ᠡᠯᠧᠺᠲᠷᠤᠨ ᠭᠤᠶᠤᠴᠢᠯᠠᠯ ᠢ ᠬᠡᠷᠡᠭᠯᠡᠬᠦ ᠴᠤᠪᠤᠷᠠᠯ ᠤᠨ ᠲᠣᠪᠴᠢ ᠲᠠᠨᠢᠯᠴᠠᠭᠤᠯᠭ᠎ᠠ
ᠨᠡᠶᠢᠲᠡᠯᠡᠭᠰᠡᠨ ᠴᠠᠭ᠄
2015/2/4
    1.ᠡᠯᠧᠺᠲᠷᠤᠨ ᠭᠤᠶᠤᠴᠢᠯᠠᠯ ᠤᠨ ᠬᠡᠷᠡᠭᠯᠡᠭᠴᠢ ᠳᠠᠩᠰᠠᠯᠠᠭᠤᠯᠬᠤ ᠭᠠᠷᠳᠠᠮ ᠭᠦᠢᠴᠡᠳᠭᠡᠬᠦ      ᠡᠩ ᠲᠡᠷᠢᠭᠦᠨ ᠳᠤ᠂ ᠳᠠᠩᠰᠠᠯᠠᠭᠤᠯᠬᠤ ᠶᠢ ᠭᠦᠢᠴᠡᠳᠬᠡᠬᠦ ᠠᠷᠭ᠎ᠠ ᠮᠠᠶ᠋ᠢᠭ ᠲᠤ ᠨᠢᠭᠤᠷᠳᠠᠨ ᠳᠠᠩᠰᠠᠯᠠᠭᠤᠯᠬᠤ᠂ ᠰᠢᠤᠳᠠᠨ ᠢᠶᠠᠷ ᠢᠯᠡᠭᠡᠨ ᠳᠠᠩᠰᠠᠯᠠᠭᠤᠯᠬᠤ ᠪᠠ ᠰᠦᠯᠵᠢᠶᠡᠨ ᠳᠡᠭᠡᠷ᠎ᠡ ᠳᠠᠩᠰᠠᠯᠠᠭᠤᠯᠬᠤ 3 ᠵᠦᠢᠯ ᠪᠤᠢ᠃  ᠡᠭᠦᠨ ᠳᠤ᠂ ᠨᠢᠭᠤᠷᠳᠠᠨ ᠳᠠᠩᠰᠠᠯᠠᠭᠤᠯᠬᠤ ᠳᠤ ᠲᠤᠰᠬᠠᠢ ᠠᠰᠢᠭ ᠤᠨ ᠲᠣᠪᠴᠢᠶ᠎ᠠ ᠶᠢᠨ ᠬᠦᠯᠢᠶᠡᠨ ᠠᠪᠬᠤ ᠲᠢᠩᠬᠢᠮ ᠳᠤ ᠳᠠᠩᠰᠠᠯᠠᠭᠤᠯᠬᠤ ᠪᠠ ᠣᠷᠣᠯᠠᠨ ᠭᠦᠢᠴᠡᠳᠬᠡᠬᠦ ᠭᠠᠵᠠᠷ ᠲᠤ ᠳᠠᠩᠰᠠᠯᠠᠭᠤᠯᠬᠤ ᠪᠠᠭᠲᠠᠨ᠎ᠠ᠃ ᠳᠠᠷᠠᠭ᠎ᠠ ᠨᠢ ᠂ ᠬᠡᠷᠡᠭᠯᠡᠭᠴᠢ ᠳᠠᠩᠰᠠᠯᠠᠭᠤᠯᠬᠤ ᠳᠤ ᠪᠦᠷᠢᠳᠦᠭᠦᠯᠪᠡᠰᠦ ᠵᠣᠬᠢᠬᠤ ᠮᠠᠲ᠋ᠧᠷᠢᠶᠠᠯ ᠳᠤ᠄ ᠡᠯᠧᠺᠲᠷᠤᠨ ᠭᠤᠶᠤᠴᠢᠯᠠᠯ ᠤᠨ ᠬᠡᠷᠡᠭᠯᠡᠭᠴᠢ ᠶᠢᠨ ᠳᠠᠩᠰᠠᠯᠠᠭᠤᠯᠬᠤ ᠭᠤᠶᠤᠴᠢᠯᠠᠯ ᠤᠨ ᠪᠢᠴᠢᠭ᠂ ᠡᠯᠧᠺᠲᠷᠤᠨ ᠭᠤᠶᠤᠴᠢᠯᠠᠯ ᠤᠨ ᠬᠡᠷᠡᠭᠯᠡᠭᠴᠢ ᠶᠢᠨ ᠳᠠᠩᠰᠠᠯᠠᠭᠤᠯᠬᠤ ᠵᠦᠪᠯᠡᠯᠴᠡᠭᠡᠷ ᠪᠠ ᠬᠠᠮᠢᠶ᠎ᠠ ᠪᠦᠬᠦᠢ ᠭᠡᠷᠡᠴᠢ ᠪᠢᠴᠢᠭ ᠮᠠᠲ᠋ᠧᠷᠢᠶᠠᠯ ︵ᠵᠢᠱᠢᠶᠡᠯᠡᠪᠡᠯ ᠠᠯᠪᠠᠨ ᠲᠠᠮᠠᠭ᠎ᠠ ᠎ ᠲᠠᠢ ᠣᠷᠣᠯᠠᠨ ᠭᠦᠢᠴᠡᠳᠭᠡᠬᠦ ᠪᠠᠶᠢᠭᠤᠯᠤᠮᠵᠢ ᠶᠢᠨ ᠳᠠᠩᠰᠠᠯᠠᠭᠤᠯᠬᠤ ᠦᠨᠡᠮᠯᠡᠯ ᠤᠨ  ᠬᠠᠭᠤᠯᠪᠤᠷᠢ ᠵᠡᠷᠭᠡ︶᠃     2.ᠡᠯᠧᠺᠲᠷᠤᠨ ᠭᠤᠶᠤᠴᠢᠯᠠᠯ ᠤᠨ ᠹᠠᠶᠢᠯ ᠬᠢᠬᠦ ᠠᠴᠠ ᠡᠮᠦᠨᠡᠬᠢ ᠪᠡᠯᠡᠳᠭᠡᠯ      ᠡᠩ ᠲᠡᠷᠢᠭᠦᠨ ᠳᠤ᠂ ᠬᠠᠷᠢᠴᠠᠭᠠᠨ ᠡᠷᠦᠭᠡ ᠶᠢᠨ ᠦᠵᠦᠭᠦᠷ ᠤᠨ ᠰᠢᠰᠲ᠋ᠧᠮ ᠢ ᠪᠠᠭᠤᠯᠭᠠᠵᠤ᠂ ᠤᠭᠰᠠᠷᠠᠨ᠎ᠠ᠃ ᠪᠠᠭᠤᠯᠭᠠᠬᠤ ᠬᠠᠶ᠋ᠢᠭ ᠨᠢ ᠰᠦᠯᠵᠢᠶᠡᠨ ᠤ ᠲᠡᠷᠢᠭᠦᠨ ᠬᠠᠭᠤᠳᠠᠰᠤᠨ ︵http://www.cponline.gov.cn ) ᠳᠡᠭᠡᠷ᠎ᠡ ᠪᠠᠶᠢᠭ᠎ᠠ ﹇ᠬᠡᠷᠡᠭᠰᠡᠯ ᠪᠠᠭᠤᠯᠭᠠᠬᠤ﹈ ᠬᠡᠰᠡᠭ ᠪᠣᠯᠣᠨ᠎ᠠ᠃ ᠪᠠᠭᠤᠯᠭᠠᠵᠤ ᠤᠭᠰᠠᠷᠠᠬᠤ ᠶᠢ ᠪᠡᠶᠡᠯᠡᠭᠦᠯᠦᠭᠰᠡᠨ ᠤ ᠳᠠᠷᠠᠭ᠎ᠠ᠂ ᠪᠣᠳᠠᠲᠠᠢ ᠤᠷᠴᠢᠨ ᠲᠣᠭᠤᠷᠢᠨ ᠢᠶᠠᠨ ᠦᠨᠳᠦᠰᠦᠯᠡᠨ ᠰᠦᠯᠵᠢᠶᠡᠨ ᠤ ᠲᠣᠬᠢᠷᠠᠭᠤᠯᠤᠯ ᠬᠢᠨ᠎ᠡ᠃ ᠳᠠᠷᠠᠭ᠎ᠠ ᠨᠢ᠂  ᠬᠡᠷᠡᠭᠯᠡᠭᠴᠢ ᠶᠢᠨ ᠲᠣᠭᠠᠴᠢᠯᠠᠭᠰᠠᠨ ᠦᠨᠡᠮᠯᠡᠯ ᠢ ᠪᠠᠭᠤᠯᠭᠠᠨ᠎ᠠ᠃ ᠪᠠᠭᠤᠯᠭᠠᠬᠤ ᠬᠠᠶ᠋ᠢᠭ ᠨᠢ ᠰᠦᠯᠵᠢᠶᠡᠨ ᠤ ᠲᠡᠷᠢᠭᠦᠨ ᠬᠠᠭᠤᠳᠠᠰᠤ ᠶᠢᠨ ﹇ᠦᠨᠡᠮᠯᠡᠯ ᠤᠨ ᠬᠠᠮᠢᠶᠠᠷᠤᠯᠲᠠ﹈᠎ ᠶᠢᠨ ᠬᠡᠰᠡᠭ ᠪᠣᠯᠣᠨ᠎ᠠ᠃     3. ᠡᠯᠧᠺᠲᠷᠤᠨ ᠭᠤᠶᠤᠴᠢᠯᠠᠯ ᠤᠨ ᠹᠠᠶᠢᠯ ᠬᠢᠬᠦ      ᠡᠩ ᠲᠡᠷᠢᠭᠦᠨ ᠳᠤ᠂ ᠬᠡᠷᠡᠭᠯᠡᠭᠴᠢ ᠡᠯᠧᠺᠲᠷᠤᠨ ᠭᠤᠶᠤᠴᠢᠯᠠᠯ ᠤᠨ ᠬᠠᠷᠢᠴᠠᠭᠠᠨ ᠡᠷᠦᠭᠡ ᠶᠢᠨ ᠦᠵᠦᠭᠦᠷ ᠤᠨ ᠰᠢᠰᠲ᠋ᠧᠮ ᠤᠨ ᠴᠢᠳᠠᠮᠵᠢ ᠶᠢ ᠣᠶᠢᠯᠠᠭᠠᠬᠤ ᠶᠢᠨ ᠬᠠᠮᠲᠤ ᠬᠡᠷᠡᠭᠯᠡᠬᠦ ᠶᠢ ᠰᠤᠷᠤᠭᠰᠠᠨ ᠪᠠᠶᠢᠬᠤ ᠬᠡᠷᠡᠭᠲᠡᠢ᠂ ᠲᠤᠬᠠᠶᠢᠯᠠᠪᠠᠯ ᠡᠯᠧᠺᠲᠷᠤᠨ ᠭᠤᠶᠤᠴᠢᠯᠠᠯ ᠤᠨ ᠪᠢᠴᠢᠭ ᠬᠢᠬᠦ ︵ᠬᠠᠷᠢᠴᠠᠭᠠᠨ ᠡᠷᠦᠭᠡ ᠶᠢᠨ ᠦᠵᠦᠭᠦᠷ ᠤᠨ ᠨᠠᠶᠢᠷᠠᠭᠤᠯᠤᠭᠤᠷ︶᠂ ᠳᠠᠩᠰᠠ ᠡᠪᠬᠡᠮᠡᠯ ᠤᠨ ᠬᠠᠮᠢᠶᠠᠷᠤᠯᠲᠠ᠂ ᠮᠡᠳᠡᠭᠳᠡᠬᠦ ᠪᠢᠴᠢᠭ ᠤᠨ ᠬᠠᠮᠢᠶᠠᠷᠤᠯᠲᠠ᠂ ᠲᠣᠭᠠᠴᠢᠯᠠᠭᠰᠠᠨ ᠦᠨᠡᠮᠯᠡᠯ ᠤᠨ ᠬᠠᠮᠢᠶᠠᠷᠤᠯᠲᠠ᠂ ᠰᠢᠰᠲ᠋ᠧᠮ ᠲᠣᠬᠢᠷᠠᠭᠤᠯᠬᠤ ᠵᠡᠷᠭᠡ  ᠴᠢᠳᠠᠮᠵᠢ ᠪᠤᠯᠤᠨ᠎ᠠ᠃ ᠳᠠᠷᠠᠭ᠎ᠠ ᠨᠢ᠂ ᠬᠠᠷᠢᠴᠠᠭᠠᠨ ᠡᠷᠦᠭᠡ ᠶᠢᠨ ᠦᠵᠦᠭᠦᠷ ᠤᠨ  ᠨᠠᠶᠢᠷᠠᠭᠤᠯᠤᠭᠤᠷ ᠢ ᠬᠡᠷᠡᠭᠯᠡᠨ᠂ ᠬᠦᠰᠦᠨᠦᠭᠲᠦ ᠶᠢᠨ ᠵᠠᠭᠪᠤᠷ ᠪᠠᠷ ᠢ ᠰᠣᠩᠭᠤᠵᠤ ᠨᠠᠶᠢᠷᠠᠭᠤᠯᠤᠨ᠎ᠠ᠂  ᠠᠯᠬᠤᠮ ᠳᠠᠷᠠᠭ᠎ᠠ ᠭᠡᠪᠡᠯ ᠤᠷᠢᠳᠠᠪᠡᠷ ﹇ᠬᠦᠰᠦᠨᠦᠭᠲᠦ ᠶᠢᠨ ᠵᠠᠭᠪᠤᠷ ᠎ ᠪᠠᠷ ᠢ ᠰᠣᠩᠭᠤᠵᠤ﹈  ᠂ ᠳᠠᠷᠠᠭ᠎ᠠ ᠨᠢ ﹇ᠹᠠᠶᠢᠯ ᠤᠨ ᠠᠭᠤᠯᠭ᠎ᠠ ᠶᠢ ᠲᠠᠭᠯᠠᠬᠤ ᠪᠤᠶᠤ  ᠵᠠᠰᠠᠵᠤ﹈᠂ ᠡᠴᠦᠰ ᠲᠤ ﹇ᠬᠠᠳᠠᠭᠠᠯᠠᠨ᠎ᠠ﹈᠃ ᠭᠤᠷᠪᠠᠳᠤᠭᠠᠷ ᠲᠤ᠂  ᠡᠩ ᠤᠨ ᠡᠭᠦᠳᠦᠨ ᠪᠦᠲᠦᠭᠡᠯᠲᠡ ᠶᠢᠨ ᠲᠤᠰᠬᠠᠢ ᠠᠰᠢᠭ ᠭᠤᠶᠤᠴᠢᠯᠠᠬᠤ ᠪᠠ ᠬᠡᠷᠡᠭᠯᠡᠭᠡᠨ ᠤ ᠰᠢᠨ᠎ᠡ ᠮᠠᠶ᠋ᠢᠭ ᠤᠨ ᠲᠤᠰᠬᠠᠢ ᠠᠰᠢᠭ ᠭᠤᠶᠤᠴᠢᠯᠠᠭᠰᠠᠨ ᠳᠤ ᠪᠣᠯ ᠬᠠᠷᠢᠴᠠᠭᠠᠨ ᠡᠷᠦᠭᠡ ᠶᠢᠨ ᠦᠵᠦᠭᠦᠷ ᠤᠨ ᠨᠠᠶᠢᠷᠠᠭᠤᠯᠤᠭᠤᠷ ᠤᠨ ᠵᠠᠯᠠᠵᠦ ᠣᠷᠣᠭᠤᠯᠬᠤ ᠬᠡᠰᠡᠭ ᠤᠨ WORD᠂ PDF ᠹᠤᠷᠮᠠᠲ ᠤᠨ ᠹᠠᠶᠢᠯ ᠢ ᠬᠡᠷᠡᠭᠯᠡᠵᠦ ᠪᠣᠯᠣᠨ᠎ᠠ᠃     4.ᠲᠤᠰᠢᠶᠠᠬᠤ ᠠᠴᠠ ᠡᠮᠦᠨ᠎ᠡ ᠹᠠᠶᠢᠯ ᠢᠶᠠᠨ ᠪᠠᠶᠢᠴᠠᠭᠠᠬᠤ      ᠹᠠᠶᠢᠯ ᠢᠶᠠᠨ ᠬᠠᠳᠠᠭᠠᠯᠠᠭᠰᠠᠨ ᠤ ᠳᠠᠷᠠᠭ᠎ᠠ᠂ ᠬᠡᠷᠡᠭᠯᠡᠭᠴᠢ ᠨᠠᠶᠢᠷᠠᠭᠤᠯᠤᠭᠤᠷ ᠢ ᠬᠡᠷᠡᠭᠯᠡᠨ ᠹᠠᠶᠢᠯ ᠢᠶᠠᠨ ᠳᠠᠬᠢᠨ ᠨᠡᠭᠡᠭᠡᠵᠦ ᠪᠠᠶᠢᠴᠠᠭᠠᠨ᠂ ᠹᠠᠶᠢᠯ ᠤᠨ ᠠᠭᠤᠯᠭ᠎ᠠ ᠶᠢᠨ ᠪᠦᠷᠢᠨ ᠭᠦᠢᠴᠡᠳ᠂ ᠣᠨᠣᠪᠴᠢᠲᠠᠢ᠂ ᠵᠢᠷᠤᠭ ᠳᠦᠷᠰᠦ ᠶᠢᠨ ᠢᠯᠡᠷᠡᠬᠦ ᠨᠢ ᠬᠡᠪ ᠤᠨ ᠪᠠᠶᠢᠬᠤ ᠶᠢ ᠦᠨᠡᠨᠬᠦ  ᠪᠠᠲᠤᠯᠠᠬᠤ ᠬᠡᠷᠡᠭᠲᠡᠢ᠃     5.ᠲᠣᠭᠠᠴᠢᠯᠠᠭᠰᠠᠨ ᠦᠨᠡᠮᠯᠡᠯ ᠢᠶᠠᠷ ᠭᠠᠷ ᠤᠨ ᠦᠰᠦᠭ ᠵᠢᠷᠤᠬᠤ      ᠬᠡᠷᠡᠭᠯᠡᠭᠴᠢ ᠠᠴᠠ ᠬᠠᠷᠢᠴᠠᠭᠠᠨ ᠡᠷᠦᠭᠡ ᠶᠢᠨ ᠦᠵᠦᠭᠦᠷ ᠤᠨ ᠲᠡᠷᠢᠭᠦᠨ ᠵᠤᠯᠭᠠᠭᠤᠷ ᠤᠨ ﹇ᠭᠠᠷ ᠤᠨ ᠦᠰᠦᠭ ᠵᠢᠷᠤᠬᠤ﹈ ᠰᠤᠩᠭᠤᠯᠲᠠ ᠶᠢᠨ ᠲᠣᠲᠤᠷ᠎ᠠ ᠠᠴᠠ ᠭᠠᠷ ᠤᠨ ᠦᠰᠦᠭ ᠵᠢᠷᠤᠬᠤ ᠦᠨᠡᠮᠯᠡᠯ ᠢ ᠰᠤᠩᠭᠤᠬᠤ ᠶᠢᠨ ᠬᠠᠮᠲᠤ ﹇ᠭᠠᠷ ᠤᠨ ᠦᠰᠦᠭ ᠵᠢᠷᠤᠬᠤ﹈ ᠭᠡᠰᠡᠨ ᠢ ᠲᠣᠪᠴᠢᠳᠠᠪᠠᠯ᠂ ᠭᠠᠷ ᠤᠨ ᠦᠰᠦᠭ ᠵᠢᠷᠤᠬᠤ ᠵᠢᠯᠣᠭᠤᠳᠤᠯᠭ᠎ᠠ ᠶᠢ ᠪᠡᠶᠡᠯᠡᠭᠦᠯᠵᠦ᠂ ᠹᠠᠶᠢᠯ ᠨᠢ ᠶᠠᠪᠤᠭᠤᠯᠬᠤ ᠪᠠᠷ ᠪᠠᠶᠢᠭ᠎ᠠ ᠭᠠᠷᠴᠠᠭ ᠲᠤ ᠣᠷᠣᠨ᠎ᠠ᠃     6. ᠹᠠᠶᠢᠯ ᠢᠶᠠᠨ ᠲᠤᠰᠢᠶᠠᠬᠤ ᠶᠢᠨ ᠬᠠᠮᠲᠤ ᠬᠠᠷᠢᠮᠲᠠ  ᠬᠦᠯᠢᠶᠡᠬᠦ      ᠬᠡᠷᠡᠭᠯᠡᠭᠴᠢ ᠶᠠᠪᠤᠭᠤᠯᠬᠤ ᠪᠠᠷ ᠪᠠᠶᠢᠨ᠎ᠠ ᠭᠡᠰᠡᠨ ᠭᠠᠷᠴᠠᠭ ᠤᠨ ᠳᠣᠣᠷᠠᠬᠢ ᠲᠤᠰᠢᠶᠠᠬᠤ ᠪᠠᠷ ᠪᠠᠶᠢᠭ᠎ᠠ ᠹᠠᠶᠢᠯ ᠢ ᠰᠤᠩᠭᠤᠵᠤ᠂ ᠬᠠᠷᠢᠴᠠᠭᠠᠨ ᠡᠷᠦᠭᠡ ᠶᠢᠨ ᠦᠵᠦᠬᠦᠷ ᠤᠨ ᠲᠡᠷᠢᠭᠦᠨ ᠵᠤᠯᠭᠠᠭᠤᠷ ᠳᠡᠭᠡᠷᠡᠬᠢ ﹇ᠢᠯᠡᠭᠡᠬᠦ﹈ ᠭᠡᠰᠡᠨ  ᠵᠠᠷᠯᠢᠭ ᠢ ᠰᠣᠩᠭᠤᠬᠤ ᠶᠢᠨ ᠬᠠᠮᠲᠤ ﹇ᠳᠠᠮᠵᠢᠭᠤᠯᠵᠦ ᠡᠬᠢᠯᠡᠨ᠎ᠡ﹈ ᠭᠡᠰᠡᠨ ᠵᠠᠷᠯᠢᠭ ᠢ ᠲᠣᠪᠴᠢᠳᠠᠪᠠᠯ᠂ ᠹᠠᠶᠢᠯ ᠲᠤᠰᠢᠶᠠᠬᠤ ᠶᠠᠪᠤᠳᠠᠯ  ᠪᠦᠲᠥᠵᠦ ᠢᠯᠡᠭᠡᠪᠡ ᠭᠡᠰᠡᠨ ᠭᠠᠷᠴᠠᠭ ᠲᠤ ᠤᠷᠤᠨ᠎ᠠ᠃ ᠹᠠᠶᠢᠯ ᠢᠶᠠᠨ ᠲᠤᠰᠢᠶᠠᠭᠰᠠᠨ ᠤ ᠳᠠᠷᠠᠭ᠎ᠠ᠂ ᠬᠡᠷᠡᠭᠯᠡᠭᠴᠢ ᠬᠠᠷᠢᠮᠲᠠ ᠬᠦᠯᠢᠶᠡᠨ ᠠᠪᠬᠤ ᠶᠢᠨ ᠬᠠᠮᠲᠤ ᠪᠠᠶᠢᠴᠠᠭᠠᠨ ᠦᠵᠡᠵᠦ ᠪᠤᠯᠤᠨ᠎ᠠ᠂ ᠬᠠᠷᠢᠮᠲᠠ ᠶᠢᠨ ᠠᠭᠤᠯᠭ᠎ᠠ ᠳᠤ ᠭᠤᠣᠯᠳᠠᠭᠤ ᠬᠦᠯᠢᠶᠡᠨ ᠠᠪᠤᠭᠰᠠᠨ ᠵᠦᠢᠯ ᠤᠨ ᠨᠣᠮᠧᠷ᠂ ᠡᠭᠦᠳᠦᠨ ᠪᠦᠲᠦᠭᠡᠯᠲᠡ ᠶᠢᠨ ᠨᠡᠷᠡᠶᠢᠳᠦᠯ᠂ ᠲᠤᠰᠢᠶᠠᠭᠰᠠᠨ ᠬᠦᠮᠦᠨ ᠤ ᠣᠪᠣᠭ ᠨᠡᠷ᠎ᠡ ᠪᠤᠶᠤ ᠨᠡᠷᠡᠶᠢᠳᠦᠯ᠂ ᠤᠯᠤᠰ ᠤᠨ ᠮᠡᠳᠡᠯᠭᠡ ᠶᠢᠨ ᠪᠦᠲᠦᠭᠡᠭᠳᠡᠭᠦᠨ ᠤ ᠲᠤᠪᠴᠢᠶ᠎ᠠ ᠶᠢᠨ ᠬᠦᠯᠢᠶᠡᠨ ᠠᠪᠤᠭᠰᠠᠨ ᠴᠠᠭ ᠬᠤᠭᠤᠴᠠᠭ᠎ᠠ᠂ ᠤᠯᠤᠰ ᠤᠨ ᠮᠡᠳᠡᠯᠭᠡ ᠶᠢᠨ ᠪᠦᠳᠦᠭᠡᠭᠳᠡᠭᠦᠨ ᠤ ᠦᠮᠴᠢᠯᠡᠬᠦ ᠡᠷᠬᠡ ᠶᠢᠨ ᠲᠣᠪᠴᠢᠶ᠎ᠠ ᠶᠢᠨ ᠬᠦᠯᠢᠶᠡᠨ ᠠᠪᠤᠭᠰᠠᠨ ᠹᠠᠶᠢᠯ ᠤᠨ ᠪᠠᠶᠢᠳᠠᠯ ᠵᠡᠷᠭᠡ ᠪᠠᠭᠲᠠᠨ᠎ᠠ᠃     7.ᠡᠯᠧᠺᠲᠷᠤᠨ ᠭᠤᠶᠤᠴᠢᠯᠠᠯ ᠤᠨ ᠮᠡᠳᠡᠭᠳᠡᠯ ᠤᠨ ᠪᠢᠴᠢᠭ ᠢ ᠬᠦᠯᠢᠶᠡᠨ ᠠᠪᠬᠤ      ᠬᠡᠷᠡᠭᠯᠡᠭᠴᠢ ᠠᠴᠠ ᠬᠠᠷᠢᠴᠠᠭᠠᠨ ᠤ ᠡᠷᠦᠭᠡ ᠶᠢᠨ ᠲᠡᠷᠢᠬᠦᠨ ᠵᠣᠯᠭᠠᠭᠤᠷ ᠳᠡᠭᠡᠷᠡᠬᠢ ﹇ᠬᠦᠯᠢᠶᠡᠨ ᠠᠪᠬᠤ﹈ ᠭᠡᠰᠡᠨ ᠵᠠᠷᠯᠢᠭ ᠢ ᠲᠣᠪᠴᠢᠳᠠᠨ᠂  ᠭᠠᠷ ᠤᠨ ᠦᠰᠦᠭ ᠵᠢᠷᠤᠬᠤ ᠦᠨᠡᠮᠯᠡᠯ ᠢ ᠰᠤᠩᠭᠤᠬᠤ ᠶᠢᠨ ᠬᠠᠮᠲᠤ ﹇ᠬᠦᠰᠥᠨᠥᠭᠲᠦ ᠣᠯᠵᠤ ᠠᠪᠬᠤ﹈ ᠭᠡᠰᠡᠨ ᠵᠠᠷᠯᠢᠭ ᠢ ᠲᠣᠪᠴᠢᠳᠠᠵᠦ᠂ ᠪᠠᠭᠤᠯᠭᠠᠵᠤ ᠠᠪᠬᠤ ᠮᠡᠳᠡᠭᠳᠡᠯ ᠤᠨ ᠪᠢᠴᠢᠭ ᠢᠶᠠᠨ ᠰᠤᠩᠭᠤᠭᠰᠠᠨ ᠤ ᠳᠠᠷᠠᠭ᠎ᠠ᠂ ﹇ᠪᠠᠭᠤᠯᠭᠠᠵᠦ ᠡᠬᠢᠯᠡᠨ᠎ᠡ﹈ ᠭᠡᠰᠡᠨ ᠵᠠᠷᠯᠢᠭ ᠢ ᠲᠤᠪᠴᠢᠳᠠᠪᠠᠯ᠂ ᠲᠠᠷᠤᠢ ᠲᠤᠰ ᠮᠡᠳᠡᠭᠳᠡᠯ ᠢ ᠨᠡᠭᠡᠭᠡᠵᠦ ᠦᠵᠡᠵᠦ ᠪᠤᠯᠤᠨ᠎ᠠ᠃     8. ᠭᠡᠷᠡᠴᠢ ᠹᠠᠶᠢᠯ ᠲᠤᠰᠢᠶᠠᠬᠤ      ᠲᠤᠰᠬᠠᠢ ᠠᠰᠢᠭ ᠤᠨ ᠬᠠᠤᠯᠢ ᠬᠢᠭᠡᠳ ᠲᠡᠭᠦᠨ ᠢ ᠬᠡᠷᠡᠭᠵᠢᠬᠦᠯᠬᠦ ᠨᠠᠷᠢᠨ ᠲᠦᠷᠢᠮ᠂ ᠲᠤᠰᠬᠠᠢ ᠠᠰᠢᠭ ᠤᠨ ᠬᠢᠨᠠᠨ ᠪᠠᠶᠢᠴᠠᠭᠠᠬᠤ ᠵᠦᠭᠯᠡᠬᠦᠷ ᠲᠤ ᠲᠤᠭᠳᠠᠭᠠᠭᠰᠠᠨ ᠢ ᠦᠨᠳᠥᠰᠥᠯᠡᠨ ᠤᠭ ᠵᠦᠢᠯ ᠤᠨ ᠬᠡᠯᠪᠡᠷᠢ ᠪᠠᠷ ᠲᠤᠰᠢᠶᠠᠪᠠᠰᠦ ᠵᠣᠬᠢᠬᠤ ᠬᠠᠮᠢᠶ᠎ᠠ ᠪᠦᠬᠦᠢ  ᠪᠢᠴᠢᠭ ᠮᠠᠲ᠋ᠧᠷᠢᠶᠠᠯ ᠢ ᠪᠤᠯ ᠭᠤᠶᠤᠴᠢᠯᠠᠭᠴᠢ ᠵᠦᠪᠬᠡᠨ ᠤᠭ ᠵᠦᠢᠯ ᠤᠨ ᠡᠯᠧᠺᠲᠷᠤᠨ ᠰᠢᠷᠪᠢᠭᠰᠡᠨ ᠪᠢᠴᠢᠭ ᠮᠠᠲ᠋ᠧᠷᠢᠶᠠᠯ ᠢ ᠲᠤᠰᠢᠶᠠᠵᠤ ᠪᠣᠯᠣᠨ᠎ᠠ︔ ᠨᠦᠬᠦᠴᠡᠯ ᠤᠨ ᠬᠢᠵᠠᠭᠠᠷᠯᠡᠯ ᠠᠴᠠ ᠪᠣᠯᠵᠤ ᠡᠯᠧᠺᠲᠷᠤᠨ ᠰᠢᠷᠪᠢᠭᠰᠡᠨ ᠪᠢᠴᠢᠭ ᠮᠠᠲ᠋ᠧᠷᠢᠶᠠᠯ ᠢ ᠲᠤᠰᠢᠶᠠᠬᠤ ᠶᠢᠨ ᠠᠷᠭ᠎ᠠ ᠦᠭᠡᠢ ᠪᠣᠯ ᠤᠭ ᠵᠦᠢᠯ ᠢᠶᠠᠨ ᠲᠤᠰᠢᠶᠠᠵᠤ ᠪᠤᠯᠤᠨ᠎ᠠ᠃ ᠡᠮᠦᠨᠡᠬᠢ ᠪᠠᠶᠢᠳᠠᠯ ᠳᠤ ᠬᠠᠨᠳᠤᠭᠤᠯᠤᠨ᠂ ᠴᠢᠬᠤᠯᠠᠲᠠᠢ ᠦᠶ᠎ᠡ ᠳᠤ ᠬᠢᠨᠠᠨ ᠪᠠᠶᠢᠴᠠᠭᠠᠭᠴᠢ ᠠᠴᠠ ᠭᠤᠶᠤᠴᠢᠯᠠᠭᠴᠢ ᠶᠢ ᠵᠢᠭᠠᠨ ᠲᠣᠭᠲᠠᠭᠠᠭᠰᠠᠨ ᠬᠤᠭᠤᠴᠠᠭ᠎ᠠ ᠬᠢᠵᠠᠭᠠᠷ ᠤᠨ ᠲᠤᠲᠤᠷ᠎ᠠ ᠤᠭ ᠵᠦᠢᠯ ᠢ ᠲᠤᠰᠢᠶᠠᠯᠭᠠᠬᠤ ᠪᠠᠷ ᠱᠠᠭᠠᠷᠳᠠᠵᠤ ᠪᠤᠯᠤᠨ᠎ᠠ᠃     9.ᠰᠦᠯᠵᠢᠶᠡᠨ ᠳᠤ ᠭᠠᠷᠴᠤ ᠬᠤᠯᠪᠤᠭᠳᠠᠯ ᠪᠦᠬᠦᠢ ᠮᠡᠳᠡᠭᠡ ᠵᠠᠩᠭᠢ ᠶᠢ ᠯᠠᠪᠯᠠᠬᠤ      ᠡᠩ ᠲᠡᠷᠢᠭᠦᠨ ᠳᠤ᠂  ᠦᠨᠳᠦᠰᠦᠨ ᠮᠡᠳᠡᠭᠡ ᠵᠠᠩᠭᠢ᠂ ᠲᠤᠰᠢᠶᠠᠭᠰᠠᠨ ᠵᠦᠢᠯ ᠤᠨ ᠮᠡᠳᠡᠭᠡ ᠵᠠᠩᠭᠢ᠂ ᠮᠡᠳᠡᠭᠳᠡᠯ ᠤᠨ ᠪᠢᠴᠢᠭ ᠤᠨ ᠮᠡᠳᠡᠭᠡ ᠵᠠᠩᠭᠢ ᠵᠡᠷᠭᠡ ᠶᠢ ᠪᠠᠭᠲᠠᠭᠠᠭᠰᠠᠨ ᠲᠤᠰᠢᠶᠠᠭᠰᠠᠨ ᠵᠦᠢᠯ ᠤᠨ ᠪᠠᠶᠢᠳᠠᠯ ᠢ ᠯᠠᠪᠯᠠᠵᠤ ᠪᠣᠯᠣᠨ᠎ᠠ᠃ ᠳᠠᠷᠠᠭᠠᠯᠠᠪᠠᠯ᠂ ᠭᠤᠶᠤᠴᠢᠯᠠᠯ ᠤᠨ ᠨᠣᠮᠧᠷ᠂ ᠡᠭᠦᠳᠦᠨ ᠪᠦᠲᠦᠭᠡᠯᠲᠡ ᠶᠢᠨ ᠨᠡᠷᠡᠶᠢᠳᠦᠯ᠂ ᠮᠡᠳᠡᠭᠳᠡᠯ ᠤᠨ ᠪᠢᠴᠢᠭ ᠤᠨ ᠨᠡᠷᠡᠶᠢᠳᠦᠯ ᠵᠡᠷᠭᠡ ᠶᠢ ᠪᠠᠭᠲᠠᠭᠠᠭᠰᠠᠨ‌ᠡᠯᠧᠺᠲᠷᠤᠨ ᠢᠯᠡᠭᠡᠭᠰᠡᠨ ᠪᠢᠴᠢᠭ ᠮᠠᠲ᠋ᠧᠷᠢᠶᠠᠯ ᠢ ᠯᠠᠪᠯᠠᠵᠤ ᠪᠣᠯᠣᠨ᠎ᠠ
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号