ᠤᠢᠢᠷ᠎ᠠ ᠳᠤ᠂ ᠪᠤᠭᠤᠲᠤ ᠬᠤᠳᠠ ︽2014 ᠤᠨ ᠤ ᠤᠯᠤᠰ ᠤᠨ ᠡᠨᠧᠷᠬᠢ ᠠᠷᠪᠢᠯᠠᠨ ᠪᠤᠬᠢᠷᠳᠤᠯ ᠢ | ᠪᠠᠭᠠᠰᠬᠠᠬᠤ ᠡᠳ᠋ ᠤᠨ ᠵᠠᠰᠠᠭ ᠤᠨ ᠲᠦᠷᠦ ᠶᠢᠨ ᠪᠤᠳᠤᠯᠭ᠎ᠠ ᠶᠢᠨ ᠶᠡᠷᠦᠩᠬᠡᠶᠢᠯᠡᠭᠰᠡᠨ ᠵᠢᠱᠢᠶ᠎ᠠ ᠦᠵᠡᠬᠦᠯᠬᠦ ᠬᠤᠳᠠ︾ | ᠪᠠᠷ ᠰᠤᠩᠭᠤᠬᠳᠠᠵᠦ᠂ ᠦᠪᠡᠷᠲᠡᠭᠡᠨ ᠵᠠᠰᠠᠬᠤ ᠤᠷᠤᠨ ᠤ ᠴᠤᠷ ᠤᠨ ᠭᠠᠭᠴᠠ ᠰᠤᠩᠭᠤᠬᠳᠠᠭᠰᠠᠨ ᠬᠤᠳᠠ ᠪᠤᠯᠤᠭᠰᠠᠨ | ᠪᠠᠶᠢᠨ᠎ᠠ᠃ | ᠤᠢᠢᠯᠠᠭᠠᠭᠰᠠᠨ ᠢᠶᠠᠷ᠂ ᠨᠢᠳᠤᠨᠤᠨ ᠤ 9 ᠰᠠᠷ᠎ᠠ ᠳᠤ ᠡᠳ᠋ ᠤᠨ ᠵᠠᠰᠠᠭ ᠤᠨ ᠶᠠᠮᠤᠨ᠂ ᠤᠯᠤᠰ ᠤᠨ | ᠬᠦᠭᠵᠢᠬᠦᠯᠦᠯᠳᠡ ᠦᠭᠡᠷᠡᠴᠢᠯᠡᠯᠲᠡ ᠶᠢᠨ ᠵᠦᠪᠯᠡᠯ ᠠᠴᠠ 2014 ᠤᠨ ᠤ ᠤᠯᠤᠰ ᠤᠨ ᠡᠨᠧᠷᠬᠢ ᠠᠷᠪᠢᠯᠠᠨ | ᠪᠤᠬᠢᠷᠳᠤᠯ ᠢ ᠪᠠᠭᠠᠰᠬᠠᠬᠤ ᠡᠳ᠋ ᠤᠨ ᠵᠠᠰᠠᠭ ᠤᠨ ᠲᠦᠷᠦ ᠶᠢᠨ ᠪᠤᠳᠤᠯᠭ᠎ᠠ ᠶᠢᠨ ᠶᠡᠷᠦᠩᠬᠡᠶᠢᠯᠡᠭᠰᠡᠨ ᠵᠢᠱᠢᠶ᠎ᠠ ᠦᠵᠡᠬᠦᠯᠬᠦ | ᠬᠤᠳᠠ ᠶᠢ ᠡᠷᠡᠮᠡᠯᠵᠡᠯᠡᠬᠦ ᠠᠵᠢᠯ ᠢ ᠡᠬᠢᠯᠡᠬᠦᠯᠵᠦ᠂ ᠪᠦᠬᠦ ᠤᠯᠤᠰ ᠤᠨ 30 ᠭᠠᠷᠤᠢ ᠬᠤᠳᠠ ᠡᠷᠡᠮᠡᠯᠵᠡᠯᠡᠨ᠂ | ᠡᠭᠦᠨ ᠳᠤ 16 ᠬᠤᠳᠠ ᠰᠤᠩᠭᠤᠯᠳᠠ ᠶᠢᠨ ᠦᠷᠢᠰᠦᠯᠳᠦᠭᠡᠨ ᠳᠤ ᠤᠷᠤᠯᠴᠠᠵᠦ᠂ ᠬᠠᠮᠤᠭ ᠡᠴᠦᠰ ᠲᠤ 12 ᠬᠤᠳᠠ | ᠰᠤᠩᠭᠤᠬᠳᠠᠭᠰᠠᠨ ᠪᠠᠶᠢᠨ᠎ᠠ᠃ | ᠪᠤᠭᠤᠲᠤ ᠬᠤᠳᠠ 2014 ᠤᠨ ᠤ ᠤᠯᠤᠰ ᠤᠨ ᠡᠨᠧᠷᠬᠢ ᠠᠷᠪᠢᠯᠠᠨ ᠪᠤᠬᠢᠷᠳᠤᠯ ᠢ ᠪᠠᠭᠠᠰᠬᠠᠬᠤ | ᠡᠳ᠋ ᠤᠨ ᠵᠠᠰᠠᠭ ᠤᠨ ᠲᠦᠷᠦ ᠶᠢᠨ ᠪᠤᠳᠤᠯᠭ᠎ᠠ ᠶᠢᠨ ᠶᠡᠷᠦᠩᠬᠡᠶᠢᠯᠡᠭᠰᠡᠨ ᠵᠢᠱᠢᠶ᠎ᠠ ᠦᠵᠡᠬᠦᠯᠬᠦ ᠬᠤᠳᠠ ᠪᠠᠷ | ᠰᠤᠩᠭᠤᠬᠳᠠᠭᠰᠠᠨ ᠨᠢ 2015 ᠤᠨ ᠠᠴᠠ 2017 ᠤᠨ ᠤ ᠬᠤᠭᠤᠷᠤᠨᠳᠦ ᠲᠤᠰ ᠬᠤᠳᠠ ᠤᠯᠤᠰ ᠤᠨ ᠬᠠᠮᠢᠶ᠎ᠠ | ᠪᠦᠬᠦᠢ ᠲᠦᠷᠦ ᠶᠢᠨ ᠪᠤᠳᠤᠯᠭ᠎ᠠ ᠶᠢᠨ ᠪᠡᠯᠡ ᠮᠦᠩᠬᠦ ᠶᠢᠨ ᠲᠡᠮᠵᠢᠯᠭᠡ ᠶᠢ ᠬᠦᠷᠲᠡᠵᠦ᠂ ᠬᠤᠳᠠ ᠶᠢᠨ ᠤᠷᠴᠢᠨ | ᠲᠤᠭᠤᠷᠢᠨ ᠤ ᠬᠠᠮᠠᠭᠠᠯᠠᠯᠳᠠ ᠶᠢᠨ ᠠᠵᠢᠯ ᠳᠤ ᠢᠳᠡᠪᠬᠢᠳᠠᠢ ᠲᠦᠯᠬᠢᠴᠡ ᠦᠢᠯᠡᠳᠦᠯ ᠦᠵᠡᠭᠦᠯᠬᠦ ᠪᠤᠯᠤᠨ᠎ᠠ᠃ | | |