ᠦᠷ᠎ᠠ ᠶᠢᠨ ᠲᠠᠤᠯᠠᠢ  ᠶᠢ ᠢᠯᠭᠠᠬᠤ ᠠᠷᠭ᠎ᠠ
ᠨᠡᠶᠢᠲᠡᠯᠡᠭᠰᠡᠨ ᠴᠠᠭ᠄
2015/12/4

      ᠨᠢᠭᠡ᠂ ᠡᠷ᠎ᠠ ᠡᠮ᠎ᠠ  ᠶᠢ ᠢᠯᠭᠠᠬᠤ᠄ ᠨᠢᠳᠤ ᠪᠠᠨ ᠨᠡᠭᠡᠭᠡᠭᠰᠡᠨ ᠨᠢᠯᠬ᠎ᠠ ᠪᠦᠵᠦᠩ  ᠤᠨ ᠪᠡᠯᠭᠡ  ᠶᠢᠨ ᠡᠷᠭᠡᠳᠡᠨ  ᠢ ᠪᠠᠶᠢᠴᠠᠭᠠᠨ᠎ᠠ᠃ ᠵᠡᠭᠦᠨ ᠭᠠᠷ  ᠢᠶᠠᠷ  ᠢᠶᠠᠨ ᠲᠠᠤᠯᠠᠢ  ᠶᠢᠨ ᠴᠢᠭᠢ ᠪᠤᠯᠤᠨ ᠭᠦᠵᠦᠭᠦᠤ  ᠶᠢ   ᠨᠢ ᠪᠠᠷᠢᠵᠤ᠂ ᠪᠠᠷᠠᠭᠤᠨ ᠭᠠᠷ  ᠤᠨ ᠲᠤᠯᠤᠪᠤᠷ ᠬᠤᠷᠤᠭᠤ ᠪᠤᠯᠤᠨ ᠲᠤᠮᠳᠠ ᠬᠤᠷᠤᠭᠤ ᠪᠠᠷ  ᠢᠶᠠᠨ ᠲᠠᠤᠯᠠᠢ  ᠶᠢᠨ ᠰᠡᠭᠦᠯ  ᠢ ᠬᠠᠪᠴᠢᠵᠤ᠂ ᠡᠷᠡᠭᠡᠢ ᠬᠤᠷᠤᠭᠤ ᠪᠠᠷ  ᠢᠶᠠᠨ ᠪᠡᠯᠭᠡ  ᠶᠢᠨ ᠡᠷᠭᠡᠳᠡᠨ  ᠢ ᠲᠡᠭᠡᠭᠰᠢ ᠲᠦᠯᠭᠢᠪᠡᠯ ᠡᠷ᠎ᠡ ᠲᠠᠤᠯᠠᠢ  ᠶᠢᠨ ᠪᠡᠯᠭᠡ  ᠶᠢᠨ ᠡᠷᠭᠡᠳᠡᠨ ᠲᠡᠭᠡᠷ᠎ᠡ O ᠭᠡᠯᠪᠡᠷᠢ ᠢᠯᠡᠷᠡᠵᠤ᠂ ᠲᠡᠭᠦᠨᠴᠢᠯᠡᠨ ᠭᠦᠳᠦᠶᠢᠵᠤ ᠭᠠᠷᠤᠨ᠎ᠠ᠃ ᠡᠮ᠎ᠠ ᠲᠠᠤᠯᠠᠢ  ᠶᠢᠨ ᠪᠡᠯᠭᠡ  ᠶᠢᠨ ᠡᠷᠭᠡᠳᠡᠨ ᠪᠤᠯ V ᠭᠡᠯᠪᠡᠷᠢᠳᠡᠢ ᠪᠠᠶᠢᠵᠤ᠂ ᠲᠤᠤᠷᠠᠳᠤ ᠦᠨᠴᠤᠭ᠌ ᠨᠢ ᠬᠤᠰᠭᠢᠨᠠᠭ  ᠤᠨ ᠰᠦᠪᠡ ᠭᠦᠷᠳᠡᠯ᠎ᠠ ᠰᠤᠠᠵᠢᠷᠠᠵᠤ ᠤᠨᠴᠠᠭᠠᠢ ᠭᠦᠳᠦᠶᠢᠵᠤ ᠭᠠᠷᠬᠤ ᠶᠠᠭᠤᠮ᠎ᠠ ᠦᠭᠡᠢ ᠶᠤᠮ᠃
       ᠬᠤᠶᠠᠷ᠂ ᠨᠠᠰᠤ ᠰᠢᠳᠤ  ᠶᠢ ᠨᠢ ᠢᠯᠭᠠᠨ ᠲᠤᠳᠤᠯᠬᠤ᠄ ᠲᠠᠤᠯᠠᠢ  ᠶᠢᠨ ᠭᠦᠯ  ᠤᠨ ᠬᠤᠷᠤᠭᠤᠨ  ᠤ ᠪᠠᠶᠢᠳᠠᠯ  ᠢ ᠦᠨᠳᠦᠰᠦᠯᠡᠵᠤ ᠢᠯᠭᠠᠨ ᠲᠤᠳᠤᠯᠠᠨ᠎ᠠ᠃ ᠵᠠᠯᠠᠭᠤ ᠲᠠᠤᠯᠠᠢ  ᠶᠢᠨ ᠭᠦᠯ  ᠤᠨ ᠬᠤᠷᠤᠭᠤ ᠨᠢ ᠤᠬᠤᠷ᠂ ᠨᠠᠷᠢᠨ᠂ ᠲᠡᠭᠰᠢᠭᠡᠨ ᠪᠠᠶᠢᠵᠤ᠂ ᠭᠢᠯᠦᠭᠡᠷ ᠦᠰᠤᠨ ᠳᠤᠨᠢ ᠪᠤᠭᠤᠠᠠᠳ᠋ᠬᠠᠰᠠᠨ ᠪᠠᠶᠢᠳᠠᠭ᠃ ᠴᠠᠭᠠᠨ ᠲᠠᠤᠯᠠᠢ  ᠶᠢᠨ ᠭᠦᠯ  ᠤᠨ ᠬᠤᠷᠤᠭᠤᠨ  ᠤ ᠤᠭ ᠨᠢ ᠶᠠᠭᠠᠨ ᠦᠡᠭᠭᠡᠳᠡᠢ ᠪᠠᠶᠢᠵᠤ᠂ ᠬᠤᠷᠤᠭᠤᠨ  ᠤ ᠦᠵᠦᠭᠦᠷ ᠨᠢ ᠴᠠᠭᠠᠨ ᠪᠠᠶᠢᠳᠠᠭ᠃ ᠨᠠᠰᠤ ᠭᠦᠢᠴᠡᠭᠰᠡᠨ ᠪᠦᠳᠦᠭᠦᠨ ᠲᠠᠤᠯᠠᠢ  ᠶᠢᠨ ᠭᠦᠯ  ᠤᠨ ᠬᠤᠷᠤᠭᠤᠨ  ᠤ ᠪᠦᠳᠦᠭᠦᠨ ᠨᠠᠷᠢᠨ ᠨᠢ ᠵᠢᠭᠳᠡ ᠪᠦᠭᠡᠳ ᠰᠢᠯᠪᠢ  ᠶᠢᠨ ᠭᠡᠰᠡᠭ ᠲᠤᠨᠢ ᠤᠷᠳᠤ ᠰᠢᠭ᠋ ᠦᠰᠤ ᠲᠠᠢ ᠶᠤᠮ᠃ ᠤᠷᠳᠤ ᠨᠤᠤᠰᠤᠳᠤ ᠲᠠᠤᠯᠠᠢ  ᠶᠢᠨ ᠭᠦᠯ  ᠤᠨ ᠬᠤᠷᠤᠭᠤᠨ  ᠤ ᠤᠯᠠᠭᠠᠨ ᠴᠠᠭᠠᠨ ᠦᠡᠭᠭᠡ ᠨᠢ ᠲᠡᠩᠴᠡᠭᠦᠤ ᠪᠠᠶᠢᠳᠠᠭ᠃ ᠭᠦᠭᠰᠢᠨ ᠲᠠᠤᠯᠠᠢ  ᠶᠢᠨ ᠭᠦᠯ  ᠤᠨ ᠬᠤᠷᠤᠭᠤ ᠨᠢ ᠪᠦᠳᠦᠭᠦᠨ ᠮᠦᠷᠳᠡᠭᠡᠨ ᠤᠷᠳᠤ᠂ ᠬᠤᠷᠤᠭᠤ  ᠶᠢᠨ ᠦᠵᠦᠭᠦᠷ ᠨᠢ ᠭᠤᠬ᠎ᠠ ᠭᠡᠯᠪᠡᠷᠢᠳᠡᠢ ᠮᠤᠷᠤᠶᠢᠠᠠᠰᠠᠨ ᠪᠦᠭᠡᠳ ᠬᠠᠭᠠᠰ ᠢᠯᠡᠭᠦᠤ ᠨᠢ ᠬᠤᠷᠤᠭᠤᠨ  ᠤ ᠦᠰᠤᠨ  ᠤ ᠭᠠᠳᠠᠨ᠎ᠠ ᠴᠤᠬᠤᠶᠢᠵᠤ ᠭᠠᠷᠤᠠᠠᠰᠠᠨ ᠪᠠᠶᠢᠳᠠᠭ᠂ ᠦᠰᠤ ᠨᠢ ᠪᠦᠳᠦᠭᠦᠯᠢᠭ ᠪᠦᠭᠡᠳ ᠵᠠᠯᠠᠭᠤ ᠲᠠᠤᠯᠠᠢ  ᠶᠢᠨ ᠬᠢ ᠲᠠᠢ ᠠᠳᠠᠯᠢ ᠲᠠᠶᠢᠮᠤ ᠭᠦᠯᠢᠭᠡᠷ ᠪᠢᠰᠢ ᠶᠤᠮ᠃ ᠭᠦᠭᠰᠢᠨ ᠴᠠᠭᠠᠨ ᠲᠠᠤᠯᠠᠢ  ᠶᠢᠨ ᠭᠦᠯ  ᠤᠨ ᠬᠤᠷᠤᠭᠤᠨ  ᠤ ᠴᠠᠭᠠᠨ ᠨᠢ ᠤᠯᠠᠭᠠᠨ ᠠᠴᠠ ᠪᠠᠨ ᠠᠷᠪᠢᠨ ᠪᠠᠶᠢᠳᠠᠭ᠃ ᠨᠠᠰᠤ ᠰᠢᠳᠤ  ᠶᠢ ᠨᠢ ᠢᠯᠭᠠᠨ ᠲᠤᠳᠤᠯᠬᠤ ᠳᠤ ᠪᠠᠰᠠ ᠰᠢᠳᠤᠨ  ᠤ ᠦᠡᠭᠭᠡ ᠪᠤᠯᠤᠨ ᠵᠢᠠᠠᠰᠠᠭᠠᠯ᠂ ᠠᠷᠠᠰᠤᠨ  ᠤ ᠵᠤᠵᠠᠭᠠᠨ ᠨᠢᠮᠭᠡᠨ ᠵᠡᠷᠭᠡ  ᠶᠢ ᠨᠢ ᠦᠵᠡᠵᠤ ᠪᠤᠯᠤᠨ᠎ᠠ᠃ ᠵᠠᠷᠢᠮ ᠭᠦᠮᠦᠰ ᠭᠦᠭᠰᠢᠨ ᠲᠠᠤᠯᠠᠢ  ᠶᠢᠨ ᠭᠦᠯ  ᠤᠨ ᠬᠤᠷᠤᠭᠤ  ᠶᠢ ᠭᠦᠯᠦᠭᠡᠷ ᠤᠬᠤᠷ ᠪᠤᠯᠭᠠᠵᠤ ᠵᠠᠰᠠᠭᠠᠳ ᠨᠠᠰᠤ ᠭᠦᠢᠴᠡᠭᠰᠡᠨ ᠪᠦᠳᠦᠭᠦᠨ ᠲᠠᠤᠯᠠᠢ ᠪᠤᠯᠭᠠᠨ ᠬᠤᠳᠠᠯᠳᠤᠬᠤ ᠶᠠᠪᠤᠳᠠᠯ ᠴᠤ ᠭᠠᠷᠳᠠᠭ ᠪᠤᠯᠬᠤᠷ ᠡᠭᠦᠨ  ᠢ ᠤᠨᠴᠠ ᠠᠩᠬᠠᠷᠤᠨ ᠭᠡᠷᠰᠡᠤᠯᠡᠭᠦ ᠭᠡᠷᠡᠭᠳᠡᠢ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ