ᠲᠠᠤᠯᠠᠢ ᠶᠢᠨ ᠬᠠᠯᠳᠠᠪᠤᠷᠢᠳᠤ ᠴᠦᠪᠤᠷᠢᠭᠦᠤ  ᠶᠢᠨ ᠠᠮᠠᠨ ᠦᠷᠪᠢᠰᠦᠯ  ᠢ ᠰᠡᠷᠭᠡᠶᠢᠯᠡᠨ ᠵᠠᠰᠠᠬᠤ
ᠨᠡᠶᠢᠲᠡᠯᠡᠭᠰᠡᠨ ᠴᠠᠭ᠄
2015/12/4

      ᠡᠨᠡ ᠪᠤᠯ ᠴᠦᠪᠦᠷᠢᠭᠦᠤ ᠤᠰᠤᠳᠤᠯ  ᠤᠨ ᠴᠢᠨᠠᠷᠳᠡᠢ ᠠᠮᠠᠨ ᠦᠷᠪᠢᠰᠦᠯ  ᠤᠨ ᠸᠢᠷᠦ᠋ᠰ ᠠᠴᠠ ᠡᠭᠦᠰᠦᠭᠰᠡᠨ ᠲᠠᠤᠯᠠᠢ  ᠶᠢᠨ ᠲᠦᠷᠭᠡᠨ ᠴᠢᠨᠠᠷᠳᠡᠢ ᠬᠠᠯᠳᠠᠪᠤᠷᠢᠳᠤ ᠭᠡᠮ ᠪᠤᠯᠤᠨ᠎ᠠ᠃ ᠤᠨᠴᠠᠯᠢᠭ ᠨᠢ ᠭᠡᠪᠡᠯ᠂ ᠠᠮᠠᠨ ᠭᠦᠨᠳᠡᠢ  ᠶᠢᠨ ᠰᠠᠯᠢᠰᠤᠳᠤ ᠪᠦᠷᠭᠦᠪᠴᠢ ᠳᠤ ᠤᠶᠢᠯᠠᠩᠬᠠᠢ ᠤᠰᠤᠨ ᠴᠦᠪᠤᠷᠢᠭᠦᠤ  ᠶᠢᠨ ᠴᠢᠨᠠᠷᠳᠡᠢ ᠦᠷᠪᠢᠰᠦᠯ ᠭᠡᠮ ᠪᠤᠯᠵᠤ ᠡᠭᠦᠰᠳᠡᠭ ᠪᠦᠭᠡᠳ ᠶᠡᠭᠡ ᠭᠡᠮᠵᠢᠶᠠᠨ  ᠤ ᠭᠤᠭᠤᠵᠢᠭᠤᠯᠬᠤ ᠡᠳ᠋ ᠲᠠᠢ ᠪᠠᠶᠢᠳᠠᠭ᠃
     ᠡᠮᠨᠡᠨ ᠵᠠᠰᠠᠬᠤ᠄ 2%  ᠤᠨ ᠪᠤᠷ ᠭᠦᠴᠢᠯ ᠪᠤᠶᠤ ᠲᠤᠩᠭᠠᠯᠠᠭ ᠪᠠᠶᠢᠪᠠᠨᠭ᠌  ᠢᠶᠠᠷ ᠠᠮᠠᠨ ᠭᠦᠨᠳᠡᠢ  ᠶᠢ ᠨᠢ ᠤᠭᠢᠶᠠᠨ ᠴᠡᠪᠡᠷᠯᠡᠵᠤ᠂ ᠲᠠᠭᠢᠨ ᠢᠤᠳ᠋  ᠤᠨ ᠭᠯᠢᠼᠧᠷᠢᠨ ᠲᠤᠰᠤ ᠲᠦᠷᠭᠢᠨ᠎ᠠ᠃ ᠲᠠᠷᠠᠭ᠎ᠠ ᠨᠢ 0.2 ᠭᠷᠡᠮ ᠸᠢᠷᠦ᠋ᠰ  ᠤᠨ ᠡᠮ᠂ 0.5 ᠭᠷᠡᠮ ᠬᠠᠮ ᠰᠢᠨ ᠨᠦᠸᠧ ᠮᠢᠩ  ᠢ ᠠᠪᠴᠤ᠂ ᠸᠢᠲ᠋ᠠᠮᠢᠨ B1 ᠪᠠ ᠸᠢᠲ᠋ᠠᠮᠢᠨ B2 ᠢ ᠪᠠᠰᠠ ᠲᠤᠰᠪᠤᠷᠢ ᠨᠢᠭᠡ ᠬᠠᠪᠳᠠᠭᠠᠢ ᠠᠪᠴᠤ ᠬᠠᠮᠳᠤ ᠳᠤᠨᠢ ᠨᠠᠷᠢᠨ ᠲᠠᠯᠬᠠᠳᠠᠵᠤ ᠲᠤᠰᠤᠭᠠᠬᠤ ᠰᠢᠩᠭᠡᠨ ᠪᠤᠯᠭᠠᠵᠤ ᠨᠠᠶᠢᠷᠠᠭᠤᠯᠤᠭᠠᠳ ᠠᠮᠠᠨ ᠳᠤᠨᠢ ᠪᠦᠭᠦᠨ  ᠢ ᠴᠢᠳᠬᠤᠵᠤ ᠦᠭᠭᠦᠨ᠎ᠠ᠂ ᠡᠳᠤᠷ ᠲᠤ 2 ᠤᠳᠠᠭ᠎ᠠ᠂ ᠵᠠᠯᠭᠠᠭ᠎ᠠ ᠪᠠᠷ 2 ~ 3 ᠡᠳᠤᠷ ᠭᠡᠷᠡᠭᠯᠡᠨ᠎ᠠ᠃ ᠪᠦᠭᠦ ᠪᠡᠶ᠎ᠠ ᠳᠤᠨᠢ ᠰᠢᠨᠵᠢ ᠲᠡᠮᠳᠡᠭ ᠢᠯᠡᠷᠡᠭᠦ ᠦᠶ᠎ᠠ ᠳᠤ᠂ ᠭᠦᠭᠦᠷᠯᠢᠭ ᠠᠮᠢᠨ  ᠤ ᠰᠠᠶᠢᠽᠤᠯ᠂ ᠭᠦᠭᠦᠷᠯᠢᠭ ᠠᠮᠢᠨ  ᠤ ᠫᠢᠷᠢᠮᠢᠳᠢᠨ ᠪᠤᠶᠤ ᠭᠦᠭᠦᠷᠯᠢᠭ ᠠᠮᠢᠨ  ᠤ ᠬᠤᠶᠠᠷᠴᠢ ᠮᠧᠲ᠋ᠢᠯᠳᠤ ᠫᠢᠷᠢᠮᠢᠳᠢᠨ  ᠢ ᠦᠭᠴᠤ ᠤᠤᠭᠤᠯᠭᠠᠨ᠎ᠠ᠃ ᠡᠳᠤᠷ ᠪᠦᠷᠢ  ᠶᠢᠨ ᠡᠮ  ᠤᠨ ᠭᠡᠮᠵᠢᠶ᠎ᠠ  ᠶᠢ ᠺᠢᠯᠦᠭᠷᠡᠮ ᠪᠦᠷᠢ ᠪᠡᠶ᠎ᠠ  ᠶᠢᠨ ᠭᠦᠨᠳᠤ ᠳᠤ 0.2 ~ 0.5 ᠭᠷᠡᠮ  ᠢᠶᠠᠷ ᠬᠤᠶᠠᠷ ᠤᠳᠠᠭ᠎ᠠ ᠬᠤᠪᠢᠶᠠᠨ ᠤᠤᠭᠤᠯᠭᠠᠬᠤ ᠭᠡᠷᠡᠭᠳᠡᠢ᠃
       ᠤᠷᠢᠳᠴᠢᠯᠠᠨ ᠰᠡᠷᠭᠡᠶᠢᠯᠡᠭᠦ᠄ ᠲᠠᠤᠯᠠᠢ  ᠶᠢᠨ ᠰᠢᠩᠭᠡᠯᠢᠭ᠂ ᠲᠠᠤᠯᠠᠢ  ᠶᠢᠨ ᠡᠭᠦᠷ ᠭᠢᠭᠡᠳ ᠭᠦᠳᠡᠯᠭᠡᠭᠡᠨ  ᠤ ᠲᠠᠯᠠᠪᠤᠷ  ᠤᠨ ᠠᠷᠢᠭᠤᠨ ᠴᠠᠪᠠᠷ  ᠢ ᠪᠠᠳᠤᠯᠠᠵᠤ᠂ ᠲᠤᠠᠠᠳ᠋ᠬᠠᠰᠠᠨ ᠬᠤᠭᠤᠴᠠᠭ᠎ᠠ ᠲᠠᠢ ᠪᠠᠷ 3% ~5%  ᠶᠢᠨ ᠴᠤᠬᠤᠢ  ᠶᠢᠨ ᠨᠡᠭᠦᠷᠡᠰᠤ ᠭᠦᠴᠢᠯ  ᠤᠨ ᠠᠭᠤᠰᠤᠮᠠᠯ  ᠢᠶᠠᠷ ᠠᠷᠢᠭᠤᠳᠬᠠᠨ᠎ᠠ᠃ ᠲᠤᠰ ᠭᠡᠮ ᠳᠤ ᠨᠡᠷᠪᠡᠭᠳᠡᠭᠰᠡᠨ ᠭᠡᠵᠤ ᠰᠡᠵᠢᠭᠯᠡᠪᠡᠯ᠂ ᠭᠦᠭᠦᠷᠯᠢᠭ ᠠᠮᠢᠨ  ᠤ ᠬᠤᠶᠠᠷᠴᠢ ᠮᠧᠲ᠋ᠢᠯᠳᠤ ᠫᠢᠷᠢᠮᠢᠳᠢᠨ  ᠢ ᠺᠢᠯᠦᠭᠷᠡᠮ ᠪᠦᠷᠢ ᠪᠡᠶ᠎ᠠ  ᠶᠢᠨ ᠭᠦᠨᠳᠤ ᠳᠤ 0.1 ᠭᠷᠡᠮ  ᠤᠨ ᠭᠡᠮᠵᠢᠶ᠎ᠠ ᠪᠠᠷ ᠡᠳᠤᠷ ᠪᠦᠷᠢ ᠨᠢᠭᠡ ᠤᠳᠠᠭ᠎ᠠ ᠲᠡᠵᠢᠭᠡᠯ ᠳᠤᠨᠢ ᠬᠤᠯᠢᠵᠤ ᠲᠡᠵᠢᠭᠡᠭᠦ ᠪᠦᠭᠡᠳ ᠵᠠᠯᠭᠠᠭ᠎ᠠ ᠪᠠᠷ ᠭᠡᠳᠦᠨ ᠡᠳᠤᠷ ᠤᠤᠭᠤᠯᠭᠠᠬᠤ  ᠶᠢᠨ ᠬᠠᠮᠳᠤ ᠡᠮᠳᠤ ᠪᠤᠳᠠᠰ  ᠢᠶᠠᠷ ᠤᠷᠢᠳᠴᠢᠯᠠᠨ ᠰᠡᠷᠭᠡᠶᠢᠯᠡᠵᠤ ᠪᠤᠯᠤᠨ᠎ᠠ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ