭᠢ ᠡᠳᠤᠷ ᠪᠦᠷᠢ ᠳᠤ ᠾᠯᠦᠷᠳᠤ ᠪᠧᠨ᠋ᠽᠧᠨ᠋ᠳᠤ ᠭᠤᠸᠠᠨᠢᠳᠢᠨ  ᠢ ᠨᠢᠭᠡ ᠬᠠᠪᠳᠠᠭᠠᠢ ᠦᠭᠴᠤ ᠤᠤᠭᠤᠯᠭᠠᠵᠤ᠂ ᠦᠷᠭᠦᠯᠵᠢᠯᠡᠨ ᠭᠤᠷᠪᠡᠨ ᠰᠠᠷ᠎ᠠ ᠤᠤᠭᠤᠯᠭᠠᠪᠠᠯ ᠲᠠᠤᠯᠠᠢ  ᠶᠢᠨ ᠪᠦᠮᠪᠤᠭᠡᠯᠢᠭ ᠬᠤᠷᠤᠬᠠᠢ  ᠶᠢᠨ ᠭᠡᠮ  ᠢ ᠰᠡᠷᠭᠡᠶᠢᠯᠡᠨ᠎ᠡ᠂ ᠠ ᠸᠧᠢ ᠪᠠᠺᠲ᠋ᠧᠷᠢ ᠡᠳ᠋  ᠤᠨ ᠲᠠᠷᠢᠯᠭ᠎ᠠ  ᠶᠢᠨ ᠰᠢᠩᠭᠡᠨ  ᠢ ᠪᠤᠯᠴᠢᠩ ᠮᠢᠬᠠᠨ ᠳᠤᠨᠢ ᠲᠠᠷᠢᠪᠠᠯ ᠲᠠᠤᠯᠠᠢ  ᠶᠢᠨ ᠬᠠᠴᠢᠭ ᠭᠡᠮ  ᠢ ᠰᠡᠷᠭᠡᠶᠢᠯᠡᠵᠤ ᠲᠡᠶᠢᠯᠦᠨ᠎ᠠ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ