ᠲᠠᠤᠯᠠᠢ ᠶᠢᠨ ᠪᠦᠳᠦᠭᠦᠨ ᠭᠡᠳᠡᠰᠤᠨ  ᠤ ᠰᠠᠪᠬᠠᠨ ᠪᠠᠺᠲ᠋ᠧᠷᠢᠳᠤ ᠭᠡᠮ  ᠢ ᠰᠡᠷᠭᠡᠶᠢᠯᠡᠨ ᠵᠠᠰᠠᠬᠤ
ᠨᠡᠶᠢᠲᠡᠯᠡᠭᠰᠡᠨ ᠴᠠᠭ᠄
2015/12/4

      ᠲᠠᠤᠯᠠᠢ  ᠶᠢᠨ ᠪᠦᠳᠦᠭᠦᠨ ᠭᠡᠳᠡᠰᠤᠨ  ᠤ ᠰᠠᠪᠬᠠᠨ ᠪᠠᠺᠲ᠋ᠧᠷᠢᠳᠤ ᠭᠡᠮ ᠪᠤᠯ ᠪᠦᠳᠦᠭᠦᠨ ᠭᠡᠳᠡᠰᠤᠨ  ᠤ ᠰᠢᠱᠢ ᠰᠠᠪᠬᠠᠨ ᠪᠠᠺᠲ᠋ᠧᠷᠢ ᠠᠴᠠ ᠡᠭᠦᠰᠳᠡᠭ ᠭᠡᠮ ᠭᠢᠵᠢᠭ ᠪᠤᠯᠤᠨ᠎ᠠ᠃ ᠭᠡᠮ ᠲᠠᠢ ᠲᠠᠤᠯᠠᠢ  ᠶᠢᠨ ᠴᠤᠭ ᠰᠦᠯᠳᠡ ᠨᠢ ᠪᠠᠭᠤᠷᠠᠵᠤ᠂ ᠪᠦᠷᠭᠦᠭᠦᠯ ᠦᠰᠤ ᠨᠢ ᠠᠷᠵᠠᠶᠢᠵᠤ ᠪᠤᠷᠵᠢᠢᠨ᠂ ᠭᠡᠳᠡᠰᠤ ᠨᠢ ᠭᠦᠭᠡᠭᠡᠵᠤ᠂ ᠰᠢᠳᠤ ᠪᠠᠨ ᠬᠠᠪᠢᠷᠴᠤ᠂ ᠴᠢᠴᠠᠭ᠎ᠠ ᠠᠯᠳᠠᠨ ᠲᠠᠬᠤᠯ ᠪᠤᠯᠳᠠᠭ᠃ ᠴᠢᠴᠠᠭ᠎ᠠ ᠠᠯᠳᠠᠬᠤ ᠨᠢ ᠭᠦᠨᠳᠦᠷᠡᠪᠡᠯ ᠨᠢᠯᠴᠠᠭᠠᠢ ᠰᠢᠩᠭᠡᠨ ᠢᠯᠭᠠᠷᠠᠭᠤᠯᠬᠤ ᠪᠤᠶᠤ ᠤᠰᠤ ᠰᠢᠭ᠋ ᠰᠢᠩᠭᠡᠨ  ᠢᠶᠠᠷ ᠪᠠᠭᠠᠨ᠎ᠠ᠂ ᠬᠤᠰᠭᠢᠨᠠᠭ  ᠤᠨ ᠬᠠᠵᠠᠭᠤ ᠨᠢ ᠦᠷᠭᠦᠯᠵᠢ ᠪᠠᠭᠠᠰᠤᠨ ᠳᠠᠭᠠᠨ ᠪᠢᠯᠳ᠋ᠬᠠᠳ᠋ᠬᠠᠰᠠᠨ ᠪᠠᠶᠢᠳᠠᠭ᠃ ᠲᠦᠷᠭᠡᠨ ᠴᠢᠨᠠᠷᠳᠡᠢ ᠭᠡᠯᠪᠡᠷᠢ ᠨᠢ ᠶᠠᠮᠠᠷ ᠴᠤ ᠭᠡᠮᠨᠡᠭᠰᠡᠨ ᠢᠯᠡᠷᠡᠯ ᠦᠭᠡᠢ ᠪᠠᠷ ᠭᠡᠨᠡᠳᠳᠡ ᠴᠢᠴᠠᠭ᠎ᠠ ᠠᠯᠳᠠᠭᠠᠳ 1 ~ 2 ᠡᠳᠤᠷ ᠪᠤᠯᠪᠠᠯ ᠦᠭᠦᠴᠢᠭᠡᠳᠡᠭ︔ ᠲᠡᠳ᠋ ᠲᠦᠷᠭᠡᠨ ᠴᠢᠨᠠᠷ  ᠤᠨ ᠭᠡᠯᠪᠡᠷᠢ  ᠶᠢᠨ ᠤᠯᠠᠩᠭᠢ ᠨᠢ 7 ~ 8 ᠡᠳᠤᠷ ᠪᠤᠯᠪᠠᠯ ᠦᠭᠦᠳᠡᠭ ᠪᠠᠶᠢᠨ᠎ᠠ᠃
       ᠲᠤᠰ ᠭᠡᠮ  ᠢ ᠰᠡᠷᠭᠡᠶᠢᠯᠡᠨ ᠵᠠᠰᠠᠬᠤ ᠳᠠᠭᠠᠨ ᠪᠠᠺᠲ᠋ᠧᠷᠢ ᠲᠠᠷᠤᠾ ᠡᠮ  ᠢᠶᠠᠷ ᠡᠮᠨᠡᠨ ᠵᠠᠰᠠᠨ᠎ᠠ︔ ᠯᠢᠶᠠᠨ ᠮᠸᠢ ᠰᠤ᠋  ᠶᠢ ᠺᠢᠯᠦᠭᠷᠡᠮ ᠪᠦᠷᠢ ᠪᠡᠶ᠎ᠠ  ᠶᠢᠨ ᠭᠦᠨᠳᠤ ᠳᠤ 20 ᠮᠢᠯᠢᠭᠷᠡᠮ  ᠢᠶᠠᠷ ᠪᠤᠯᠴᠢᠩ ᠮᠢᠬᠠᠨ ᠳᠤᠨᠢ ᠡᠳᠤᠷ ᠲᠤ ᠬᠤᠶᠠᠷ ᠤᠳᠠᠭ᠎ᠠ᠂ ᠵᠠᠯᠭᠠᠭ᠎ᠠ ᠪᠠᠷ 3 ~ 5 ᠡᠳᠤᠷ ᠲᠠᠷᠢᠨ᠎ᠠ᠃ ᠯᠢᠤᠢ ᠮᠸᠢ ᠰᠤ᠋᠂ ᠯᠢ ᠲᠧ ᠯᠢᠩ ᠭᠢᠭᠡᠳ ᠢᠤᠳ᠋ ᠠᠮᠢᠨ  ᠤ ᠲᠦᠷᠦᠯ  ᠤᠨ ᠡᠮᠳᠤ ᠪᠤᠳᠠᠰ  ᠤᠨ ᠠᠴᠢ ᠲᠤᠰᠠ ᠨᠢ ᠴᠤ ᠨᠡᠯᠢᠶᠡᠳ ᠰᠠᠶᠢᠨ ᠶᠤᠮ᠃ 400 ᠭᠷᠡᠮ ᠰᠠᠷᠢᠮᠰᠠᠭ  ᠢ ᠭᠡᠮᠭᠡᠯᠡᠵᠤ᠂ 1000 ᠮᠢᠯᠢᠯᠢᠲᠷ ᠠᠷᠢᠭᠢ ᠨᠡᠮᠡᠭᠡᠳ 7 ᠡᠳᠤᠷ ᠲᠡᠪᠳᠦᠭᠡᠵᠤ᠂ ᠰᠢᠭᠠᠷᠤ  ᠶᠢ ᠨᠢ ᠱᠦᠭᠦᠵᠤ᠂ 2.5 ᠮᠢᠯᠢᠯᠢᠲᠷ  ᠤᠨ ᠭᠡᠮᠵᠢᠶ᠎ᠠ ᠪᠠᠷ ᠰᠠᠷᠢᠮᠰᠠᠭ  ᠤᠨ ᠬᠠᠨᠳᠠ ᠪᠤᠯᠭᠠᠨ ᠨᠠᠶᠢᠷᠠᠭᠤᠯᠵᠤ᠂ ᠨᠢᠭᠡ ᠲᠠᠭᠢᠨ  ᠤ ᠭᠡᠮᠵᠢᠶ᠎ᠠ ᠲᠠᠢ ᠤᠰᠤ ᠨᠡᠮᠡᠭᠡᠳ ᠡᠳᠤᠷ ᠲᠤ ᠬᠤᠶᠠᠷ ᠤᠳᠠᠭ᠎ᠠ᠂ ᠵᠠᠯᠭᠠᠭ᠎ᠠ ᠪᠠᠷ ᠭᠤᠷᠪᠡᠨ ᠡᠳᠤᠷ ᠴᠢᠳᠬᠤᠵᠤ ᠤᠤᠭᠤᠯᠭᠠᠨ᠎ᠠ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ