ᠲᠦᠯ ᠤᠨ ᠦᠶ᠎ᠠ ᠭᠡᠰᠢᠭᠦᠨ ᠤ ᠦᠷᠪᠢᠰᠦᠯ  ᠢ ᠡᠮᠨᠡᠨ ᠵᠠᠰᠠᠬᠤ ᠠᠷᠭ᠎ᠠ
ᠨᠡᠶᠢᠲᠡᠯᠡᠭᠰᠡᠨ ᠴᠠᠭ᠄
2015/12/4

      ᠲᠦᠯ ᠮᠠᠯ  ᠤᠨ ᠦᠶ᠎ᠠ ᠭᠡᠰᠢᠭᠦᠨ  ᠤ ᠦᠷᠪᠢᠰᠦᠯ ᠪᠤᠯ ᠮᠠᠯᠵᠢᠬᠤ ᠤᠷᠤᠨ ᠳᠤ ᠦᠷᠭᠦᠯᠵᠢ ᠲᠡᠯᠭᠡᠷᠡᠳᠡᠭ ᠨᠢᠭᠡ ᠵᠤᠶᠢᠯ  ᠤᠨ ᠭᠡᠮ ᠪᠤᠯᠬᠤ ᠶᠤᠮ᠃
      ᠲᠤᠰ ᠭᠡᠮ  ᠤᠨ ᠡᠭᠦᠰᠭᠦ ᠭᠤᠤᠯ ᠰᠢᠯᠳᠠᠭᠠᠨ ᠭᠡᠪᠡᠯ᠂ ᠠᠷᠠᠴᠢᠯᠠᠭ᠎ᠠ ᠮᠠᠯᠯᠠᠭ᠎ᠠ ᠭᠦᠷᠦᠯᠴᠡᠭᠦ ᠦᠭᠡᠢ ᠪᠤᠶᠤ ᠡᠭᠡ ᠮᠠᠯ ᠰᠦ ᠦᠭᠡᠢ ᠪᠤᠯᠪᠠᠯ ᠲᠦᠯ ᠮᠠᠯ  ᠤᠨ ᠭᠦᠢᠳᠡᠨ ᠬᠠᠯᠠᠭᠤᠨ ᠭᠢᠮᠤᠷᠠᠵᠤ ᠦᠶ᠎ᠠ ᠭᠡᠰᠢᠭᠦᠨ  ᠤ ᠭᠡᠮ ᠳᠤ ᠠᠮᠠᠷᠬᠠᠨ ᠨᠡᠷᠪᠡᠭᠳᠡᠳᠡᠭ ᠪᠠᠶᠢᠨ᠎ᠠ᠃ ᠡᠭᠦᠨ  ᠤ ᠲᠠᠭᠠᠤ ᠲᠦᠯ ᠮᠠᠯ ᠦᠶ᠎ᠠ ᠭᠡᠰᠢᠭᠦᠨ  ᠤ ᠭᠡᠮ ᠲᠠᠢ ᠪᠤᠯᠪᠠᠯ ᠭᠡᠨᠡᠳᠳᠡ ᠡᠭᠡ ᠪᠠᠨ ᠭᠦᠭᠦᠭᠦ ᠲᠤᠷ᠎ᠠ ᠦᠭᠡᠢ ᠪᠤᠯᠵᠤ᠂ ᠨᠢᠭᠡ ᠪᠤᠶᠤ ᠬᠤᠶᠠᠷ ᠭᠦᠯ ᠨᠢ ᠭᠠᠵᠠᠷ ᠭᠢᠰᠭᠢᠵᠤ ᠲᠡᠶᠢᠯᠭᠦ ᠦᠭᠡᠢ ᠡᠮᠵᠡᠭᠯᠡᠳᠡᠭ᠃ ᠵᠠᠷᠢᠮ  ᠤᠨ ᠭᠢᠨᠢ ᠲᠦᠷᠪᠡᠨ ᠭᠦᠯ ᠨᠢ ᠡᠮᠵᠡᠭᠯᠡᠨ ᠭᠠᠵᠠᠷ ᠭᠡᠪᠳᠡᠭᠡᠳ ᠶᠠᠪᠤᠬᠤ ᠦᠭᠡᠢ ᠪᠠᠶᠢᠳᠠᠭ᠃ ᠡᠨᠡ ᠦᠶᠡᠰ ᠲᠦᠷᠭᠡᠨ ᠠᠷᠭ᠎ᠠ ᠭᠡᠮᠵᠢᠶ᠎ᠠ ᠠᠪᠬᠤ ᠦᠭᠡᠢ ᠪᠤᠯ ᠦᠶ᠎ᠠ  ᠶᠢᠨ ᠤᠭᠤᠳᠠ ᠨᠢ ᠬᠠᠪᠤᠳᠴᠤ᠂ ᠲᠠᠷᠤᠵᠤ ᠦᠵᠡᠭᠦ ᠳᠤ ᠬᠤᠳᠤᠯᠵᠠᠬᠤ ᠪᠤᠶᠤ ᠬᠠᠨᠠᠭᠠᠷ  ᠢᠶᠠᠷ ᠬᠠᠨᠠᠪᠠᠯ ᠰᠢᠷ᠎ᠠ ᠨᠤᠭᠤᠭᠠᠨ ᠦᠡᠭᠭᠡᠳᠡᠢ ᠢᠳᠡᠭᠡ ᠰᠢᠭᠦᠰᠤ ᠭᠠᠷᠬᠤ ᠪᠤᠯᠤᠨ᠎ᠠ᠃
       ᠲᠤᠰ ᠭᠡᠮ  ᠢ ᠡᠮᠨᠡᠨ ᠵᠠᠰᠠᠬᠤ ᠳᠠᠭᠠᠨ ᠭᠡᠮ  ᠤᠨ ᠡᠭᠢᠨ  ᠤ ᠬᠤᠭᠤᠴᠠᠭᠠᠨ ᠳᠤ ᠭᠡᠢ ᠲᠠᠷᠤᠬᠤ ᠡᠮ ᠪᠤᠯᠤᠨ ᠦᠷᠪᠢᠰᠦᠯ ᠲᠠᠷᠤᠬᠤ ᠡᠮ  ᠢ ᠰᠤᠩᠭᠤᠨ ᠤᠤᠭᠤᠯᠭᠠᠵᠤ ᠪᠤᠯᠤᠨ᠎ᠠ᠃ ᠭᠡᠷᠪᠡ ᠦᠶ᠎ᠠ ᠭᠡᠰᠢᠭᠦᠤ ᠳᠤᠨᠢ ᠢᠳᠡᠭᠡ ᠪᠠᠶᠢᠪᠠᠯ ᠭᠡᠮᠨᠡᠭᠰᠡᠨ ᠨᠤᠤᠰᠤ ᠨᠤᠯᠤᠤᠷ  ᠢ ᠨᠢ ᠬᠠᠶᠢᠴᠢᠯᠠᠵᠤ ᠠᠪᠤᠭᠠᠳ ᠲᠠᠷᠢᠭᠤᠷ ︵ᠲᠠᠷᠢᠯᠭ᠎ᠠ  ᠶᠢᠨ ᠪᠠᠭᠠᠵᠢ︶  ᠢᠶᠠᠷ ᠢᠳᠡᠭᠡ  ᠶᠢ   ᠨᠢ ᠰᠤᠷᠤᠨ ᠠᠪᠴᠤ᠂ ᠲᠠᠪᠠᠷᠬᠠᠢ  ᠶᠢᠨ ᠲᠤᠰᠤ ᠪᠤᠶᠤ ᠲᠦᠷᠭᠢᠴᠡ  ᠶᠢ ᠡᠳᠤᠷ ᠲᠤ1 ~ 2 ᠤᠳᠠᠭ᠎ᠠ ᠲᠦᠷᠭᠢᠵᠤ᠂ ᠨᠠᠶᠢᠳᠡ 2 ~3 ᠡᠳᠤᠷ ᠡᠮᠨᠡᠪᠡᠯ ᠪᠠᠷᠤᠭ ᠡᠷᠡᠭᠦᠯᠵᠢᠨ ᠰᠠᠶᠢᠵᠢᠷᠠᠴᠢᠬᠠᠨ᠎ᠠ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ