ᠲᠠᠤᠯᠠᠢ ᠲᠡᠵᠢᠭᠡᠭᠦ ᠦᠷ᠎ᠠ ᠠᠰᠢᠭ  ᠢ ᠲᠡᠭᠡᠭᠰᠢᠯᠡᠭᠦᠯᠭᠦ ᠭᠤᠷᠪᠡᠨ ᠰᠢᠨ᠎ᠠ ᠠᠷᠭ᠎ᠠ
ᠨᠡᠶᠢᠲᠡᠯᠡᠭᠰᠡᠨ ᠴᠠᠭ᠄
2015/12/4

      ᠨᠢᠭᠡ᠂ ᠲᠠᠤᠯᠠᠢ  ᠶᠢ ᠪᠤᠭᠤᠳᠠᠢ  ᠶᠢᠨ ᠲᠠᠯᠬ᠎ᠠ  ᠶᠢᠨ ᠤᠭᠢ ᠪᠠᠷ ᠲᠠᠵᠢᠭᠡᠨ᠎ᠡ᠃ ᠨᠠᠷᠢᠮᠤ  ᠶᠢᠨ ᠪᠤᠳᠠᠭ᠎ᠠ᠂ ᠨᠠᠷᠢᠮᠤ  ᠶᠢᠨ ᠲᠠᠯᠬ᠎ᠠ᠂ ᠪᠤᠭᠤᠳᠠᠢ  ᠶᠢᠨ ᠲᠠᠯᠬ᠎ᠠ  ᠶᠢᠨ ᠤᠭᠢ  ᠶᠢ ᠬᠤᠯᠢᠵᠤ ᠲᠠᠤᠯᠠᠢ ᠪᠠᠨ ᠲᠡᠵᠢᠭᠡᠨ᠎ᠡ᠃ ᠡᠭᠦᠨ  ᠢ ᠬᠤᠯᠢᠬᠤ ᠬᠠᠷᠢᠴᠠᠯ ᠭᠢᠭᠡᠳ ᠭᠡᠷᠡᠭᠯᠡᠭᠦ ᠭᠡᠮᠵᠢᠶ᠎ᠠ ᠨᠢ ᠭᠡᠪᠡᠯ᠂ ᠨᠢᠭᠡ ᠲᠠᠤᠯᠠᠢ ᠳᠤ ᠡᠳᠤᠷ ᠪᠦᠷᠢ ᠨᠢᠭᠡ ᠯᠠᠩ ᠨᠠᠷᠢᠮᠤ  ᠶᠢᠨ ᠪᠤᠳᠠᠭ᠎ᠠ᠂ ᠨᠢᠭᠡ ᠯᠠᠩ ᠨᠠᠷᠢᠮᠤ  ᠶᠢᠨ ᠲᠠᠯᠬ᠎ᠠ ᠪᠠ 0.2 ᠯᠠᠩ ᠪᠤᠭᠤᠳᠠᠢ  ᠶᠢᠨ ᠲᠠᠯᠬ᠎ᠠ  ᠶᠢᠨ ᠤᠭᠢ  ᠶᠢ ᠦᠭᠭᠦᠨ᠎ᠠ᠃ ᠰᠢᠨᠵᠢᠯᠡᠭᠦ ᠤᠬᠠᠭᠠᠨ  ᠤ ᠦᠢᠯᠡᠳᠦᠯᠭᠡ ᠭᠡᠷᠡᠴᠢᠯᠡᠭᠰᠡᠨ ᠨᠢ᠂ ᠲᠤᠰ ᠠᠷᠭ᠎ᠠ ᠪᠠᠷ ᠲᠠᠤᠯᠠᠢ ᠲᠡᠵᠢᠭᠡᠪᠡᠯ ᠪᠠᠶ᠎ᠠ  ᠶᠢᠨ ᠭᠦᠨᠳᠤ ᠨᠢ ᠰᠠᠷ᠎ᠠ ᠳᠤ ᠲᠤᠮᠳᠠᠴᠢ ᠪᠠᠷ 0.5 ᠺᠢᠯᠤᠭ᠍ᠷᠡᠮ ᠨᠡᠮᠡᠭᠳᠡᠵᠤ ᠪᠠᠶᠢᠠᠠᠰᠠᠨ ᠠᠴᠠ ᠪᠠᠨ ᠨᠢᠭᠡ ᠺᠢᠯᠤᠭ᠍ᠷᠡᠮ ᠪᠤᠯᠵᠤ ᠨᠡᠮᠡᠭᠳᠡᠨ᠎ᠠ᠃ ᠨᠤᠤᠰᠤᠨ ᠭᠠᠷᠤᠯᠳᠠ ᠨᠢ ᠴᠤ ᠤᠤᠯ  ᠤᠨ ᠬᠢ ᠠᠴᠠ ᠪᠠᠨ 2.5 ᠯᠠᠩ ᠪᠤᠯᠵᠤ ᠨᠡᠮᠡᠭᠳᠡᠭᠦ ᠪᠦᠭᠡᠳ ᠲᠠᠤᠯᠠᠢ  ᠶᠢᠨ ᠭᠡᠮ ᠭᠢᠵᠢᠭ  ᠢ ᠡᠰᠡᠷᠭᠦᠴᠡᠭᠦ ᠴᠢᠳᠠᠪᠤᠷᠢ ᠵᠢᠴᠢ ᠦᠷᠡᠵᠢᠯ  ᠤᠨ ᠴᠢᠳᠠᠪᠤᠷᠢ ᠨᠢ ᠴᠦᠮ ᠠᠳᠠᠯᠢ ᠪᠤᠰᠤ ᠭᠡᠮᠵᠢᠶ᠎ᠠ ᠪᠠᠷ ᠲᠡᠭᠡᠭᠰᠢᠯᠡᠭᠦ ᠪᠤᠯᠤᠨ᠎ᠠ᠃
      ᠬᠤᠶᠠᠷ᠂ ᠲᠠᠤᠯᠠᠢ  ᠶᠢ ᠴᠢᠭᠢᠭ  ᠤᠨ ᠤᠯᠠᠭᠠᠨ ᠬᠤᠷᠤᠬᠠᠢ ᠪᠠᠷ ᠲᠡᠵᠢᠭᠡᠨ᠎ᠡ᠃ ᠲᠠᠤᠯᠠᠢ ᠲᠡᠵᠢᠭᠡᠭᠦ ᠲᠤᠰᠬᠠᠢ ᠡᠷᠦᠭᠡ  ᠶᠢᠨ ᠲᠤᠷᠰᠢᠯᠭ᠎ᠠ  ᠶᠢ ᠦᠨᠳᠦᠰᠦᠯᠡᠪᠡᠯ᠂ ᠴᠢᠭᠢᠭ  ᠤᠨ ᠤᠯᠠᠭᠠᠨ ᠬᠤᠷᠤᠬᠠᠢ ᠪᠠᠷ ᠲᠠᠤᠯᠠᠢ ᠲᠡᠵᠢᠭᠡᠪᠡᠯ ᠦᠰᠦᠯᠳᠡ ᠪᠤᠶᠢᠵᠢᠯᠳᠡ ᠨᠢ ᠲᠦᠷᠭᠡᠰᠭᠦ ᠮᠦᠷᠳᠡᠭᠡᠨ ᠨᠤᠤᠰᠤᠨ ᠭᠠᠷᠤᠯᠳᠠ ᠨᠢ ᠴᠤ ᠨᠡᠮᠡᠭᠳᠡᠨ᠎ᠠ᠃
ᠡᠭᠦᠨ  ᠤ ᠪᠤᠳᠠᠳᠠᠢ ᠠᠷᠭ᠎ᠠ ᠪᠠᠷᠢᠯ ᠨᠢ ᠭᠡᠪᠡᠯ᠂ ᠠᠮᠢᠳᠤ ᠴᠢᠭᠢᠭ  ᠤᠨ ᠤᠯᠠᠭᠠᠨ ᠬᠤᠷᠤᠬᠠᠢ  ᠶᠢ ᠪᠤᠴᠠᠯᠤᠠᠠᠰᠠᠨ ᠤᠰᠤᠨ ᠳᠤ ᠲᠡᠪᠳᠦᠭᠡᠵᠤ᠂ ᠬᠠᠶᠢᠴᠢ ᠪᠠᠷ ᠬᠠᠶᠢᠴᠢᠯᠠᠭᠠᠳ ᠨᠠᠷᠢᠯᠢᠭ ᠪᠤᠷᠳᠤᠭ᠎ᠠ ᠳᠤᠨᠢ ᠬᠤᠯᠢᠵᠤ᠂ ᠡᠳᠤᠷ ᠲᠤ ᠦᠷᠯᠦᠭᠡ᠂ ᠤᠷᠤᠢ ᠬᠤᠶᠠᠷ ᠤᠳᠠᠭ᠎ᠠ ᠬᠤᠪᠢᠶᠠᠨ ᠲᠡᠵᠢᠭᠡᠨ᠎ᠡ᠃ ᠡᠭᠢᠯᠡᠭᠡᠳ ᠨᠢᠭᠡ ᠲᠠᠤᠯᠠᠢ  ᠶᠢᠨ ᠲᠡᠵᠢᠭᠡᠯ ᠪᠤᠷᠳᠤᠭ᠎ᠠ ᠪᠦᠷᠢ ᠳᠤᠨᠢ 1 ~ 2 ᠯᠠᠩ ᠴᠢᠭᠢᠭ  ᠤᠨ ᠤᠯᠠᠭᠠᠨ ᠬᠤᠷᠤᠬᠠᠢ ᠬᠤᠯᠢᠵᠤ᠂ ᠬᠤᠶᠢᠰᠢᠳᠠ ᠠᠭᠠᠵᠢᠮ  ᠢᠶᠠᠷ ᠭᠡᠮᠵᠢᠶ᠎ᠠ  ᠶᠢ ᠨᠢ ᠨᠡᠮᠡᠭᠳᠡᠭᠦᠯᠵᠤ ᠪᠤᠯᠤᠨ᠎ᠠ᠃
       ᠭᠤᠷᠪᠡ᠂ ᠲᠠᠤᠯᠠᠢ  ᠶᠢ ᠰᠦ ᠤᠤᠭᠤᠯᠭᠠᠬᠤ ᠠᠷᠭ᠎ᠠ ᠪᠠᠷ ᠲᠡᠵᠢᠭᠡᠨ᠎ᠡ᠃ ᠲᠠᠤᠯᠠᠢ ᠵᠤᠯᠵᠠᠭᠠᠯᠬᠠᠰᠠᠨ  ᠤ ᠲᠠᠷᠠᠭ᠎ᠠ᠂ ᠠᠯᠠᠰᠢᠨ ᠳᠤ ᠭᠡᠷᠡᠭᠯᠡᠭᠦ ᠮᠢᠬᠠᠨ  ᠤ ᠲᠠᠤᠯᠠᠢ ᠪᠠᠷ ︿ᠠᠰᠠᠷᠬᠠᠴᠢ﹀ ᠪᠤᠯᠭᠠᠵᠤ ᠰᠦ ᠤᠤᠭᠤᠯᠭᠠᠬᠤ ᠡᠭᠦᠷᠭᠡ  ᠶᠢ ᠭᠦᠢᠴᠡᠳᠭᠡᠯᠭᠡᠨ᠂ ᠡᠮ᠎ᠠ ᠲᠠᠤᠯᠠᠢ ᠪᠠᠨ ᠦᠷᠭᠦᠯᠵᠢᠯᠡᠨ ᠭᠡᠭᠡᠯᠳᠦᠭᠦᠯᠦᠨ᠎ᠠ᠃ ᠡᠨᠡ ᠭᠦ ᠠᠷᠭ᠎ᠠ ᠪᠠᠷ ᠠᠷᠠᠴᠢᠯᠠᠨ ᠲᠡᠵᠢᠭᠡᠪᠡᠯ ᠲᠠᠤᠯᠠᠢ  ᠶᠢᠨ ᠵᠤᠯᠵᠠᠭᠠᠯᠠᠬᠤ ᠨᠢ ᠨᠢᠭᠡ ᠲᠠᠭᠢᠨ ᠨᠡᠮᠡᠭᠳᠡᠵᠤ᠂ ᠲᠠᠤᠯᠠᠢ ᠨᠢᠭᠡᠪᠤᠷᠢ ᠠᠴᠠ ᠨᠢᠭᠡ ᠤᠳᠠᠭ᠎ᠠ ᠳᠤ 2 ~ 3 ᠯᠠᠩ ᠨᠤᠤᠰᠤ ᠬᠠᠶᠢᠴᠢᠯᠠᠬᠤ ᠮᠦᠷᠳᠡᠭᠡᠨ ᠠᠷᠠᠴᠢᠯᠠᠭ᠎ᠠ ᠲᠡᠵᠢᠭᠡᠯᠭᠡ ᠪᠠ ᠬᠠᠮᠢᠶᠠᠷᠤᠯᠳᠠ ᠨᠢ ᠰᠠᠶᠢᠨ ᠪᠤᠯ ᠪᠠᠰᠠ 6 ᠯᠠᠩ ᠨᠤᠤᠰᠤᠨ  ᠤ ᠭᠠᠷᠤᠯᠳᠠ ᠲᠠᠢ ᠴᠤ ᠪᠤᠯᠵᠤ ᠮᠡᠳᠡᠭᠦ ᠶᠤᠮ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ