ᠲᠠᠤᠯᠠᠢ ᠶᠢᠨ ᠪᠦᠮᠪᠤᠭᠡᠯᠢᠭ ᠬᠤᠷᠤᠬᠠᠶᠢᠳᠤ ᠭᠡᠮ  ᠢ ᠰᠡᠷᠭᠡᠶᠢᠯᠡᠨ ᠵᠠᠰᠠᠬᠤ
ᠨᠡᠶᠢᠲᠡᠯᠡᠭᠰᠡᠨ ᠴᠠᠭ᠄
2015/12/4

      ᠲᠠᠤᠯᠠᠢ  ᠶᠢᠨ ᠪᠦᠮᠪᠤᠭᠡᠯᠢᠭ ᠬᠤᠷᠤᠬᠠᠶᠢᠳᠤ ᠭᠡᠮ ᠪᠤᠯ ᠪᠦᠮᠪᠤᠭᠡᠯᠢᠭ ᠬᠤᠷᠤᠬᠠᠢ ᠠᠴᠠ ᠬᠠᠯᠳᠠᠪᠤᠷᠢᠯᠠᠵᠤ ᠡᠭᠦᠰᠳᠡᠭ ᠶᠤᠮ᠃ ᠲᠠᠷᠠ ᠨᠢ ᠨᠢᠯᠬ᠎ᠠ ᠪᠦᠵᠦᠩ  ᠤᠨ ᠦᠰᠦᠯᠳᠡ ᠪᠤᠶᠢᠵᠢᠯᠳᠡ  ᠶᠢ ᠨᠦᠯᠦᠭᠡᠯᠡᠨ ᠴᠢᠨ᠋ᠬᠠᠰᠢᠯᠠᠪᠠᠯ ᠶᠡᠭᠡ ᠪᠠᠷ ᠦᠭᠦᠭᠦᠯᠳᠡᠭ᠃ ᠪᠦᠮᠪᠤᠭᠡᠯᠢᠭ ᠬᠤᠷᠤᠬᠠᠢ  ᠶᠢᠨ ᠲᠦᠷᠦᠯ ᠵᠤᠶᠢᠯ ᠪᠤᠯᠤᠨ ᠮᠦᠯᠵᠢᠨ ᠠᠮᠢᠳᠤᠷᠠᠬᠤ ᠭᠡᠰᠡᠭ  ᠤᠨ ᠠᠳᠠᠯᠢ ᠪᠤᠰᠤ ᠠᠴᠠ ᠪᠤᠯᠵᠤ᠂ ᠡᠯᠢᠭᠡᠨ  ᠤ ᠪᠦᠮᠪᠤᠭᠡᠯᠢᠭ ᠬᠤᠷᠤᠬᠠᠶᠢᠳᠤ ᠭᠡᠮ ᠪᠡ ᠭᠡᠳᠡᠰᠤᠨ  ᠤ ᠪᠦᠮᠪᠤᠭᠡᠯᠢᠭ ᠬᠤᠷᠤᠬᠠᠶᠢᠳᠤ ᠭᠡᠮ ᠭᠡᠵᠤ ᠬᠤᠪᠢᠶᠠᠨ᠎ᠠ᠂ ᠭᠡᠪᠡᠴᠤ ᠬᠤᠯᠢᠯᠳᠤᠠᠠᠰᠠᠨ ᠭᠡᠯᠪᠡᠷᠢ  ᠶᠢᠨ ᠬᠠᠯᠳᠠᠪᠤᠷᠢᠯᠠᠯ ᠨᠢ ᠬᠠᠮᠤᠭ ᠠᠴᠠ ᠠᠷᠪᠢᠨ ᠲᠤᠭᠢᠶᠠᠯᠳᠤᠳᠠᠭ᠃
     ᠤᠷᠢᠳᠴᠢᠯᠠᠨ ᠰᠡᠷᠭᠡᠶᠢᠯᠡᠭᠦ ᠳᠤ ᠲᠠᠤᠯᠠᠢ ᠲᠡᠵᠢᠭᠡᠭᠦ ᠲᠠᠯᠠᠪᠠᠢ  ᠶᠢ ᠬᠠᠭᠤᠷᠠᠢ ᠪᠠᠶᠢᠯᠭᠠᠵᠤ᠂ ᠪᠠᠭᠠᠰᠤ ᠰᠢᠪᠭᠢ  ᠶᠢ ᠨᠢ ᠦᠷᠭᠦᠯᠵᠢ ᠴᠡᠪᠡᠷᠯᠡᠨ ᠠᠷᠢᠯᠭᠠᠵᠤ᠂ ᠪᠠᠭᠠᠰᠤ ᠰᠢᠪᠭᠢ  ᠶᠢ ᠨᠢ ᠤᠪᠤᠭᠠᠯᠠᠵᠤ ᠲᠠᠯᠪᠢᠭᠠᠳ ᠢᠰᠭᠡᠵᠤ ᠪᠤᠯᠤᠨ᠎ᠠ︔ ᠤᠰᠤ ᠪᠤᠯᠤᠨ ᠲᠡᠵᠢᠭᠡᠯ ᠪᠤᠷᠳᠤᠭ᠎ᠠ ᠳᠤᠨᠢ ᠪᠤᠵᠠᠷᠳᠤᠯ ᠦᠭᠡᠢ ᠪᠠᠶᠢᠬᠤ  ᠶᠢ ᠴᠤ ᠪᠠᠳᠤᠯᠠᠬᠤ ᠭᠡᠷᠡᠭᠳᠡᠢ᠃ 33ppm ᠾᠯᠦᠷᠳᠤ ᠪᠧᠨ᠋ᠽᠧᠨ᠋ᠳᠤ ᠭᠤᠸᠠᠨᠢᠳᠠ᠂ 125ppm ᠴᠢᠤ ᠲᠧ ᠯᠢᠩ ᠪᠤᠯᠤᠨ 20ppm ᠮᠤᠨ᠋ᠸᠡᠭ ᠪᠠᠺᠲ᠋ᠧᠷᠢ ᠡᠳ᠋  ᠢ ᠲᠡᠵᠢᠭᠡᠯ ᠪᠤᠷᠳᠤᠭ᠎ᠠ ᠳᠤᠨᠢ ᠬᠤᠯᠢᠵᠤ ᠲᠡᠵᠢᠭᠡᠪᠡᠯ ᠤᠷᠢᠳᠴᠢᠯᠠᠨ ᠰᠡᠷᠭᠡᠶᠢᠯᠡᠭᠦ ᠦᠢᠯᠡᠳᠦᠯ ᠲᠠᠢ ᠶᠤᠮ᠃
      ᠡᠮᠨᠡᠨ ᠵᠠᠰᠠᠬᠤ ᠳᠠᠭᠠᠨ ᠴᠤ150ppm ᠾᠧᠯᠤᠷᠳᠤ ᠪᠧᠨ᠋ᠽᠧᠨ᠋ᠳᠤ ᠭᠤᠸᠠᠨᠢᠳᠢᠨ᠂ 250 ~700ppm ᠴᠢᠤ ᠲᠧ ᠯᠢᠩ᠂ 40 ~ 80ppm ᠮᠤᠨ᠋ᠸᠡᠭ ᠪᠠᠺᠲ᠋ᠧᠷᠢ ᠡᠳ᠋  ᠢ ᠲᠡᠵᠢᠭᠡᠯ ᠪᠤᠷᠳᠤᠭ᠎ᠠ ᠳᠤᠨᠢ ᠬᠤᠯᠢᠵᠤ ᠲᠡᠵᠢᠭᠡᠨ᠎ᠡ᠃ ᠡᠭᠦᠨ ᠠᠴᠠ ᠭᠠᠳᠠᠨ᠎ᠠ ᠭᠦᠭᠦᠷᠯᠢᠭ ᠠᠮᠢᠨ  ᠤ ᠲᠦᠷᠦᠯ  ᠤᠨ ᠡᠮᠳᠤ ᠪᠤᠳᠠᠰ ᠨᠢ ᠲᠤᠰ ᠭᠡᠮ ᠳᠤ ᠪᠠᠰᠠ ᠨᠡᠯᠢᠶᠡᠳ ᠰᠠᠶᠢᠨ ᠡᠮᠨᠡᠨ ᠵᠠᠰᠠᠬᠤ ᠠᠴᠢ ᠲᠤᠰᠠᠳᠠᠢ ᠶᠤᠮ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ