ᠰᠤᠩᠭᠢᠨ᠎ᠠ ᠪᠠᠷ ᠮᠠᠯ ᠵᠢᠭᠦᠷᠳᠡᠨ  ᠤ ᠭᠡᠮ ᠭᠢᠵᠢᠭ  ᠢ ᠡᠮᠨᠡᠨ ᠵᠠᠰᠠᠬᠤ
ᠨᠡᠶᠢᠲᠡᠯᠡᠭᠰᠡᠨ ᠴᠠᠭ᠄
2015/12/4

      ᠰᠤᠩᠭᠢᠨ᠎ᠠ ᠭᠤᠰᠤᠭᠤᠨ ᠠᠮᠳᠠ ᠲᠠᠢ᠂ ᠴᠢᠨᠠᠷ ᠬᠠᠯᠠᠭᠤᠨ ᠪᠤᠯᠬᠤᠷ ᠲᠤᠯᠠᠭᠠᠨ  ᠢ ᠰᠠᠯᠪᠢᠵᠤ᠂ ᠰᠡᠷᠢᠭᠦᠨ  ᠢ ᠠᠷᠢᠯᠭᠠᠨ᠂ ᠰᠢᠭᠡᠰᠤ  ᠶᠢ ᠭᠠᠳ᠋ᠬᠠᠰᠢᠯᠠᠭᠤᠯᠵᠤ᠂ ᠴᠠᠷ  ᠢ ᠬᠤᠪᠬᠤᠯᠵᠤ᠂ ᠬᠤᠳᠤᠭᠤᠳᠤ  ᠶᠢ ᠰᠠᠶᠢᠵᠢᠷᠠᠭᠤᠯᠤᠨ᠂ ᠪᠠᠺᠲ᠋ᠧᠷᠢ  ᠶᠢ ᠲᠠᠷᠤᠬᠤ ᠵᠡᠷᠭᠡ ᠤᠯᠠᠨ ᠵᠤᠶᠢᠯ  ᠤᠨ ᠡᠮᠴᠢᠯᠡᠭᠡᠨ  ᠤ ᠲᠤᠰᠠᠳᠠᠢ ᠶᠤᠮ᠃ ᠮᠠᠯ  ᠤᠨ ᠡᠮᠴᠢ  ᠶᠢᠨ ᠡᠮᠴᠢᠯᠡᠭᠡᠨ  ᠤ ᠲᠤᠷᠰᠢᠯᠭ᠎ᠠ ᠭᠡᠷᠡᠴᠢᠯᠡᠭᠰᠡᠨ ᠨᠢ᠂ ᠰᠤᠩᠭᠢᠨ᠎ᠠ  ᠶᠢ ᠪᠤᠰᠤᠳ ᠡᠮᠳᠤ ᠪᠤᠳᠠᠰ ᠲᠠᠢ ᠬᠠᠪᠰᠤᠷᠤᠭᠤᠯᠤᠨ ᠭᠡᠷᠡᠭᠯᠡᠪᠡᠯ ᠮᠠᠯ ᠵᠢᠭᠦᠷᠳᠡᠨ  ᠤ ᠤᠯᠠᠨ ᠵᠤᠶᠢᠯ  ᠤᠨ ᠭᠡᠮ ᠭᠢᠵᠢᠭ  ᠢ ᠡᠮᠨᠡᠨ ᠵᠠᠰᠠᠵᠤ ᠲᠡᠶᠢᠯᠭᠦ ᠪᠦᠭᠡᠳ ᠨᠡᠯᠢᠶᠡᠳ ᠰᠠᠶᠢᠨ ᠵᠠᠰᠠᠪᠤᠷᠢ ᠠᠪᠳᠠᠭ ᠪᠠᠶᠢᠨ᠎ᠠ᠃
     1. ᠡᠮ᠎ᠠ ᠭᠠᠭ᠋ᠠᠢ  ᠶᠢᠨ ᠤᠷᠤᠭ᠎ᠠ ᠤᠷᠤᠬᠤ ᠦᠭᠡᠢ  ᠶᠢ ᠵᠠᠰᠠᠬᠤ᠄ 150 ᠭᠷᠡᠮ ᠰᠤᠩᠭᠢᠨ᠎ᠠ᠂ 250 ᠭᠷᠡᠮ ᠭᠤᠭᠤᠳ᠂ 100 ᠭᠷᠡᠮ ᠨᠢᠴᠦᠭᠦᠨ ᠬᠤᠪᠤᠯᠤ  ᠶᠢᠨ ᠨᠠᠪᠴᠢ  ᠶᠢ ᠬᠤᠯᠢᠵᠤ ᠨᠦᠳᠦᠭᠡᠳ ᠲᠡᠵᠢᠭᠡᠯ ᠪᠤᠷᠳᠤᠭ᠎ᠠ ᠳᠤᠨᠢ ᠬᠤᠯᠢᠵᠤ ᠲᠡᠵᠢᠭᠡᠨ᠎ᠠ᠂ ᠡᠳᠤᠷ ᠲᠤ ᠨᠢᠭᠡ ᠤᠳᠠᠭ᠎ᠠ᠂ ᠵᠠᠯᠭᠠᠭ᠎ᠠ ᠪᠠᠷ ᠭᠤᠷᠪᠡᠨ ᠤᠳᠠᠭ᠎ᠠ ᠲᠡᠵᠢᠭᠡᠪᠡᠯ ᠤᠷᠤᠭ᠎ᠠ ᠤᠷᠤᠵᠤ ᠭᠡᠭᠡᠯᠳᠦᠳᠡᠭ ᠪᠠᠶᠢᠨ᠎ᠠ᠃
      2. ᠠᠵᠢᠷᠭᠠᠨ ᠭᠠᠭ᠋ᠠᠢ  ᠶᠢᠨ ᠲᠦᠮᠦᠰᠤ ᠤᠨᠵᠢᠢᠠᠠᠰᠠᠨ ᠭᠡᠮ  ᠢ ᠵᠠᠰᠠᠬᠤ᠄ 200 ᠭᠷᠡᠮ ᠰᠤᠩᠭᠢᠨ᠎ᠠ  ᠶᠢᠨ ᠴᠠᠭᠠᠨ᠂ 10 ᠭᠷᠡᠮ ᠶᠠᠷᠮ᠎ᠠ᠂ 50 ᠭᠷᠡᠮ ᠪᠠᠭᠪᠠᠭ᠋ᠠᠢ ᠴᠡᠴᠡᠭ᠂ 20 ᠭᠷᠡᠮ ᠰᠢᠷ᠎ᠠ ᠮᠠᠶᠢᠯᠠᠰᠤ  ᠶᠢ ᠬᠤᠯᠢᠵᠤ ᠤᠰᠤᠨ ᠳᠤ ᠴᠢᠨᠠᠭᠠᠳ ᠰᠢᠭᠠᠷᠤ  ᠶᠢ ᠨᠢ ᠱᠦᠭᠦᠨ ᠬᠠᠶᠠᠵᠤ ᠰᠢᠭᠦᠰᠤ ᠪᠠᠷ ᠨᠢ ᠭᠠᠭ᠋ᠠᠢ  ᠶᠢᠨ ᠤᠨᠵᠢᠢᠠᠠᠰᠠᠨ ᠲᠦᠮᠤᠰᠤ  ᠶᠢ ᠤᠭᠢᠶᠠᠨ᠎ᠠ᠂ ᠡᠳᠤᠷ ᠲᠤ 3 ~ 4 ᠤᠳᠠᠭ᠎ᠠ᠂ ᠵᠠᠯᠭᠠᠭ᠎ᠠ ᠪᠠᠷ 2 ~ 3 ᠡᠳᠤᠷ ᠤᠭᠢᠶᠠᠪᠠᠯ ᠡᠳᠡᠭᠡᠷᠡᠴᠢᠭᠡᠨ᠎ᠡ᠃
     3. ᠭᠡᠷ  ᠤᠨ ᠲᠡᠵᠢᠭᠡᠪᠤᠷᠢ  ᠶᠢᠨ ᠤᠳᠠᠭᠠᠨ ᠴᠢᠨᠠᠷᠳᠡᠢ ᠬᠠᠮᠠᠷ  ᠤᠨ ᠦᠷᠪᠢᠰᠦᠯ  ᠢ ᠵᠠᠰᠠᠬᠤ᠄ ᠰᠤᠩᠭᠢᠨ᠎ᠠ  ᠶᠢᠨ ᠰᠢᠭᠦᠰᠤ  ᠶᠢ ᠰᠢᠬᠠᠵᠤ ᠠᠪᠤᠭᠠᠳ ᠲᠡᠩᠴᠡᠭᠦᠤ ᠭᠡᠮᠵᠢᠶᠠᠨ  ᠤ ᠰᠢᠯᠭᠠᠪᠤᠷ ᠲᠠᠢ ᠬᠤᠯᠢᠵᠤ ᠬᠠᠮᠠᠷ  ᠤᠨ ᠭᠦᠨᠳᠡᠢ ᠳᠤᠨᠢ ᠲᠤᠰᠤᠭᠠᠨ᠎ᠠ᠂ ᠡᠳᠤᠷ ᠲᠤ 3 ~ 5 ᠤᠳᠠᠭ᠎ᠠ᠂ ᠵᠠᠯᠭᠠᠭ᠎ᠠ ᠪᠠᠷ 7 ~ 8 ᠡᠳᠤᠷ ᠲᠤᠰᠤᠭᠠᠪᠠᠯ ᠪᠤᠯᠴᠢᠬᠠᠨ᠎ᠠ᠃
      4. ᠮᠠᠯ  ᠤᠨ ᠬᠠᠮᠠᠭᠤ  ᠶᠢ ᠵᠠᠰᠠᠬᠤ᠄ ᠭᠦᠭᠦᠷ  ᠢ ᠰᠤᠩᠭᠢᠨ᠎ᠠ  ᠶᠢᠨ ᠨᠠᠪᠴᠢᠨ ᠳᠤ ᠬᠤᠯᠢᠵᠤ ᠬᠠᠳᠠᠭᠠᠭᠠᠳ ᠲᠠᠯᠬ᠎ᠠ ᠪᠤᠯᠭᠠᠨ ᠨᠢᠴᠠᠯᠵᠤ ᠲᠠᠯᠬᠠᠳ᠋ᠬᠠᠰᠠᠨ  ᠤ ᠲᠠᠷᠠᠭ᠎ᠠ ᠲᠡᠭᠡᠷ᠎ᠠ ᠨᠢ ᠭᠠᠭ᠋ᠠᠢ  ᠶᠢᠨ ᠲᠤᠰᠤ ᠭᠢᠵᠤ ᠵᠢᠭᠤᠷᠠᠭᠠᠳ ᠬᠠᠮᠠᠭᠤᠷᠬᠠᠰᠠᠨ ᠭᠡᠰᠡᠭ ᠲᠤᠨᠢ ᠲᠦᠷᠭᠢᠨ᠎ᠠ᠂ ᠡᠳᠤᠷ ᠲᠤ 3 ᠤᠳᠠᠭ᠎ᠠ᠂ ᠵᠠᠯᠭᠠᠭᠠᠳ 3 ~ 4 ᠡᠳᠤᠷ ᠲᠦᠷᠭᠢᠪᠡᠯ ᠡᠳᠡᠭᠡᠷᠡᠴᠢᠭᠡᠨ᠎ᠡ᠃
      5. ᠡᠭᠡ ᠮᠠᠯ  ᠤᠨ ᠭᠡᠭᠡᠯ ᠭᠦᠳᠡᠯᠦᠭᠡᠳ ᠵᠤᠠᠠᠰᠤᠬᠤ ᠦᠭᠡᠢ ᠭᠡᠮ  ᠢ ᠵᠠᠰᠠᠬᠤ᠄ 500 ᠭᠷᠡᠮ ᠰᠤᠩᠭᠢᠨ᠎ᠠ  ᠶᠢ ᠨᠠᠷᠢᠬᠠᠨ ᠭᠡᠷᠴᠢᠭᠡᠳ ᠤᠰᠤᠨ ᠳᠤ ᠴᠢᠨᠠᠵᠤ ᠰᠢᠭᠠᠷᠤ  ᠶᠢ ᠨᠢ ᠱᠦᠭᠦᠨ ᠬᠠᠶᠠᠵᠤ᠂ ᠤᠯᠠᠨ ᠤᠳᠠᠭ᠎ᠠ ᠴᠢᠳᠬᠤᠵᠤ ᠤᠤᠭᠤᠯᠭᠠᠨ᠎ᠠ᠃
      6. ᠠᠳᠤᠭᠤᠨ  ᠤ ᠴᠢᠴᠠᠭ᠎ᠠ ᠠᠯᠳᠠᠬᠤ ᠭᠡᠮ  ᠢ ᠵᠠᠰᠠᠬᠤ᠄ ᠨᠢᠭᠡ ᠤᠳᠠᠭ᠎ᠠ  ᠶᠢᠨ ᠵᠤᠷ ᠲᠤ ᠰᠤᠩᠭᠢᠨ᠎ᠠ  ᠶᠢᠨ ᠴᠠᠭᠠᠨ᠂ ᠨᠠᠷᠢᠮᠤ  ᠶᠢ ᠲᠤᠰᠪᠤᠷᠢ 250 ᠭᠷᠡᠮ ᠠᠪᠴᠤ᠂ ᠲᠦᠭᠦᠭᠡᠢ ᠭᠠ᠂ ᠴᠢᠪᠠᠭ᠎ᠠ  ᠶᠢ ᠲᠤᠰᠪᠤᠷᠢ 120 ᠭᠷᠡᠮ ᠬᠤᠯᠢᠵᠤ ᠤᠰᠤᠨ ᠳᠤ ᠴᠢᠨᠠᠭᠠᠳ ᠤᠤᠭᠤᠯᠭᠠᠨ᠎ᠠ᠂ ᠡᠳᠤᠷ ᠲᠤ ᠨᠢᠭᠡ ᠵᠤᠷ᠂ ᠵᠠᠯᠭᠠᠭᠠᠳ 3 ~ 5 ᠵᠤᠷ ᠤᠤᠭᠤᠯᠭᠠᠨ᠎ᠠ᠃
     7. ᠭᠠᠭ᠋ᠠᠢ ᠪᠤᠯᠤᠨ ᠦᠭᠡᠷ  ᠤᠨ ᠭᠢᠮᠤᠷᠠᠭ᠎ᠠ  ᠶᠢ ᠵᠠᠰᠠᠬᠤ᠄ 10 ᠰᠢᠷᠭᠡᠭ ᠰᠤᠩᠭᠢᠨ᠎ᠠ ᠳᠤ 500 ~1000 ᠭᠷᠡᠮ ᠲᠦᠭᠦᠭᠡᠢ ᠭᠠᠨ  ᠶᠢ ᠨᠢᠭᠡ ᠤᠳᠠᠭ᠎ᠠ  ᠶᠢᠨ ᠵᠤᠷ ᠲᠤ ᠬᠤᠯᠢᠵᠤ ᠨᠠᠶᠢᠷᠠᠭᠤᠯᠤᠭᠠᠳ ᠲᠠᠭᠢᠨ ᠤᠰᠤᠨ ᠳᠤ ᠴᠢᠨᠠᠵᠤ ᠰᠢᠭᠠᠷᠤ  ᠶᠢ ᠨᠢ ᠱᠦᠭᠦᠨ ᠠᠪᠴᠤ ᠬᠠᠶ᠋ᠬᠠᠰᠠᠨ  ᠤ ᠲᠠᠷᠠᠭ᠎ᠠ ᠨᠢᠭᠡ ᠯᠡ ᠤᠳᠠᠭ᠎ᠠ ᠳᠤ ᠴᠢᠳᠬᠤᠨ ᠤᠤᠭᠤᠯᠭᠠᠨ᠎ᠠ᠃ ᠡᠳᠤᠷ ᠲᠤ ᠨᠢᠭᠡ ᠵᠤᠷ  ᠢᠶᠠᠷ ᠵᠠᠯᠭᠠᠭᠠᠳ 1 ~ 2 ᠵᠤᠷ ᠤᠤᠭᠤᠯᠭᠠᠨ᠎ᠠ᠃
     8. ᠠᠳᠤᠭᠤᠨ  ᠤ ᠭᠡᠳᠡᠰᠤ ᠲᠠᠳᠠᠪᠠᠯᠵᠠᠬᠤ ᠭᠡᠮ  ᠢ ᠵᠠᠰᠠᠬᠤ᠄ 7 ᠰᠢᠷᠭᠡᠭ ᠰᠤᠩᠭᠢᠨ᠎ᠠ᠂ 30 ᠭᠷᠡᠮ ᠬᠠᠭᠤᠷᠤᠠᠠᠰᠠᠨ ᠲᠠᠪᠤᠰᠤ᠂ 120 ᠮᠢᠯᠢᠯᠢᠲᠷ ᠬᠠᠷ᠎ᠠ ᠠᠷᠢᠭᠢ  ᠶᠢ ᠬᠤᠯᠢᠵᠤ ᠨᠠᠶᠢᠷᠠᠭᠤᠯᠤᠭᠠᠳ ᠲᠠᠭᠢᠨ ᠤᠰᠤᠨ ᠳᠤ ᠴᠢᠨᠠᠵᠤ ᠴᠢᠳᠬᠤᠨ ᠤᠤᠭᠤᠯᠭᠠᠪᠠᠯ ᠲᠤᠤᠷ᠎ᠡ ᠪᠠᠨ ᠲᠤᠰᠠ ᠭᠠᠷᠳᠠᠭ᠃
     9. ᠮᠠᠯ  ᠤᠨ ᠲᠤᠭᠤᠷᠠᠢ  ᠶᠢᠨ ᠭᠡᠮᠨᠡᠭᠰᠡᠨ  ᠢ ᠵᠠᠰᠠᠬᠤ᠄ 7 ᠰᠢᠷᠭᠡᠭ ᠰᠤᠩᠭᠢᠨ᠎ᠠ  ᠶᠢᠨ ᠴᠠᠭᠠᠨ  ᠢ ᠴᠠᠭᠠᠨ ᠰᠢᠭᠢᠷ ᠲᠠᠢ ᠬᠤᠯᠢᠵᠤ ᠨᠦᠳᠦᠵᠤ ᠲᠠᠭᠢᠨ ᠲᠤᠭᠤᠭᠠᠨ ᠳᠤ ᠭᠢᠵᠤ ᠬᠠᠭᠤᠷᠴᠤ ᠬᠠᠯᠠᠭᠠᠭᠠᠳ ᠭᠡᠮᠨᠡᠭᠰᠡᠨ ᠭᠡᠰᠡᠭ ᠲᠤᠨᠢ ᠰᠢᠪᠠᠵᠤ ᠱᠠ ᠪᠦᠰ  ᠢᠶᠠᠷ ᠪᠤᠭᠤᠵᠤ ᠲᠠᠯᠪᠢᠨ᠎ᠠ᠃ ᠡᠳᠤᠷ ᠲᠤ 2 ᠤᠳᠠᠭ᠎ᠠ ᠰᠤᠯᠢᠵᠤ᠂ ᠵᠠᠯᠭᠠᠭᠠᠳ 5 ~ 7 ᠡᠳᠤᠷ ᠡᠮᠨᠡᠨ ᠵᠠᠰᠠᠪᠠᠯ ᠡᠳᠡᠭᠡᠷᠡᠴᠢᠭᠡᠨ᠎ᠡ᠃
      10. ᠠᠳᠤᠭᠤᠨ  ᠤ ᠦᠶ᠎ᠠ ᠭᠡᠰᠢᠭᠦᠤ  ᠶᠢᠨ ᠭᠡᠮ  ᠢ ᠵᠠᠰᠠᠬᠤ᠄ 90 ~ 120 ᠭᠷᠡᠮ ᠰᠤᠩᠭᠢᠨ᠎ᠠ  ᠶᠢᠨ ᠴᠠᠭᠠᠨ ᠳᠤ 30 ᠭᠷᠡᠮ ᠬᠠᠳᠠᠭᠠᠠᠠᠰᠠᠨ ᠯᠠᠵᠤᠤ  ᠶᠢᠨ ᠲᠠᠯᠬ᠎ᠠ᠂ 30 ᠭᠷᠡᠮ ᠲᠦᠭᠦᠭᠡᠢ ᠭᠠ  ᠶᠢ ᠬᠤᠯᠢᠵᠤ ᠨᠦᠳᠦᠭᠡᠳ ᠪᠠᠭᠠᠬᠠᠨ ᠰᠢᠭ᠋ ᠬᠠᠷ᠎ᠠ ᠠᠷᠢᠭᠢ ᠨᠡᠮᠡᠵᠤ ᠨᠠᠶᠢᠷᠠᠭᠤᠯᠤᠠᠠᠰᠠᠨ  ᠤ ᠲᠠᠷᠠᠭ᠎ᠠ ᠦᠶ᠎ᠠ ᠭᠡᠰᠢᠭᠦᠤ ᠲᠡᠭᠡᠷ᠎ᠠ ᠨᠢ ᠲᠦᠷᠭᠢᠵᠤ ᠱᠠ ᠪᠦᠰ  ᠢᠶᠠᠷ ᠪᠤᠭᠤᠵᠤ ᠲᠠᠯᠪᠢᠨ᠎ᠠ᠃ ᠡᠳᠤᠷ ᠠᠯᠤᠰᠯᠠᠬᠤ ᠪᠦᠷᠢ ᠨᠢᠭᠡ ᠤᠳᠠᠭ᠎ᠠ ᠰᠤᠯᠢᠵᠤ ᠦᠭᠭᠦᠨ᠎ᠠ᠃ 10 ᠡᠳᠤᠷ  ᠢ ᠨᠢᠭᠡ ᠡᠮᠴᠢᠯᠡᠭᠡᠨ  ᠤ ᠬᠤᠭᠤᠴᠠᠭ᠎ᠠ ᠪᠤᠯᠭᠠᠵᠤ᠂ ᠵᠠᠯᠭᠠᠭᠠᠳ 2 ~ 3 ᠡᠮᠴᠢᠯᠡᠭᠡᠨ  ᠤ ᠬᠤᠭᠤᠴᠠᠭ᠎ᠠ ᠡᠮᠨᠡᠨ ᠵᠠᠰᠠᠪᠠᠯ ᠡᠳᠡᠭᠡᠷᠡᠭᠦ ᠪᠤᠯᠤᠨ᠎ᠠ᠃
      11. ᠮᠠᠯ ᠵᠢᠭᠦᠷᠳᠡᠨ ᠭᠢᠮᠤᠷᠠᠭᠠᠳ ᠬᠠᠨᠢᠶᠠᠪᠠᠯ ᠰᠤ᠋ ᠭᠸᠡᠭ ︵苏梗︶᠂ ᠲᠦᠭᠦᠭᠡᠢ ᠭᠠ᠂ ᠵᠦᠷᠵᠢ  ᠶᠢᠨ ᠬᠠᠯᠢᠰᠤ  ᠶᠢ ᠴᠢᠨᠠᠵᠤ᠂ ᠲᠡᠭᠡᠷ᠎ᠠ ᠨᠢ ᠨᠢᠴᠠᠯᠤᠠᠠᠰᠠᠨ ᠰᠤᠩᠭᠢᠨ᠎ᠠ  ᠶᠢᠨ ᠴᠠᠭᠠᠨ ᠨᠡᠮᠡᠵᠤ ᠤᠤᠭᠤᠯᠭᠠᠨ᠎ᠠ᠃
        12. ᠮᠠᠯ ᠲᠡᠵᠢᠭᠡᠪᠤᠷᠢ  ᠶᠢᠨ ᠰᠢᠭᠡᠰᠤᠨ  ᠤ ᠰᠦᠪᠡ ᠴᠢᠯᠠᠭᠤᠰᠢᠷᠠᠬᠤ  ᠶᠢ ᠵᠠᠰᠠᠬᠤ ᠳᠤ᠂ ᠰᠤᠩᠭᠢᠨ᠎ᠠ  ᠶᠢᠨ ᠴᠠᠭᠠᠨ  ᠢ ᠨᠢᠴᠠᠯᠤᠨ ᠪᠠᠯ ᠲᠠᠢ ᠬᠤᠯᠢᠵᠤ ᠨᠢᠴᠠᠯᠵᠤ᠂ ᠭᠦᠴᠢᠷᠭᠡᠢ  ᠶᠢᠨ ᠭᠡᠰᠡᠭ ᠲᠤᠨᠢ ᠲᠦᠷᠭᠢᠵᠤ ᠦᠭᠭᠦᠨ᠎ᠠ᠃
       1 3. ᠮᠠᠯ ᠲᠡᠵᠢᠭᠡᠪᠤᠷᠢ  ᠶᠢᠨ ᠪᠠᠭᠠᠰᠤ ᠨᠢ ᠬᠠᠳᠠᠵᠤ ᠪᠠᠶᠢᠪᠠᠯ ᠰᠤᠩᠭᠢᠨ᠎ᠠ ᠪᠤᠯᠤᠨ ᠪᠠᠯ  ᠢ 2᠄1  ᠶᠢᠨ ᠬᠠᠷᠢᠴᠠᠯ  ᠢᠶᠠᠷ ᠨᠢᠴᠠᠯᠤᠭᠠᠳ ᠤᠰᠤ ᠪᠠᠷ ᠲᠠᠷᠤᠭᠤᠯᠵᠤ ᠤᠤᠭᠤᠯᠭᠠᠨ᠎ᠠ᠃
       14. ᠮᠠᠯ ᠲᠠᠵᠢᠭᠡᠪᠤᠷᠢ  ᠶᠢᠨ ᠭᠦᠵᠡᠭᠡ ᠭᠦᠭᠡᠭᠡᠭᠦ ᠳᠤ᠂ 250 ᠭᠷᠡᠮ ᠰᠤᠩᠭᠢᠨ᠎ᠠ  ᠶᠢᠨ ᠴᠠᠭᠠᠨ  ᠢ ᠨᠢᠴᠠᠯᠤᠨ ᠲᠡᠵᠢᠭᠡᠭᠦ ᠪᠤᠶᠤ 30 ᠮᠢᠨᠦ᠋ᠲ  ᠤᠨ ᠲᠠᠷᠠᠭ᠎ᠠ ᠲᠠᠭᠢᠨ ᠲᠡᠭᠡᠷ᠎ᠡ ᠠᠴᠠ ᠨᠢ 500 ᠭᠷᠡᠮ ᠲᠤᠰᠤ ᠤᠤᠭᠤᠯᠭᠠᠨ᠎ᠠ᠃
       15. ᠵᠠᠷᠢᠮ ᠮᠠᠯ  ᠤᠨ ᠬᠤᠳᠤᠭᠤᠳᠤ ᠨᠢ ᠰᠡᠷᠢᠭᠦᠳᠡᠵᠤ᠂ ᠰᠢᠯᠦᠰᠤ ᠭᠤᠭᠤᠵᠢᠭᠤᠯᠤᠨ ᠰᠢᠩᠭᠡᠭᠡᠭᠦ ᠦᠭᠡᠢ ᠪᠤᠯ 250 ᠭᠷᠡᠮ ᠰᠤᠩᠭᠢᠨ᠎ᠠ ᠲᠡᠭᠡᠷ᠎ᠠ 50 ᠭᠷᠡᠮ ᠲᠦᠭᠦᠭᠡᠢ ᠭᠠ ᠶᠢ ᠨᠡᠮᠡᠵᠤ ᠨᠢᠴᠠᠯᠤᠭᠠᠳ ᠤᠤᠭᠤᠯᠭᠠᠨ᠎ᠠ᠃
      16. ᠵᠠᠷᠢᠮ ᠮᠠᠯ  ᠤᠨ ᠰᠢᠷᠬ᠎ᠠ ᠰᠤᠷᠪᠢ ᠨᠢ ᠢᠳᠡᠭᠡᠯᠡᠵᠤ ᠢᠯᠵᠢᠷᠡᠭᠰᠡᠨ ᠭᠠᠵᠠᠷ ᠪᠠᠶᠢᠪᠠᠯ ᠰᠤᠩᠭᠢᠨ᠎ᠠ  ᠶᠢᠨ ᠴᠠᠭᠠᠨ  ᠢ ᠤᠰᠤᠨ ᠳᠤ ᠴᠢᠨᠠᠵᠤ ᠡᠳᠤᠷ ᠲᠤ ᠬᠤᠶᠠᠷ ᠤᠳᠠᠭ᠎ᠠ ᠤᠭᠢᠶᠠᠨ ᠱᠠᠪᠰᠢᠨ᠎ᠠ᠃
      17. ᠮᠠᠯ ᠲᠡᠵᠢᠭᠡᠪᠤᠷᠢ ᠤᠠᠠᠰᠢᠨ ᠪᠦᠭᠡᠯᠵᠢᠵᠤ ᠪᠠᠶᠢᠪᠠᠯ 50 ᠭᠷᠡᠮ ᠰᠤᠩᠭᠢᠨ᠎ᠠ  ᠶᠢᠨ ᠴᠠᠭᠠᠨ᠂ 200 ᠭᠷᠡᠮ ᠲᠦᠭᠦᠭᠡᠢ ᠭᠠ᠂ 50 ᠭᠷᠡᠮ ᠲᠠᠪᠤᠰᠤ  ᠶᠢ ᠬᠠᠮᠳᠤ ᠨᠢᠴᠠᠯᠤᠨ ᠨᠦᠳᠦᠭᠡᠳ ᠪᠦᠯᠢᠶᠡᠨ ᠤᠰᠤ ᠪᠠᠷ ᠲᠠᠷᠤᠭᠤᠯᠤᠨ ᠤᠤᠭᠤᠯᠭᠠᠨ᠎ᠠ᠃  
     18. ᠮᠠᠯ ᠲᠡᠵᠢᠭᠡᠪᠤᠷᠢ ᠠᠭᠤᠰᠭᠢᠨ  ᠤ ᠦᠷᠪᠢᠰᠦᠯ ᠳᠤ ᠨᠡᠷᠪᠡᠭᠳᠡᠪᠡᠯ ᠰᠤᠩᠭᠢᠨ᠎ᠠ  ᠶᠢᠨ ᠴᠠᠭᠠᠨ᠂ ᠰᠠᠷᠢᠮᠰᠠᠭ  ᠢ ᠲᠤᠰᠪᠤᠷᠢ 50 ᠭᠷᠡᠮ᠂ 10 ᠰᠢᠷᠭᠡᠭ ᠴᠢᠭᠢᠭ  ᠤᠨ ᠤᠯᠠᠭᠠᠨ ᠬᠤᠷᠤᠬᠠᠢ ᠪᠠ 50 ᠭᠷᠡᠮ ᠴᠠᠭᠠᠨ ᠰᠢᠭᠢᠷ  ᠢ ᠬᠠᠮᠳᠤ ᠳᠤᠨᠢ ᠨᠢᠴᠠᠯᠤᠭᠠᠳ ᠤᠰᠤ ᠪᠠᠷ ᠲᠠᠷᠤᠭᠤᠯᠵᠤ ᠤᠤᠭᠤᠯᠭᠠᠨ᠎ᠠ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ