ᠬᠦᠬᠡᠬᠤᠳᠡ ᠶᠢᠨ ᠲᠦᠷᠪᠡᠨ ᠲᠤᠭᠤᠷᠢᠭ ᠤᠨ ᠵᠡᠮᠳᠡᠭᠴᠤᠳ ᠲᠤ ᠤᠯᠠᠨ ᠨᠡᠶᠢᠳᠡ ᠶᠢᠨ ᠮᠠᠰᠢᠨ ᠲᠡᠷᠭᠡᠨ ᠎ ᠳᠤ ᠰᠤᠶᠢᠳᠭᠡᠯ ᠦᠬᠡᠢ ᠰᠠᠭᠤᠯᠭᠠᠬᠤ IC ᠺᠠᠷᠲ ᠤᠯᠭᠤᠬᠤ ᠲᠤᠬᠠᠢ ᠮᠡᠳᠡᠭᠳᠡᠯ
ᠨᠡᠶᠢᠲᠡᠯᠡᠭᠰᠡᠨ ᠴᠠᠭ᠄
2015/2/11
     ᠬᠤᠳᠠ ᠶᠢᠨ ᠵᠡᠮᠳᠡᠭᠴᠤᠳ ᠤᠨ ᠬᠤᠯᠪᠤᠭ᠎ᠠ᠂ ᠬᠤᠳᠠ ᠶᠢᠨ ᠤᠯᠠᠨ ᠨᠡᠶᠢᠳᠡ ᠶᠢᠨ ᠵᠠᠮ ᠬᠠᠷᠢᠯᠴᠠᠭᠠᠨ ᠎ ᠤ ᠶᠡᠷᠦᠩᠬᠡᠢ ᠺᠤᠮᠫᠠᠨᠢ ᠠᠴᠠ 2014 ᠤᠨ ᠤ 11 ᠳ᠋ᠤᠭᠡᠷ ᠰᠠᠷ᠎ᠠ ᠶᠢᠨ 24᠎ ᠤ ᠡᠳᠤᠷ — 12 ᠳ᠋ᠤᠭᠠᠷ ᠰᠠᠷ᠎ᠠ ᠎ ᠶᠢᠨ 19 ᠡᠳᠤᠷ ᠪᠤᠯᠳᠠᠯ᠎ᠠ ᠬᠦᠬᠡᠬᠤᠳᠡ ᠶᠢᠨ ᠲᠦᠷᠪᠡᠨ ᠲᠤᠭᠤᠷᠢᠭ ᠤᠨ ᠵᠡᠮᠳᠡᠭᠴᠤᠳ ᠲᠤ ᠰᠤᠶᠢᠳᠭᠡᠯ ᠦᠬᠡᠢ ᠪᠠᠷ ᠲᠡᠷᠭᠡᠨ ᠰᠠᠭᠤᠬᠤ IC ᠺᠠᠷᠲ ᠤᠯᠭᠤᠬᠤ ᠪᠠᠷ ᠪᠤᠯᠪᠠ᠂ ᠦᠨᠦ ᠪᠤᠳᠠᠳᠠᠢ ᠶᠠᠪᠤᠳᠠᠯ ᠢ ᠳᠤᠤᠷᠠᠬᠢ ᠮᠡᠳᠤ ᠮᠡᠳᠡᠭᠳᠡᠪᠡ᠄      ᠨᠢᠭᠡ᠂ ᠬᠢᠨᠠᠨ ᠤᠯᠭᠤᠬᠤ ᠬᠡᠪᠴᠢᠶ᠎ᠡ᠄      ᠬᠤᠳᠠ ᠶᠢᠨ ᠲᠦᠷᠪᠠᠨ ᠲᠤᠭᠤᠷᠢᠭ ᠤᠨ ᠬᠤᠶᠠᠳᠤᠭᠠᠷ ᠦᠶ᠎ᠡ ᠶᠢᠨ ︽ᠪᠦᠬᠦᠳᠡ ᠨᠠᠶᠢᠷᠠᠮᠳᠠᠬᠤ ᠳᠤᠮᠳᠠᠳᠤ ᠤᠯᠤᠰ ᠤᠨ ᠵᠡᠮᠳᠡᠭᠴᠤᠳ ᠤᠨ ᠦᠨᠡᠮᠯᠡᠯ︾᠎ ᠲᠠᠢ ᠪᠠ ᠲᠦᠷᠪᠡᠳᠤᠭᠡᠷ ᠲᠡᠰ ︵ᠳᠦᠷᠪᠡᠳᠤᠭᠡᠷ ᠲᠡᠰ ᠪᠠᠭᠳᠠᠨ᠎ᠠ︶᠎ ᠠᠴᠠ ᠳᠡᠭᠡᠭᠰᠢᠬᠢ ᠵᠡᠮᠳᠡᠭ ᠬᠦᠮᠤᠰ ᠴᠦᠮ ᠵᠡᠮᠳᠡᠭᠴᠤᠳ ᠤᠨ ᠰᠤᠶᠢᠳᠭᠡᠯ ᠦᠬᠡᠢ ᠪᠠᠷ ᠲᠡᠷᠭᠡᠨ ᠳᠤ ᠰᠠᠭᠤᠬᠤ IC ᠺᠠᠷᠲ ᠢ ᠤᠯᠵᠦ ᠪᠤᠯᠤᠨ᠎ᠠ᠃ ᠦᠭᠡᠷ᠎ᠡ ᠪᠤᠰᠤᠳ ᠬᠡᠷᠡᠴᠢᠯᠡᠯ ᠬᠦᠴᠤᠨ ᠦᠬᠡᠢ᠃      ᠬᠤᠶᠠᠷ᠂ ᠬᠢᠨᠠᠨ ᠤᠯᠭᠤᠬᠤ ᠠᠷᠭ᠎ᠠ      ᠬᠢᠨᠠᠨ ᠤᠯᠭᠤᠬᠤ ᠬᠡᠪᠴᠢᠶᠡᠨ ᠳᠠᠬᠢ ᠵᠡᠮᠳᠡᠭ ᠬᠦᠮᠤᠰ ᠪᠤᠯ ᠡᠷᠬᠡᠪᠰᠢ ᠲᠤᠰ ᠵᠡᠮᠳᠡᠭ ᠬᠦᠮᠤᠨ ᠨᠢ ᠳᠤᠤᠷᠠᠬᠢ ᠭᠡᠷᠡᠴᠢ ᠮᠠᠲ᠋ᠧᠷᠢᠶᠠᠯ ᠢ ᠠᠪᠴᠤ ᠡᠷᠤᠭᠡ ᠠᠮᠠ ᠪᠠᠶᠢᠭ᠎ᠠ ᠲᠤᠭᠳᠠᠭᠰᠠᠨ ᠭᠠᠵᠠᠷ ᠲᠤ ᠬᠦᠷᠴᠤ ᠬᠢᠨᠠᠨ ᠪᠠᠶᠢᠴᠠᠭᠠᠯᠭᠠᠨ ᠪᠦᠷᠢᠳᠬᠡᠯᠭᠡᠵᠦ ᠺᠠᠷᠲ ᠤᠨ ᠭᠠᠷᠳᠠᠮ ᠬᠦᠢᠴᠡᠳᠬᠡᠨ᠎ᠠ ︵ᠵᠡᠮᠳᠡᠭᠴᠤᠳ ᠤᠨ ᠦᠨᠡᠮᠯᠡᠯ ᠬᠢᠭᠡᠳ ᠪᠡᠶ᠎ᠡ ᠎ ᠶᠢᠨ ᠦᠨᠡᠮᠯᠡᠯ ᠤᠨ ᠬᠠᠶ᠋ᠢᠭ ᠨᠢ ᠨᠢᠭᠡᠳᠤᠯ ᠦᠬᠡᠢ ᠪᠤᠯ ᠡᠷᠤᠭᠡ ᠠᠮᠠ  ᠎ ᠶᠢᠨ ᠲᠡᠪᠳᠡᠷ ᠢᠶᠠᠨ ᠠᠪᠴᠤ ᠤᠴᠢᠨ᠎ᠠ︶᠃      1᠂ ᠬᠠᠭᠤᠴᠢᠨ ᠺᠠᠷᠲ ᠤᠨ ᠤᠨ ᠤ ᠬᠢᠨᠠᠯᠳᠠ ᠳᠤ ᠵᠤᠭᠤᠰ ᠨᠡᠮᠡᠭᠰᠡᠨ ᠵᠡᠮᠳᠡᠭᠴᠤᠳ ᠤᠨ ᠠᠪᠴᠤ ᠤᠴᠢᠬᠤ ᠴᠢᠬᠤᠯᠠᠲᠠᠢ ᠵᠦᠢᠯ᠄      ︵1︶ ᠬᠤᠶᠠᠳᠤᠭᠠᠷ ᠦᠶ᠎ᠡ ᠶᠢᠨ ︽ᠪᠦᠬᠦᠳᠡ ᠨᠠᠶᠢᠷᠠᠮᠳᠠᠬᠤ ᠳᠤᠮᠳᠠᠳᠤ ᠤᠯᠤᠰ ᠤᠨ ᠵᠡᠮᠳᠡᠭᠴᠤᠳ ᠎ ᠤᠨ ᠦᠨᠡᠮᠯᠡᠯ︾᠎ ᠤᠨ ᠡᠬᠡ ᠮᠡᠲ᠋ᠧᠷᠢᠶᠠᠯ᠂ ᠪᠡᠶ᠎ᠡ ᠶᠢᠨ ᠦᠨᠡᠮᠯᠡᠯ ᠤᠨ ᠡᠬᠡ ᠮᠠᠲ᠋ᠧᠷᠢᠶᠠᠯ ᠵᠢᠴᠢ 1 ᠬᠤᠪᠢ ᠬᠠᠭᠤᠯᠪᠤᠷᠢ︔      ︵2︶ ᠤᠯᠠᠨ ᠨᠡᠶᠢᠳᠡ ᠶᠢᠨ ᠮᠠᠰᠢᠨ ᠲᠡᠷᠭᠡᠨ ᠤ IC ᠺᠠᠷᠲ᠃      2᠂ ᠰᠢᠨ᠎ᠡ ᠺᠠᠷᠲ ᠠᠪᠬᠤ ᠵᠡᠮᠳᠡᠭᠴᠤᠳ ᠤᠨ ᠠᠪᠴᠤ ᠤᠴᠢᠬᠤ ᠴᠢᠬᠤᠯᠠᠲᠠᠢ ᠵᠦᠢᠯ᠄      ︵1︶ ᠬᠤᠶᠠᠳᠤᠭᠠᠷ ᠦᠶ᠎ᠡ ᠶᠢᠨ ︽ᠪᠦᠬᠦᠳᠡ ᠨᠠᠶᠢᠷᠠᠮᠳᠠᠬᠤ ᠳᠤᠮᠳᠠᠳᠤ ᠤᠯᠤᠰ ᠤᠨ ᠵᠡᠮᠳᠡᠭᠴᠤᠳ ᠎ ᠤᠨ ᠦᠨᠡᠮᠯᠡᠯ︾᠎ ᠤᠨ ᠡᠬᠡ ᠮᠠᠲ᠋ᠧᠷᠢᠶᠠᠯ᠂ ᠪᠡᠶ᠎ᠡ ᠶᠢᠨ ᠦᠨᠡᠮᠯᠡᠯ ᠤᠨ ᠡᠬᠡ ᠮᠠᠲ᠋ᠧᠷᠢᠶᠠᠯ ᠵᠢᠴᠢ 3 ᠬᠤᠪᠢ ᠬᠠᠭᠤᠯᠪᠤᠷᠢ  ᠃      ︵2︶ ᠤᠷᠴᠢᠮ ᠤᠨ ᠮᠠᠯᠠᠭᠠᠢ ᠦᠬᠡᠢ ᠨᠢᠬᠡ ᠢᠮᠠᠬᠤ ᠶᠢᠨ ᠤᠯᠠᠭᠠᠨ ᠪᠤᠶᠤ ᠬᠦᠬᠡ ᠳᠡᠪᠢᠰᠭᠡᠷ ᠲᠠᠢ ᠪᠤᠳᠤᠭ ᠲᠠᠢ ᠭᠡᠷᠡᠯ ᠵᠢᠷᠤᠭ 2 ᠬᠤᠪᠢ᠃      3᠂ ᠵᠡᠮᠳᠡᠭᠴᠤᠳ ᠤᠨ ᠰᠤᠶᠢᠳᠭᠡᠯ ᠦᠬᠡᠢ ᠪᠠᠷ ᠲᠡᠷᠭᠡᠨ ᠳᠤ ᠰᠠᠭᠤᠬᠤ ᠺᠠᠷᠲ ᠨᠦᠬᠦᠵᠦ ᠠᠪᠬᠤ ᠬᠦᠮᠤᠰ ᠤᠨ ᠠᠪᠴᠤ ᠤᠴᠢᠬᠤ ᠴᠢᠬᠤᠯᠠᠲᠠᠢ ᠵᠦᠢᠯ᠄      ︵1︶ ᠬᠤᠶᠠᠳᠤᠭᠠᠷ ᠦᠶ᠎ᠡ ᠶᠢᠨ ︽ᠪᠦᠬᠦᠳᠡ ᠨᠠᠶᠢᠷᠠᠮᠳᠠᠬᠤ ᠳᠤᠮᠳᠠᠳᠤ ᠤᠯᠤᠰ ᠤᠨ ᠵᠡᠮᠳᠡᠭᠴᠤᠳ ᠎ ᠤᠨ ᠦᠨᠡᠮᠯᠡᠯ︾᠎ ᠤᠨ ᠡᠬᠡ ᠮᠠᠲ᠋ᠧᠷᠢᠶᠠᠯ᠂ ᠪᠡᠶ᠎ᠡ ᠶᠢᠨ ᠦᠨᠡᠮᠯᠡᠯ ᠤᠨ ᠡᠬᠡ ᠮᠠᠲ᠋ᠧᠷᠢᠶᠠᠯ ᠵᠢᠴᠢ 3 ᠬᠤᠪᠢ ᠬᠠᠭᠤᠯᠪᠤᠷᠢ᠂ ᠪᠤᠳᠤᠭ ᠲᠠᠢ ᠭᠡᠷᠡᠯ ᠵᠢᠷᠤᠭ ᠨᠢᠬᠡ ᠬᠤᠪᠢ᠂ ᠺᠠᠷᠲ ᠨᠦᠬᠦᠬᠦ ᠲᠠᠨᠵᠢ ᠶᠢᠨ ᠮᠦᠩᠬᠦ 25 ᠲᠦᠬᠦᠷᠢᠭ  ᠃      ᠭᠤᠷᠪᠠ᠂ ᠰᠠᠨᠠᠭᠠᠨ ᠳᠤ ᠦᠬᠡᠢ ᠰᠢᠷᠬᠠᠳᠤᠯ ᠤᠨ ᠳᠠᠭᠠᠳᠬᠠᠯ      2014 ᠤᠨ ᠤ ᠵᠡᠮᠳᠡᠭᠴᠤᠳ ᠤᠨ ᠰᠤᠶᠢᠳᠭᠡᠯ ᠦᠬᠡᠢ ᠪᠠᠷ ᠲᠡᠷᠭᠡᠨ ᠳᠤ ᠰᠠᠭᠤᠬᠤ IC ᠺᠠᠷᠲ ᠤᠨ ᠰᠠᠨᠠᠭᠠᠨ ᠳᠤ ᠦᠬᠡᠢ ᠰᠢᠷᠬᠠᠳᠤᠯ ᠤᠨ ᠳᠠᠭᠠᠳᠬᠠᠯ ᠤᠨ ᠵᠠᠷᠤᠳᠠᠯ ᠢ ᠬᠤᠳᠠ ᠶᠢᠨ ᠵᠡᠮᠳᠡᠭᠴᠤᠳ ᠤᠨ ᠬᠤᠯᠪᠤᠭ᠎ᠠ ᠎ ᠠᠴᠠ ᠨᠢᠭᠡᠳᠤᠯᠲᠠᠢ ᠭᠠᠷᠭᠠᠨ᠎ᠠ᠃       ᠲᠦᠷᠪᠡ᠂ ᠬᠠᠭᠤᠴᠢᠨ ᠺᠠᠷᠲ ᠳᠤ ᠵᠤᠭᠤᠰ ᠨᠡᠮᠡᠬᠦ᠂ ᠰᠢᠨ᠎ᠡ ᠺᠠᠷᠲ ᠠᠪᠬᠤ ᠴᠠᠭ ᠬᠤᠭᠤᠴᠠᠭ᠎ᠠ ᠪᠠ ᠭᠠᠵᠠᠷ      1᠂ ᠰᠢᠨ᠎ᠡ ᠬᠤᠳᠠ ᠲᠤᠭᠤᠷᠢᠭ 2014 ᠤᠨ ᠤ11 ᠳ᠋ᠤᠭᠡᠷ ᠰᠠᠷ᠎ᠠ ᠶᠢᠨ 24᠎ ᠤ ᠡᠳᠤᠷ — 28 ᠎ ᠤ ᠡᠳᠤᠷ      ᠭᠠᠵᠠᠷ᠄ ᠰᠢᠨ᠎ᠡ ᠬᠤᠳᠠ ᠲᠤᠭᠤᠷᠢᠭ ᠤᠨ ᠵᠡᠮᠳᠡᠭᠴᠤᠳ ᠤᠨ ᠬᠤᠯᠪᠤᠭ᠎ᠠ ︵ᠮᠤᠷᠢᠨ ᠤᠷᠤᠯᠳᠤᠭᠠᠨ ᠤ ᠲᠠᠯᠠᠪᠠᠢ ᠵᠠᠮ ᠤᠨ ᠬᠤᠶᠢᠳᠤ ᠲᠠᠯ᠎ᠠ  ᠎ ᠳᠠᠬᠢ ᠲᠤᠭᠤᠷᠢᠭ ᠤᠨ ᠵᠠᠰᠠᠭ ᠤᠨ ᠤᠷᠳᠤᠨ ᠤ ᠵᠡᠬᠦᠨ ᠬᠤᠯᠪᠤᠰᠤ ᠠᠰᠠᠷ ᠎ ᠤᠨ ᠬᠤᠳᠠ ᠶᠢᠨ ᠠᠷᠠᠳ ᠤᠨ ᠦᠢᠯᠡᠴᠢᠯᠡᠭᠡᠨ ᠲᠦᠪ︶      ᠬᠠᠷᠢᠯᠴᠠᠬᠤ ᠤᠳᠠᠰᠤ᠄ 6218632     6218116      2᠂ ᠬᠤᠳᠤᠩ ᠠᠷᠠᠳ ᠤᠨ ᠲᠤᠭᠤᠷᠢᠭ 2014 ᠤᠨ ᠤ 12 ᠳ᠋ᠤᠭᠠᠷ ᠰᠠᠷ᠎ᠠ ᠶᠢᠨ 1᠎ ᠤ ᠡᠳᠤᠷ — 5᠎ ᠤ ᠡᠳᠤᠷ      ᠭᠠᠵᠠᠷ᠄ ᠬᠤᠳᠤᠩ ᠠᠷᠠᠳ ᠤᠨ ᠲᠤᠭᠤᠷᠢᠭ ᠤᠨ ᠬᠤᠳᠠ ᠶᠢᠨ ᠠᠷᠠᠳ ᠤᠨ ᠦᠢᠯᠡᠴᠢᠯᠡᠭᠡᠨ ᠤ ᠲᠦᠪ ︵ᠰᠢᠬᠤᠸᠠ ᠬᠦᠬᠦᠷᠭᠡ  ᠎ ᠶᠢᠨ ᠰᠧ ᠾᠧ ᠰᠢᠩ ᠵᠠᠮ ᠤᠨ ᠠᠭᠤᠯᠵᠠᠷ ᠤᠨ ᠬᠤᠶᠢᠳᠤ ᠲᠠᠯ᠎ᠠ︶      ᠬᠠᠷᠢᠯᠴᠠᠬᠤ ᠤᠳᠠᠰᠤ᠄ 3821016     3959232      3᠂ ᠢᠦᠢ ᠴᠢᠤᠸᠠᠨ ᠲᠤᠭᠤᠷᠢᠭ 2014 ᠤᠨ ᠤ 12 ᠳ᠋ᠤᠭᠠᠷ ᠰᠠᠷ᠎ᠠ ᠶᠢᠨ 8᠎ ᠤ ᠡᠳᠤᠷ —12 ᠎ ᠤᠨ ᠡᠳᠤᠷ      ᠭᠠᠵᠠᠷ᠄ ᠢᠦᠢ ᠴᠢᠤᠸᠠᠨ ᠲᠤᠭᠤᠷᠢᠭ ᠤᠨ ᠬᠤᠳᠠ ᠶᠢᠨ ᠠᠷᠠᠳ ᠤᠨ ᠦᠢᠯᠡᠴᠢᠯᠡᠭᠡᠨ ᠤ ᠲᠦᠪ ︵ᠨᠠᠨ ᠴᠠ ᠹᠠᠩ ᠤᠨ ᠬᠤᠮᠰᠢᠮ ᠪᠤᠳᠢᠰᠡᠳ᠋ᠸ᠎ᠠ ᠶᠢᠨ ᠰᠦᠮ᠎ᠡ ᠶᠢᠨ ᠪᠠᠷᠠᠭᠤᠨ ᠭᠤᠳᠤᠮᠵᠢ︶      ᠬᠠᠷᠢᠯᠴᠠᠬᠤ ᠤᠳᠠᠰᠤ᠄ 6373009     5686153      4᠂ ᠰᠠᠶᠢᠬᠠᠨ ᠲᠤᠭᠤᠷᠢᠭ 2014 ᠤᠨ ᠤ12 ᠳ᠋ᠤᠭᠡᠷ ᠰᠠᠷ᠎ᠠ ᠶᠢᠨ15᠎ ᠤ ᠡᠳᠤᠷ — 19᠎ ᠤ ᠡᠳᠤᠷ      ᠭᠠᠵᠠᠷ᠄ ᠰᠠᠶᠢᠬᠠᠨ ᠲᠤᠭᠤᠷᠢᠭ ᠤᠨ ᠠᠷᠠᠳ ᠲᠤ  ᠲᠦᠬᠦᠮ ᠦᠵᠡᠬᠦᠯᠬᠦ ᠦᠢᠯᠡᠴᠢᠯᠡᠭᠡᠨ ᠤ  ᠲᠦᠪ ︵ᠡᠮᠤᠨ᠎ᠡ ᠲᠤᠭᠤᠷᠢᠯ ᠵᠠᠮ ᠤᠨ ᠠᠷᠠᠳ ᠤᠨ ᠦᠨᠳᠤᠷ ᠵᠡᠷᠭᠡ ᠶᠢᠨ ᠰᠢᠬᠦᠬᠦ ᠬᠤᠷᠢᠶᠠᠨ ᠤ ᠨᠢᠭᠤᠷᠳᠠᠯ ᠲᠠᠯ᠎ᠠ ᠶᠢᠨ 38 ᠵᠠᠮ 60 ᠵᠠᠮ 65 ᠵᠠᠮ ᠤᠨ ᠲᠡᠷᠭᠡᠨ ᠵᠤᠭᠰᠤᠯᠳᠠ︶      ᠬᠠᠷᠢᠯᠴᠠᠬᠤ ᠤᠳᠠᠰᠤ᠄  5184857     5184862      ᠭᠠᠷᠳᠠᠮ ᠭᠦᠢᠴᠡᠳᠭᠡᠬᠦ ᠴᠠᠭ᠄ ᠦᠳᠡ ᠶᠢᠨ ᠡᠮᠤᠨ᠎ᠡ 8:30 —12᠄ 00   ᠦᠳᠡ ᠶᠢᠨ ᠬᠤᠶᠢᠨ᠎ᠠ 13:30 — 17:00      ᠱᠠᠭᠠᠷᠳᠠᠯᠭ᠎ᠠ᠄ ᠬᠤᠳᠠ ᠶᠢᠨ ᠲᠦᠷᠪᠡᠨ ᠲᠤᠭᠤᠷᠢᠭ ᠤᠨ ᠵᠡᠮᠳᠡᠭᠴᠤᠳ ᠤᠨ ᠬᠤᠯᠪᠤᠭ᠎ᠠ ᠪᠤᠳᠠᠲᠠᠢ ᠪᠠᠶᠢᠳᠠᠯ ᠢ ᠦᠨᠳᠤᠰᠤᠯᠡᠨ ᠲᠤᠰᠬᠠᠢ ᠬᠦᠮᠤᠨ ᠲᠤᠮᠢᠯᠠᠨ ᠬᠢᠨᠠᠨ ᠰᠢᠯᠭᠠᠵᠦ᠂ ᠴᠢᠩᠭ᠎ᠠ ᠬᠠᠷᠢᠭᠤᠴᠠᠵᠦ᠂ ᠲᠤᠬᠠᠢ ᠶᠢᠨ ᠭᠠᠵᠠᠷ ᠲᠤ ᠠᠯᠪᠠᠯᠠᠨ᠎ᠠ᠃       ᠳᠠᠪᠤ᠂ ᠠᠩᠬᠠᠷᠬᠤ ᠵᠦᠢᠯ      1᠂ ᠵᠡᠮᠳᠡᠭᠴᠤᠳ ᠤᠨ ᠰᠤᠶᠢᠳᠭᠡᠯ ᠦᠬᠡᠢ ᠪᠠᠷ ᠲᠡᠷᠭᠡᠨ ᠰᠠᠭᠤᠬᠤ IC ᠺᠠᠷᠲ ᠳᠤ ᠵᠢᠯ ᠪᠦᠷᠢ ᠵᠤᠭᠤᠰ ᠨᠡᠮᠡᠵᠦ᠂ ᠵᠢᠯ ᠪᠦᠷᠢ ᠨᠢᠭᠡ ᠤᠳᠠᠭ᠎ᠠ ᠬᠢᠨᠠᠨ ᠤᠯᠭᠤᠨ᠎ᠠ᠂ ᠬᠤᠭᠤᠴᠠᠭ᠎ᠠ ᠨᠢ ᠬᠡᠳᠤᠷᠡᠪᠡᠯ ᠬᠦᠯᠢᠶᠡᠬᠦ ᠦᠬᠡᠢ᠃ ᠲᠤᠭᠳᠠᠭᠰᠠᠨ ᠴᠠᠭ ᠲᠤ ᠲᠤᠭᠳᠠᠭᠰᠠᠨ ᠭᠠᠵᠠᠷ ᠲᠤ ᠭᠦᠷᠴᠤ ᠭᠠᠷᠳᠠᠮ ᠢᠶᠠᠨ ᠬᠦᠢᠴᠡᠳᠭᠡᠭᠡᠷᠡᠢ ︵ᠲᠤᠭᠳᠠᠭᠰᠠᠨ ᠴᠠᠭ ᠠᠴᠠ ᠬᠤᠵᠢᠮᠳᠠᠭᠰᠠᠨ ᠪᠤᠯ ᠤᠷᠳᠤᠳᠬᠠᠭᠠᠳ ᠳᠠᠷᠠᠭᠠᠴᠢ ᠶᠢᠨ ᠭᠠᠵᠠᠷ ᠲᠤ ᠬᠦᠷᠴᠤ ᠬᠦᠢᠴᠡᠳᠭᠡᠵᠦ ᠪᠤᠯᠤᠨ᠎ᠠ︶᠂ ᠵᠡᠮᠳᠡᠭᠴᠤᠳ ᠤᠨ ᠰᠤᠶᠢᠳᠭᠡᠯ ᠦᠬᠡᠢ ᠪᠠᠷ ᠲᠡᠷᠭᠡᠨ ᠰᠠᠭᠤᠬᠤ ᠤᠤᠯ ᠤᠨ IC ᠺᠠᠷᠲ ᠢ ᠬᠡᠷᠡᠭᠯᠡᠬᠦ ᠴᠠᠭ ᠬᠤᠭᠤᠴᠠᠭ᠎ᠠ ᠶᠢ 2014 ᠤᠨ ᠤ 12 ᠳ᠋ᠤᠭᠠᠷ ᠰᠠᠷ᠎ᠠ ᠶᠢᠨ31᠎ ᠤ ᠡᠳᠤᠷ ᠢᠶᠠᠷ ᠬᠢᠵᠠᠭᠠᠷᠯᠠᠪᠠ᠃      2᠂ ᠪᠦᠬᠦᠯᠢ 60 ᠨᠠᠰᠤ ᠠᠴᠠ ᠳᠡᠭᠡᠭᠰᠢᠬᠢ ᠨᠠᠰᠤᠲᠠᠶᠢᠴᠤᠳ ᠤᠨ ᠰᠤᠶᠢᠳᠭᠡᠯ ᠦᠬᠡᠢ ᠪᠠᠷ ᠲᠡᠷᠭᠡᠨ ᠎ ᠳᠤ ᠰᠠᠭᠤᠬᠤ ᠺᠠᠷᠲ ᠪᠤᠶᠤ ᠵᠡᠮᠳᠡᠭᠴᠤᠳ ᠤᠨ ᠰᠤᠶᠢᠳᠭᠡᠯ ᠦᠬᠡᠢ ᠪᠠᠷ ᠲᠡᠷᠭᠡᠨ ᠰᠠᠭᠤᠬᠤ ᠺᠠᠷᠲ ᠤᠨ ᠵᠦᠪᠬᠡᠨ ᠨᠢᠬᠡ  ᠎ ᠶᠢ ᠨᠢ ᠰᠤᠩᠭᠤᠨ ᠠᠪᠴᠤ ᠪᠤᠯᠤᠨ᠎ᠠ᠂ ᠲᠠᠪᠬᠤᠷᠳᠠᠭᠤᠯᠬᠤ ᠪᠠ ᠦᠬᠡᠷᠡᠴᠢᠯᠡᠵᠦ ᠪᠤᠯᠬᠤ ᠦᠬᠡᠢ᠃      3᠂ ᠵᠡᠮᠳᠡᠭᠴᠤᠳ ᠤᠨ ᠰᠤᠶᠢᠳᠭᠡᠯ ᠦᠬᠡᠢ ᠪᠠᠷ ᠲᠡᠷᠭᠡᠨ ᠳᠤ ᠰᠠᠭᠤᠬᠤ ᠺᠠᠷᠲ ᠤᠨ ᠭᠠᠷᠳᠠᠮ ᠢ ᠬᠦᠢᠴᠡᠳᠭᠡᠬᠦ ᠲᠠᠯ᠎ᠠ ᠪᠠᠷ ᠲᠤᠬᠠᠶᠢᠯᠠᠭᠰᠠᠨ ᠠᠵᠢᠯ ᠤᠨ ᠯᠠᠪᠯᠠᠯᠭ᠎ᠠ ᠠᠪᠬᠤ ᠳᠤ ᠬᠦᠷᠪᠡᠯ ᠬᠤᠳᠠ ᠶᠢᠨ  ᠤᠯᠠᠨ ᠨᠡᠶᠢᠳᠡ ᠶᠢᠨ ᠵᠠᠮ ᠬᠠᠷᠢᠯᠴᠠᠭᠠᠨ ᠤ ᠶᠡᠷᠦᠩᠬᠡᠢ ᠺᠤᠮᠫᠠᠨᠢ ᠶᠢᠨ ᠳ᠋ᠦᠩᠨᠡᠨ ᠪᠤᠳᠤᠬᠤ ᠲᠦᠪ ᠲᠠᠢ ᠬᠠᠷᠢᠯᠴᠠᠭᠠᠷᠠᠢ᠃ ᠬᠠᠷᠢᠯᠴᠠᠬᠤ ᠤᠳᠠᠰᠤ᠄ 4976073     4976066      4᠂ ᠵᠡᠮᠳᠡᠭᠴᠤᠳ ᠤᠨ ᠰᠤᠶᠢᠳᠭᠡᠯ ᠦᠬᠡᠢ ᠪᠠᠷ ᠲᠡᠷᠭᠡᠨ ᠳᠤ ᠰᠠᠭᠤᠬᠤ ᠺᠠᠷᠲ ᠤᠨ ᠭᠠᠷᠳᠠᠮ ᠬᠦᠢᠴᠡᠳᠬᠡᠬᠦ ᠲᠠᠯ᠎ᠠ ᠪᠠᠷ ᠲᠦᠷᠦ ᠶᠢᠨ ᠪᠤᠳᠤᠯᠭ᠎ᠠ ᠶᠢᠨ ᠯᠠᠪᠯᠠᠯᠭ᠎ᠠ ᠠᠪᠬᠤ ᠳᠤ ᠬᠦᠷᠪᠡᠯ ᠬᠤᠳᠠ ᠶᠢᠨ ᠵᠡᠮᠳᠡᠭᠴᠤᠳ ᠎ ᠤᠨ ᠬᠤᠯᠪᠤᠭ᠎ᠠ ᠲᠠᠢ ᠬᠠᠷᠢᠯᠴᠠᠭᠠᠷᠠᠢ᠃ ᠬᠠᠷᠢᠯᠴᠠᠬᠤ ᠤᠳᠠᠰᠤ᠄ 2236557
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号