ᠮᠠᠯ ᠵᠢᠭᠦᠷᠳᠡᠨ  ᠢ ᠲᠡᠵᠢᠭᠡᠭᠦ ᠠᠷᠭ᠎ᠠ
ᠨᠡᠶᠢᠲᠡᠯᠡᠭᠰᠡᠨ ᠴᠠᠭ᠄
2015/12/4

     ᠨᠢᠭᠡ᠂ ᠰᠦᠨᠢ ᠢᠳᠡᠰᠢᠯᠡᠭᠰᠡᠨ ᠠᠳᠤᠭᠤ ᠴᠠᠳᠳᠠᠭ᠃ ᠶᠠᠷᠤ  ᠶᠢᠨ ᠦᠭᠡᠨ ᠳᠤ ︽ᠠᠳᠤᠭᠤ ᠰᠦᠨᠢ ᠢᠳᠡᠰᠢᠯᠡᠭᠦ ᠦᠭᠡᠢ ᠪᠤᠯ ᠦᠯᠤ ᠲᠠᠷᠭᠤᠯᠠᠮᠤᠢ︾ ᠭᠡᠳᠡᠭ᠃ ᠠᠳᠤᠭᠤ᠂ ᠡᠯᠵᠢᠭᠡ᠂ ᠯᠠᠭᠤᠰᠠ ᠪᠤᠯ ᠭᠠᠭᠴᠠ ᠬᠤᠳᠤᠭᠤᠳᠤ ᠲᠠᠢ ᠲᠡᠵᠢᠭᠡᠪᠤᠷᠢ ᠪᠤᠯᠬᠤᠷ ᠢᠳᠡᠰᠢᠯᠡᠵᠤ ᠤᠷᠤᠭᠤᠯᠤᠠᠠᠰᠠᠨ ᠲᠡᠵᠢᠭᠡᠯ ᠡᠪᠡᠰᠤ ᠪᠤᠷᠳᠤᠭ᠎ᠠ ᠪᠠᠨ ᠲᠦᠷᠪᠡᠨ ᠴᠠᠭ ᠴᠤ ᠪᠤᠯᠤᠯ ᠦᠭᠡᠢ ᠪᠠᠷ ᠰᠢᠩᠭᠡᠭᠡᠴᠢᠭᠡᠳᠡᠭ᠃ ᠡᠶᠢᠮᠤ ᠠᠴᠠ ᠠᠳᠤᠭᠤ ᠰᠦᠨᠢ ᠢᠳᠡᠰᠢᠯᠡᠮᠡᠨᠵᠢᠨ ᠰᠠᠶ᠋ᠢ ᠴᠠᠳᠳᠠᠭ ᠪᠠᠶᠢᠨ᠎ᠠ᠃
      ᠬᠤᠶᠠᠷ᠂ ᠬᠤᠨᠢ ᠢᠮᠠᠭᠠᠨ ᠳᠤ ᠡᠯᠭᠦᠮᠡᠯ ᠡᠪᠡᠰᠤ ᠢᠳᠡᠭᠦᠯᠪᠡᠯ ᠰᠠᠶᠢᠨ᠃ ᠬᠤᠨᠢ ᠢᠮᠠᠭ᠎ᠠ ᠪᠤᠯ ᠴᠠᠪᠠᠷ ᠠᠮᠢᠳᠠᠨ ᠪᠤᠯᠬᠤᠷ ᠲᠡᠵᠢᠭᠡᠯ ᠡᠪᠡᠰᠤ  ᠶᠢ ᠨᠢ ᠭᠡᠷᠪᠡ ᠬᠠᠰᠢᠶ᠎ᠠ ᠰᠠᠷᠠᠪᠴᠢᠨ ᠳᠤᠨᠢ ᠬᠠᠮᠢᠶ᠎ᠠ ᠨᠠᠮᠢᠶ᠎ᠠ ᠦᠭᠡᠢ ᠬᠠᠶᠠᠴᠢᠬᠠᠪᠠᠯ ᠭᠤᠯᠤᠭᠠᠳ ᠢᠳᠡᠰᠢᠯᠡᠭᠦ ᠪᠠᠨ ᠪᠠᠶᠢᠴᠢᠬᠠᠳᠠᠭ᠃ ᠢᠡᠭᠭᠢᠪᠡᠯ ᠡᠪᠡᠰᠤ ᠪᠤᠷᠳᠤᠭ᠎ᠠ ᠪᠠᠨ ᠰᠦᠢᠳᠭᠡᠭᠦ ᠪᠠᠷ ᠦᠯᠤ ᠪᠠᠷᠠᠮ ᠬᠤᠨᠢ ᠢᠮᠠᠭᠠᠨ  ᠤ ᠲᠠᠷᠭᠤ ᠭᠦᠴᠤ ᠲᠠᠢ ᠪᠤᠯᠵᠤ ᠲᠠᠷᠭᠤᠯᠠᠬᠤ  ᠶᠢ ᠨᠢ ᠴᠤ ᠨᠦᠯᠦᠭᠡᠯᠡᠭᠦ ᠶᠤᠮ᠃ ᠡᠯᠭᠦᠮᠡᠯ ᠡᠪᠡᠰᠤ ᠪᠠᠷ ᠬᠤᠨᠢ ᠢᠮᠠᠭ᠎ᠠ  ᠶᠢ ᠲᠠᠵᠢᠭᠡᠪᠡᠯ ᠢᠳᠡᠰᠢᠯᠡᠭᠦ ᠲᠤᠷᠠᠳᠡᠢ ᠪᠦᠭᠡᠳ ᠡᠪᠡᠰᠤ ᠪᠤᠷᠳᠤᠭᠠᠨ ᠳᠤ ᠴᠤ ᠭᠠᠮᠳᠠᠢ ᠪᠠᠶᠢᠳᠠᠭ᠃
       ᠭᠤᠷᠪᠡ᠂ ᠲᠠᠤᠯᠠᠢ  ᠶᠢ ᠬᠤᠯᠢᠮᠠᠭ ᠲᠡᠵᠢᠭᠡᠯ ᠪᠤᠷᠳᠤᠭ᠎ᠠ ᠪᠠᠷ ᠲᠡᠵᠢᠭᠡᠪᠡᠯ ᠠᠰᠢᠭ ᠰᠢᠮ᠎ᠠ ᠨᠢ ᠨᠡᠮᠡᠭᠳᠡᠳᠡᠭ᠃ ᠲᠠᠤᠯᠠᠢ  ᠶᠢᠨ ᠨᠤᠤᠰᠤᠨ ᠳᠤ ᠤᠭᠤᠷᠠᠭ  ᠤᠨ ᠪᠦᠷᠢᠯᠳᠦᠭᠦᠨ ᠲᠠᠢ ᠶᠤᠮ᠃ ᠤᠷᠳᠤ ᠨᠤᠤᠰᠤᠳᠤ ᠲᠠᠤᠯᠠᠢ  ᠶᠢ ᠭᠠᠭᠴᠠᠬᠠᠨ ᠵᠤᠶᠢᠯ  ᠤᠨ ᠲᠡᠵᠢᠭᠡᠯ ᠪᠤᠷᠳᠤᠭ᠎ᠠ ᠪᠠᠷ ᠲᠡᠵᠢᠭᠡᠪᠡᠯ ᠨᠤᠤᠰᠤᠨ ᠭᠠᠷᠤᠯᠳᠠ  ᠶᠢ ᠨᠢ ᠨᠦᠯᠦᠭᠡᠯᠡᠨ᠂ ᠲᠡᠵᠢᠭᠡᠯ ᠪᠤᠷᠳᠤᠭ᠎ᠠ ᠪᠠᠨ ᠰᠦᠢᠳᠭᠡᠭᠦ ᠳᠤ ᠭᠦᠷᠦᠨ᠎ᠠ᠃ ᠭᠡᠷᠪᠡ ᠬᠤᠯᠢᠮᠠᠭ ᠲᠡᠵᠢᠭᠡᠯ ᠪᠤᠷᠳᠤᠭ᠎ᠠ ᠪᠠᠷ ᠬᠤᠯᠢᠵᠤ ᠲᠡᠵᠢᠭᠡᠪᠡᠯ ᠲᠡᠵᠢᠭᠡᠯ ᠪᠤᠷᠳᠤᠭᠠᠨ ᠳᠠᠬᠢ ᠠᠳᠠᠯᠢ ᠪᠤᠰᠤ ᠰᠢᠪᠳᠤᠷᠳᠤ ᠭᠦᠴᠢᠯ ᠨᠢ ᠬᠠᠷᠢᠯᠴᠠᠨ ᠬᠤᠯᠢᠯᠳᠤᠭᠠᠳ ᠤᠭᠤᠷᠠᠭ  ᠤᠨ ᠰᠢᠮ᠎ᠠ ᠲᠡᠵᠢᠭᠡᠯ ᠨᠢ ᠡᠯᠪᠡᠭᠵᠢᠵᠤ᠂ ᠡᠭᠦᠨ  ᠤ ᠤᠯᠠᠮ  ᠢᠶᠠᠷ ᠦᠰᠤ ᠨᠤᠤᠰᠤ ᠨᠢ ᠦᠨᠳᠦᠷᠵᠢᠵᠤ ᠭᠠᠷᠤᠯᠳᠠ ᠨᠢ ᠨᠡᠮᠡᠭᠳᠡᠭᠦ ᠪᠤᠯᠤᠨ᠎ᠠ᠃
       ᠲᠦᠷᠪᠡ᠂ ᠵᠢᠭᠦᠷᠳᠡᠨ  ᠢ ᠭᠦᠭᠡ ᠨᠤᠭᠤᠭ᠎ᠠ ᠪᠠᠷ ᠲᠡᠵᠢᠭᠡᠪᠡᠯ ᠲᠡᠵᠢᠭᠡᠯ ᠪᠤᠷᠳᠤᠭ᠎ᠠ ᠳᠤ ᠭᠠᠮᠳᠠᠢ ᠪᠠᠶᠢᠳᠠᠭ᠃ ᠭᠦᠭᠡ ᠨᠤᠭᠤᠭ᠎ᠠ᠂ ᠭᠡᠭᠡᠷ᠎ᠠ  ᠶᠢᠨ ᠨᠤᠭᠤᠭ᠎ᠠ᠂ ᠭᠦᠭᠡ ᠡᠪᠡᠰᠤ ᠪᠤᠯᠤᠨ ᠨᠢᠯᠬ᠎ᠠ ᠮᠤᠳᠤᠨ  ᠤ ᠨᠠᠪᠴᠢᠨ ᠳᠤ ᠡᠯᠪᠡᠭ ᠲᠡᠯᠪᠡᠭ ᠰᠢᠮ᠎ᠠ ᠲᠡᠵᠢᠭᠡᠯᠳᠤ ᠪᠤᠳᠠᠰ ᠪᠤᠯᠤᠨ ᠸᠢᠲ᠋ᠠᠮᠢᠨ ᠠᠭᠤᠯᠤᠠᠠᠳᠠᠵᠤ ᠪᠠᠶᠢᠳᠠᠭ᠃ ᠭᠦᠭᠡ ᠲᠡᠵᠢᠭᠡᠯ ᠪᠤᠷᠳᠤᠭ᠎ᠠ  ᠶᠢ ᠨᠠᠷᠢᠨ ᠭᠡᠷᠴᠢᠵᠤ᠂ ᠨᠠᠷᠢᠯᠢᠭ ᠪᠤᠷᠳᠤᠭ᠎ᠠ ᠲᠠᠢ ᠬᠤᠯᠢᠵᠤ᠂ ᠲᠠᠭᠢᠶ᠎ᠠ᠂ ᠨᠤᠭᠤᠰᠤ᠂ ᠭᠠᠯᠠᠭᠤ ᠵᠡᠷᠭᠡ ᠵᠢᠭᠦᠷᠳᠡᠨ  ᠢ ᠲᠡᠵᠢᠭᠡᠪᠡᠯ ᠨᠠᠷᠢᠯᠢᠭ ᠪᠤᠷᠳᠤᠭ᠎ᠠ  ᠶᠢ ᠶᠡᠭᠡ ᠪᠠᠷ ᠠᠷᠪᠢᠯᠠᠬᠤ ᠮᠦᠷᠳᠡᠭᠡᠨ ᠪᠠᠰᠠ ᠢᠳᠡᠰᠢᠯᠡᠭᠦ ᠲᠤᠷᠠᠰᠢᠯ  ᠢ ᠨᠢ ᠨᠡᠮᠡᠭᠳᠡᠭᠦᠯᠦᠨ᠂ ᠵᠤᠶᠢᠯ ᠪᠦᠷᠢ  ᠶᠢᠨ ᠭᠡᠮ ᠭᠢᠵᠢᠭ  ᠢ ᠰᠡᠷᠭᠡᠶᠢᠯᠡᠵᠤ ᠴᠢᠳᠠᠳᠠᠭ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ