ᠲᠠᠤᠯᠠᠢ ᠶᠢᠨ ᠸᠢᠷᠦ᠋ᠰᠳᠤ ᠴᠢᠰᠤ ᠭᠠᠷᠬᠤ ᠭᠡᠮ  ᠢ ᠰᠡᠷᠭᠡᠶᠢᠯᠡᠨ ᠵᠠᠰᠠᠬᠤ
ᠨᠡᠶᠢᠲᠡᠯᠡᠭᠰᠡᠨ ᠴᠠᠭ᠄
2015/12/4

       ᠲᠠᠤᠯᠠᠢ  ᠶᠢᠨ ᠸᠢᠷᠦ᠋ᠰᠳᠤ ᠴᠢᠰᠤ ᠭᠠᠷᠬᠤ ᠭᠡᠮ ︵ᠲᠠᠤᠯᠠᠢ  ᠶᠢᠨ ᠮᠢᠯᠵᠠᠩ︶  ᠤᠨ ᠡᠭᠢ ᠨᠢ ᠲᠠᠤᠯᠠᠢ  ᠶᠢᠨ ᠴᠢᠰᠤ ᠭᠠᠷᠬᠤ ᠭᠡᠮ  ᠤᠨ ᠸᠢᠷᠦ᠋ᠰ ᠠᠴᠠ ᠡᠭᠦᠰᠦᠭᠰᠡᠨ ᠶᠤᠮ᠃ ᠡᠭᠦᠨ ᠳᠤ ᠲᠠᠤᠯᠠᠢ  ᠶᠢᠨ ᠠᠮᠢᠰᠬᠤᠯ  ᠤᠨ ᠰᠢᠰᠲ᠋ᠧᠮ ᠠᠴᠠ ᠨᠢ ᠴᠢᠰᠤ ᠭᠠᠷᠬᠤ ᠪᠤᠶᠤ ᠴᠤᠯᠤ ᠡᠷᠭᠡᠳᠡᠨ ᠨᠢ ᠤᠰᠤᠨ ᠬᠠᠪᠤᠡᠭ ᠲᠠᠢ ᠪᠤᠯᠤᠭᠠᠳ ᠴᠢᠰᠤ ᠬᠤᠷᠠᠵᠤ ᠴᠢᠰᠤ ᠭᠠᠷᠳᠠᠭ ᠪᠠᠶᠢᠨ᠎ᠠ᠃ ᠲᠤᠰ ᠭᠡᠮ ᠪᠤᠯ ᠲᠦᠷᠭᠡᠨ ᠴᠢᠨᠠᠷ  ᠤᠨ ᠲᠡᠭᠡᠳᠤ ᠭᠡᠮᠵᠢᠶᠠᠨ  ᠤ ᠭᠦᠷᠦᠯᠴᠡᠭᠦᠶᠢᠴᠡ ᠴᠢᠨᠠᠷᠳᠡᠢ ᠬᠠᠯᠳᠠᠪᠤᠷᠢᠳᠤ ᠭᠡᠮ ᠪᠤᠯᠤᠨ᠎ᠠ᠃ ᠭᠡᠮᠨᠡᠭᠦ ᠭᠡᠮᠵᠢᠶ᠎ᠠ ᠪᠤᠯᠤᠨ ᠦᠭᠦᠯᠳᠡ ᠨᠢ ᠴᠦᠮ ᠲᠤᠶᠢᠯ  ᠤᠨ ᠦᠨᠳᠤᠷ ᠪᠠᠶᠢᠳᠠᠭ᠃
      ᠲᠤᠰ ᠭᠡᠮ  ᠢ ᠰᠡᠷᠭᠡᠶᠢᠯᠡᠭᠦ ᠠᠷᠭ᠎ᠠ ᠭᠡᠮᠵᠢᠶ᠎ᠠ᠄ ᠭᠡᠮ ᠡᠭᠦᠰᠦᠭᠰᠡᠨ ᠭᠠᠵᠠᠷ ᠤᠷᠤᠨ ᠳᠤ ᠵᠢᠯ ᠪᠦᠷᠢ ᠲᠠᠤᠯᠠᠢ  ᠶᠢᠨ ᠮᠢᠯᠵᠠᠩ  ᠤᠨ ᠢᠳᠡᠪᠭᠢ ᠦᠭᠡᠶᠢᠳᠡᠭᠦᠯᠭᠦ ᠸᠠᠺᠼᠢᠨ  ᠢ ᠭᠡᠷᠡᠭᠯᠡᠵᠤ᠂ ᠤᠷᠢᠳᠴᠢᠯᠠᠨ ᠰᠡᠷᠭᠡᠶᠢᠯᠡᠭᠦ ᠲᠠᠷᠢᠯᠭ᠎ᠠ ᠲᠠᠷᠢᠨ᠎ᠠ᠂ ᠶᠡᠭᠡ ᠪᠠᠭ᠎ᠠ ᠲᠠᠤᠯᠠᠢ ᠭᠡᠵᠤ ᠢᠯᠭᠠᠯ ᠦᠭᠡᠢ᠂ ᠲᠠᠤᠯᠠᠢ ᠪᠦᠷᠢ  ᠶᠢᠨ ᠪᠤᠯᠴᠢᠩ ᠮᠢᠬᠠᠨ ᠳᠤᠨᠢ ᠪᠦᠷ ᠨᠢᠭᠡ ᠮᠢᠯᠢᠯᠢᠲᠷ  ᠤᠨ ᠲᠠᠷᠢᠯᠭ᠎ᠠ ᠲᠠᠷᠢᠨ᠎ᠠ᠃ ᠭᠡᠮ ᠡᠭᠦᠰᠦᠭᠰᠡᠨ ᠲᠠᠤᠯᠠᠢ  ᠶᠢᠨ ᠰᠦᠷᠦᠭ ᠲᠤ ᠴᠢᠩᠭ᠎ᠠ ᠲᠤᠰᠠᠭᠠᠷᠯᠠᠬᠤ ᠠᠷᠭ᠎ᠠ ᠭᠡᠮᠵᠢᠶ᠎ᠠ ᠠᠪᠴᠤ ᠠᠷᠢᠭᠤᠳᠬᠠᠬᠤ ᠪᠦᠭᠡᠳ ᠭᠡᠮ ᠲᠠᠢ ᠲᠠᠤᠯᠠᠢ  ᠶᠢ ᠠᠯᠠᠵᠤ ᠨᠢᠳᠦᠯᠡᠬᠤ ᠭᠡᠷᠡᠭᠳᠡᠢ᠃ ᠤᠷᠴᠢᠨ ᠲᠤᠭᠤᠷᠢᠨ ᠭᠢᠭᠡᠳ ᠪᠠᠭᠠᠵᠢ ᠭᠡᠷᠡᠭᠰᠡᠯ  ᠢ 2%  ᠤᠨ ᠤᠰᠤᠮᠬᠠᠳᠤ ᠨᠠᠲᠷᠢ  ᠶᠢᠨ ᠠᠭᠤᠰᠤᠮᠠᠯ  ᠢᠶᠠᠷ ᠠᠷᠢᠭᠤᠳᠬᠠᠪᠠᠯ ᠵᠤᠭᠢᠨ᠎ᠠ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ