ᠮᠠᠯ ᠤᠨ ᠭᠡᠮ ᠢ ᠪᠠᠶᠢᠪᠠᠨᠭ᠌  ᠢᠶᠠᠷ ᠡᠮᠨᠡᠨ ᠵᠠᠰᠠᠬᠤ
ᠨᠡᠶᠢᠲᠡᠯᠡᠭᠰᠡᠨ ᠴᠠᠭ᠄
2015/12/4

     ᠪᠠᠶᠢᠪᠠᠨᠭ᠌  ᠢ ᠬᠠᠯᠠᠭᠤᠨ ᠳᠤ ᠪᠤᠯᠪᠠᠰᠤᠷᠠᠭᠤᠯᠬᠤ ᠪᠤᠶᠤ ᠰᠢᠳᠠᠭᠠᠭᠠᠳ ᠬᠠᠳ᠋ᠬᠠᠰᠠᠨ ᠪᠠᠶᠢᠪᠠᠨᠭ᠌ ᠪᠤᠯᠭᠠᠠᠠᠰᠠᠨ  ᠤ ᠲᠠᠷᠠᠭ᠎ᠠ᠂ ᠮᠠᠯ ᠳᠤ ᠭᠡᠷᠡᠭᠯᠡᠪᠡᠯ ᠬᠤᠤᠷ ᠲᠠᠶᠢᠯᠬᠤ᠂ ᠴᠢᠰᠤ ᠵᠤᠠᠠᠰᠤᠭᠠᠬᠤ᠂ ᠴᠢᠴᠠᠭ᠎ᠠ ᠠᠯᠳᠠᠬᠤ  ᠶᠢ ᠨᠠᠮᠳᠠᠭᠤᠯᠵᠤ᠂ ᠪᠤᠯᠴᠢᠩ  ᠢ ᠴᠢᠭᠢᠷᠬᠠᠵᠢᠭᠤᠯᠬᠤ ᠪᠠ ᠮᠢᠬ᠎ᠠ ᠰᠢᠮ᠎ᠠ ᠨᠡᠮᠡᠭᠳᠡᠭᠦᠯᠭᠦ ᠦᠢᠯᠡᠳᠦᠯ ᠲᠠᠢ ᠶᠤᠮ᠃
     1. ᠮᠠᠯ  ᠤᠨ ᠴᠢᠴᠠᠭ᠎ᠠ ᠠᠯᠳᠠᠬᠤ  ᠶᠢ ᠵᠤᠠᠠᠰᠤᠭᠠᠬᠤ ᠳᠤ᠂ ᠴᠢᠨ᠋ᠬᠠᠰᠢᠯᠠᠪᠠᠯ ᠪᠠᠭᠠᠰᠤᠨ ᠳᠤᠨᠢ ᠴᠢᠰᠤ ᠲᠠᠢ ᠪᠤᠯ 10%  ᠶᠢᠨ ᠪᠠᠶᠢᠪᠠᠨᠭ᠌  ᠢ ᠤᠰᠤᠨ ᠳᠤ ᠬᠤᠯᠢᠵᠤ ᠮᠠᠯ  ᠢᠶᠠᠨ ᠤᠰᠤᠯᠠᠬᠤ ᠪᠤᠶᠤ ᠲᠡᠵᠢᠭᠡᠯ ᠪᠤᠷᠳᠤᠭ᠎ᠠ ᠳᠤᠨᠢ ᠬᠤᠯᠢᠵᠤ ᠲᠡᠵᠢᠭᠡᠪᠡᠯ ᠪᠠᠭᠠᠰᠤ ᠨᠢ ᠬᠠᠳᠠᠭᠤᠷᠠᠨ ᠴᠢᠰᠤ ᠭᠠᠷᠬᠤ ᠦᠭᠡᠢ ᠪᠤᠯᠵᠤ ᠭᠡᠪ  ᠤᠨ ᠪᠠᠶᠢᠳᠠᠯ ᠳᠠᠭᠠᠨ ᠤᠷᠤᠨ᠎ᠠ᠃
     2. ᠮᠠᠯ ᠤᠰᠤᠯᠠᠬᠤ ᠤᠰᠤ ᠪᠤᠯᠠᠩᠭᠢᠷ ᠲᠠᠢ ᠪᠠᠶᠢᠪᠠᠯ ᠤᠰᠤᠯᠠᠬᠤ ᠤᠡᠭᠭᠤᠴᠠ ᠪᠤᠶᠤ ᠤᠰᠤ ᠲᠠᠢ ᠰᠠᠭᠤᠯᠠᠭ᠎ᠠ ᠳᠤ ᠪᠠᠭ᠎ᠠ ᠰᠠᠭ᠎ᠠ ᠪᠠᠶᠢᠪᠠᠨᠭ᠌ ᠭᠢᠪᠠᠯ ᠤᠰᠤ ᠨᠢ ᠲᠠᠷᠤᠢ ᠴᠡᠪᠡᠷᠰᠢᠨ ᠲᠤᠩᠭᠠᠯᠬᠠᠰᠢᠴᠢᠬᠠᠳᠠᠭ ᠶᠤᠮ᠃
     3. ᠮᠠᠯ ᠰᠦᠷᠦᠭ ᠭᠡᠷᠪᠡ ᠲᠠᠷᠢᠶᠠᠨ ᠡᠮ ᠪᠤᠶᠤ ᠲᠡᠵᠢᠭᠡᠯ ᠪᠤᠷᠳᠤᠭ᠎ᠠ ᠵᠡᠷᠭᠡ ᠳᠤ ᠬᠤᠤᠷᠳ᠋ᠬᠠᠳᠠᠪᠠᠯ ᠪᠠᠶᠢᠪᠠᠨᠭ᠌ ᠪᠤᠯᠤᠨ ᠰᠢᠭᠢᠷ ᠡᠪᠡᠰᠤ  ᠶᠢ ᠲᠤᠰ ᠪᠦᠷᠢ ᠨᠢᠭᠡ ᠬᠤᠪᠢ ᠠᠪᠴᠤ ᠨᠤᠠᠳᠠᠭ ᠪᠤᠯᠳᠠᠯ᠎ᠠ ᠲᠠᠯᠬᠠᠳᠠᠭᠠᠳ ᠪᠦᠯᠢᠶᠠᠨ ᠤᠰᠤ ᠪᠠᠷ ᠲᠠᠷᠤᠭᠤᠯᠵᠤ ᠴᠢᠳᠬᠤᠨ ᠤᠤᠭᠤᠯᠭᠠᠪᠠᠯ ᠲᠠᠷᠤᠢ ᠬᠤᠤᠷ  ᠢ ᠨᠢ ᠲᠠᠶᠢᠯᠦᠨ᠎ᠠ᠃
     4. ᠮᠠᠯ  ᠤᠨ ᠲᠤᠭᠤᠷᠠᠢ ᠬᠠᠭᠠᠷᠠᠵᠤ ᠴᠢᠰᠤ ᠭᠠᠷᠬᠤ ᠪᠠ ᠰᠢᠷ᠎ᠠ ᠤᠰᠤ ᠭᠤᠭᠤᠵᠢᠵᠤ ᠪᠠᠶᠢᠪᠠᠯ ᠤᠷᠢᠳ  ᠢᠶᠠᠷ ᠪᠠᠶᠢᠪᠠᠨᠭ᠌ ᠲᠠᠢ ᠤᠰᠤ ᠪᠠᠷ ᠤᠭᠢᠶᠠᠨ ᠴᠡᠪᠡᠷᠯᠡᠭᠰᠡᠨ  ᠤ ᠲᠠᠷᠠᠭ᠎ᠠ᠂ ᠲᠠᠭᠢᠨ ᠬᠠᠳ᠋ᠬᠠᠰᠠᠨ ᠪᠠᠶᠢᠪᠠᠨᠭ᠌  ᠤᠨ ᠨᠤᠠᠳᠠᠭ ᠲᠦᠷᠭᠢᠵᠤ ᠦᠭᠪᠡᠯ ᠠᠮᠠᠷᠬᠠᠨ ᠡᠳᠡᠭᠡᠷᠡᠴᠢᠭᠡᠨ᠎ᠡ᠃
     5. ᠮᠠᠯ  ᠤᠨ ᠠᠮᠠ ᠭᠡᠯᠡ ᠲᠡᠭᠡᠷ᠎ᠠ ᠶᠠᠷ᠎ᠠ ᠰᠢᠷᠬ᠎ᠠ ᠭᠠᠷᠪᠠᠯ ᠪᠠᠶᠢᠪᠠᠨᠭ᠌ ᠲᠠᠢ ᠤᠰᠤ ᠪᠠᠷ ᠠᠮᠠ  ᠶᠢ ᠨᠢ ᠵᠠᠶᠢᠯᠠᠨ ᠤᠭᠢᠶᠠᠵᠤ᠂ ᠲᠠᠭᠢᠨ ᠬᠠᠳ᠋ᠬᠠᠰᠠᠨ ᠪᠠᠶᠢᠪᠠᠨᠭ᠌  ᠤᠨ ᠨᠤᠠᠳᠠᠭ  ᠢᠶᠠᠷ ᠡᠳᠤᠷ ᠲᠤ ᠠᠮᠠᠨ ᠭᠦᠨᠳᠡᠢ  ᠶᠢ ᠨᠢ ᠬᠤᠶᠠᠷ ᠤᠳᠠᠭ᠎ᠠ ᠠᠷᠴᠢᠵᠤ᠂ ᠡᠨᠡ ᠮᠡᠳᠤ ᠪᠠᠷ ᠭᠡᠳᠦᠨ ᠡᠳᠤᠷ ᠤᠭᠢᠶᠠᠵᠤ ᠠᠷᠴᠢᠪᠠᠯ ᠰᠠᠶᠢᠨ ᠪᠤᠯᠴᠢᠬᠠᠳᠠᠭ ᠶᠤᠮ᠃
     6. ᠮᠠᠯ ᠲᠡᠵᠢᠭᠡᠪᠤᠷᠢ ᠬᠠᠨᠢᠶᠠᠯᠭᠠᠵᠤ ᠨᠢᠰᠤ ᠭᠤᠭᠤᠵᠢᠵᠤ ᠪᠠᠶᠢᠪᠠᠯ 10%  ᠶᠢᠨ ᠪᠠᠶᠢᠪᠠᠨᠭ᠌ ᠲᠠᠢ ᠤᠰᠤ ᠪᠠᠷ ᠬᠠᠮᠠᠷ  ᠤᠨ ᠭᠦᠨᠳᠡᠢ  ᠶᠢ ᠨᠢ ᠤᠭᠢᠶᠠᠭᠠᠳ ᠲᠠᠭᠢᠨ ᠨᠢᠭᠡ ᠯᠠᠩ ᠭᠢᠷᠢᠳᠡᠢ ᠪᠠᠶᠢᠪᠠᠨᠭ᠌  ᠤᠨ ᠨᠤᠠᠳᠠᠭ  ᠢ 5 ᠦᠨᠳᠡᠭᠡᠨ ᠴᠠᠭᠠᠨ ᠲᠠᠢ ᠬᠤᠯᠢᠵᠤ ᠬᠤᠳᠬᠤᠠᠠᠰᠠᠨ  ᠤ ᠲᠠᠷᠠᠭ᠎ᠠ ᠤᠤᠭᠤᠯᠭᠠᠬᠤ ᠪᠤᠶᠤ ᠲᠡᠵᠢᠭᠡᠯ ᠡᠪᠡᠰᠤᠨ ᠳᠤᠨᠢ ᠬᠤᠯᠢᠵᠤ ᠲᠡᠵᠢᠭᠡᠭᠡᠳ 2 ~ 3 ᠤᠳᠠᠭ᠎ᠠ ᠦᠷᠭᠦᠯᠵᠢᠯᠡᠭᠦᠯᠪᠡᠯ ᠲᠠᠷᠤᠢ ᠰᠠᠶᠢᠨ ᠪᠤᠯᠴᠢᠬᠠᠳᠠᠭ᠃
     7. ᠮᠠᠯ ᠲᠡᠵᠢᠭᠡᠪᠤᠷᠢ ᠬᠠᠯᠠᠭᠤᠷᠠᠬᠤ ᠳᠤ᠂ ᠭᠡᠮᠨᠡᠭᠡᠳ ᠨᠢᠯᠪᠤᠰᠤ ᠭᠤᠭᠤᠵᠢᠵᠤ ᠪᠠᠶᠢᠪᠠᠯ 10%  ᠶᠢᠨ ᠪᠠᠶᠢᠪᠠᠨᠭ᠌ ᠲᠠᠢ ᠤᠰᠤ ᠪᠠᠷ ᠨᠢᠳᠤ  ᠶᠢ ᠨᠢ ᠡᠳᠤᠷ ᠲᠤ 2 ~ 3 ᠤᠳᠠᠭ᠎ᠠ ᠤᠭᠢᠶᠠᠵᠤ᠂ 3 ᠡᠳᠤᠷ ᠪᠤᠯᠪᠠᠯ ᠲᠠᠷᠤᠢ ᠡᠳᠡᠭᠡᠷᠡᠴᠢᠭᠡᠨ᠎ᠡ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ