ᠭᠠᠯᠲᠤ ᠲᠡᠷᠭᠡᠨ ᠥᠷᠲᠡᠭᠡ ᠳᠤ 24 ᠴᠠᠭ ᠢᠶᠠᠷ ᠪᠢᠯᠧᠲ ᠬᠤᠳᠠᠯᠳᠤᠨ᠎ᠠ
ᠨᠡᠶᠢᠲᠡᠯᠡᠭᠰᠡᠨ ᠴᠠᠭ᠄
2015/3/17
     ᠴᠠᠭᠠᠨ ᠰᠠᠷ᠎ᠠ ᠶᠢᠨ ᠳᠣᠯᠣᠭᠠᠨ ᠡᠳᠦᠷ ᠤᠨ ᠠᠮᠠᠷᠠᠯᠲᠠ ᠳᠠᠭᠤᠰᠴᠤ᠂ ᠭᠠᠯᠲᠤ ᠲᠡᠷᠭᠡᠨ ᠤ ᠠᠶᠠᠨᠴᠢᠳ ᠤᠨ ᠵᠥᠭᠡᠭᠡᠪᠦᠷᠢ ᠪᠠᠰᠠ ᠨᠢᠭᠡᠨ ᠣᠷᠭᠢᠯ ᠤᠨ ᠴᠠᠭ ᠦᠶ᠎ᠡ ᠬᠦᠷᠴᠦ ᠢᠷᠡᠭᠰᠡᠨ ᠢᠶᠠᠷ᠂ ᠬᠦᠬᠡᠬᠤᠲᠠ ᠶᠢᠨ ᠲᠡᠮᠦᠷ ᠵᠠᠮ ᠤᠨ ᠲᠣᠪᠴᠢᠶ᠎ᠠ ᠶᠢᠨ ᠬᠢᠨ 24 ᠴᠠᠭ ᠢᠶᠠᠷ ᠪᠢᠯᠧᠲ ᠬᠤᠳᠠᠯᠳᠤᠬᠤ ᠳᠦᠷᠢᠮ ᠢ ᠬᠡᠷᠡᠭᠵᠢᠭᠦᠯᠪᠡ᠃      ᠠᠶᠠᠨᠴᠢᠳ ᠲᠤ ᠳᠦᠬᠦᠮ ᠦᠵᠡᠬᠦᠯᠬᠦ ᠶᠢᠨ ᠲᠦᠯᠦᠭᠡ᠂ ᠬᠦᠬᠡᠬᠤᠲᠠ ᠶᠢᠨ ᠲᠡᠮᠦᠷ ᠵᠠᠮ ᠤᠨ ᠲᠣᠪᠴᠢᠶ᠎ᠠ ᠶᠢᠨ ᠬᠢᠨ ᠦᠢᠯᠡᠴᠢᠯᠡᠭᠡᠨ ᠤ ᠴᠣᠩᠬᠤ ᠶᠢᠨ ᠡᠭᠦᠷᠭᠡ ᠴᠢᠳᠠᠪᠬᠢ ᠪᠠᠨ ᠴᠠᠭ ᠳᠠᠷᠤᠢ ᠳᠤᠨᠢ ᠳᠤᠬᠢᠷᠠᠭᠤᠯᠵᠤ ᠂ ᠠᠶᠠᠨᠴᠢᠳ ᠤᠨ ᠮᠦᠷᠯᠡᠬᠦ ᠴᠠᠭ ᠢ ᠴᠢᠳᠠᠬᠤ ᠶᠢᠨ ᠳᠤᠳᠤᠷ᠎ᠠ ᠪᠠᠭᠠᠰᠬᠠᠵᠤ᠂ ᠡᠩ ᠤᠨ ᠪᠢᠯᠧᠲ ᠬᠤᠳᠠᠯᠳᠤᠬᠤ ᠴᠣᠩᠬᠤᠨ ᠤ ᠡᠮᠦᠨ᠎ᠡ ᠮᠦᠷᠯᠡᠬᠦ ᠬᠦᠮᠦᠨ ᠤ 20᠎ ᠠᠴᠠ ᠳᠠᠪᠠᠭᠤᠯᠬᠤ ᠦᠭᠡᠢ ᠠᠴᠠ ᠬᠢᠴᠢᠶᠡᠪᠡ᠃ ᠡᠭᠦᠨ ᠤ ᠬᠠᠮᠲᠤ ᠬᠦᠬᠡᠬᠤᠲᠠ᠂  ᠪᠤᠭᠤᠲᠤ᠂ ᠪᠤᠭᠤᠲᠤ ᠶᠢᠨ ᠵᠡᠭᠦᠨ᠂ ᠵᠢᠨᠢᠩ ᠤᠨ ᠡᠮᠦᠨ᠎ᠡ᠂  ᠯᠢᠨ ᠡᠾᠧ᠂ ᠦᠬᠠᠢ ᠵᠡᠷᠭᠡ 6 ᠭᠠᠯᠲᠤ ᠳᠡᠷᠭᠡᠨ ᠦᠷᠳᠡᠭᠡ ᠳᠤ ᠪᠢᠯᠧᠲ ᠭᠠᠷᠭᠠᠵᠤ ᠠᠪᠬᠤ ᠲᠤᠰᠬᠠᠢ ᠲᠣᠭᠤᠷᠢᠭ ᠭᠠᠷᠭᠠᠵᠤ᠂ ᠪᠢᠯᠧᠲ ᠬᠤᠳᠠᠯᠳᠤᠨ ᠠᠪᠬᠤ ᠪᠠ ᠪᠢᠯᠧᠲ ᠭᠠᠷᠭᠠᠵᠤ ᠠᠪᠬᠤ ᠲᠤᠭᠤᠷᠢᠭ ᠢ ᠰᠠᠯᠭᠠᠪᠠ᠃  ᠪᠠᠰᠠ 24 ᠴᠠᠭ ᠢᠶᠠᠷ ᠪᠢᠯᠧᠲ ᠭᠠᠷᠭᠠᠨ ᠠᠪᠬᠤ᠂ ᠪᠢᠯᠧᠲ ᠰᠤᠯᠢᠬᠤ ᠦᠢᠯᠡᠴᠢᠯᠡᠭᠡᠨ ᠶᠢᠨ ᠴᠤᠩᠬᠤ ᠭᠠᠷᠭᠠᠵᠤ᠂ ᠬᠤᠶᠠᠷ ᠠᠴᠠ ᠳᠡᠭᠡᠭᠰᠢ ᠦᠢᠯᠡᠴᠢᠯᠡᠭᠡᠨ ᠤ ᠴᠤᠩᠬᠤ ᠲᠠᠢ ᠭᠠᠯᠳᠤ ᠲᠡᠷᠭᠡᠨ ᠤ ᠪᠢᠯᠧᠲ ᠢ ᠤᠷᠤᠯᠠᠨ ᠬᠤᠳᠠᠯᠳᠤᠬᠤ ᠭᠠᠵᠠᠷ ᠢᠶᠠᠷ ᠴᠤ ᠪᠢᠯᠧᠲ ᠭᠠᠷᠭᠠᠨ ᠠᠪᠬᠤ᠂ ᠪᠢᠯᠧᠲ ᠰᠤᠯᠢᠬᠤ ᠦᠢᠯᠡᠴᠢᠯᠡᠭᠡ ᠬᠠᠩᠭᠠᠵᠠᠢ᠃ ᠬᠦᠬᠡᠬᠤᠲᠠ᠂ ᠬᠦᠬᠡᠬᠤᠳᠠ ᠶᠢᠨ ᠵᠡᠬᠦᠨ᠂ ᠪᠤᠭᠤᠳᠤ᠂ ᠪᠤᠭᠤᠳᠤ ᠶᠢᠨ ᠵᠡᠬᠦᠨ᠂ ᠵᠢᠨᠢᠩ ᠤᠨ ᠡᠮᠦᠨ᠎ᠡ᠂  ᠯᠢᠨ ᠡᠾᠧ᠂ ᠦᠬᠠᠢ ᠵᠡᠷᠭᠡ 7 ᠭᠠᠯᠲᠤ ᠳᠡᠷᠭᠡᠨ ᠦᠷᠳᠡᠭᠡ ᠎ ᠶᠢᠨ ᠪᠢᠯᠧᠲ ᠬᠤᠳᠠᠯᠳᠤᠬᠤ ᠲᠢᠩᠬᠢᠮ ᠳᠤ ᠰᠤᠷᠤᠭᠴᠢᠳ ᠶᠢᠨ ᠪᠢᠯᠧᠲ ᠬᠤᠳᠠᠯᠳᠤᠨ ᠠᠪᠬᠤ ᠲᠤᠰᠬᠠᠢ ᠴᠤᠩᠬᠤ ᠭᠠᠷᠭᠠᠪᠠ
 
ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号