ᠲᠡᠮᠥᠷ ᠵᠠᠮ ᠤᠨ ᠵᠠᠮ ᠬᠠᠷᠢᠯᠴᠠᠭᠠᠨ ᠤ ᠡ᠊ᠨᠳᠡᠯ ᠤᠨ ᠮᠡᠳᠡᠯᠭᠡ ᠠᠴᠠ ᠦᠢᠯᠠᠭᠠᠷᠠᠢ
ᠨᠡᠶᠢᠲᠡᠯᠡᠭᠰᠡᠨ ᠴᠠᠭ᠄
2015/3/2
     ᠲᠤᠰ ᠡ᠊ᠨᠳᠡᠯ ᠪᠤᠯ ᠲᠡᠮᠥᠷ ᠵᠠᠮ ᠤᠨ ᠪᠤᠬ᠎ᠠ ᠲᠡᠷᠭᠡᠨ ᠴᠤᠪᠤᠭ᠎ᠠ ᠠᠶᠠᠯᠠᠬᠤ ᠲᠤᠮᠳᠠ ᠪᠠᠨ ᠬᠥᠮᠥᠨ ᠬᠠᠷ᠎ᠠ᠂  ᠮᠠᠰᠢᠨᠳᠤ ᠲᠡᠷᠭᠡ᠂ ᠮᠠᠰᠢᠨᠳᠤ ᠪᠤᠰᠤ ᠲᠡᠷᠭᠡ᠂ ᠮᠠᠯ ᠤᠨᠤᠭ᠎ᠠ ᠵᠢᠴᠢ ᠪᠤᠰᠤᠳ ᠬᠠᠷᠰᠢᠯᠠᠯ ᠶᠠᠭᠤᠮ᠎ᠠ ᠎ ᠯᠤᠭ᠎ᠠ ᠮᠥᠷᠬᠦᠯᠳᠥᠬᠦ  ᠪᠤᠶᠤ ᠭᠠᠯ ᠲᠡᠷᠭᠡ ᠬᠠᠷᠢᠯᠴᠠᠨ ᠮᠥᠷᠬᠦᠯᠳᠥᠭᠰᠡᠨ᠂ ᠵᠠᠮ ᠠᠴᠠ ᠭᠠᠷᠤᠭᠰᠠᠨ᠂ ᠭᠠᠯ ᠤᠨ ᠠᠶᠤᠯ ᠡᠬᠦᠰᠥᠭᠰᠡᠨ᠂  ᠲᠡᠯᠪᠡᠷᠡᠭᠰᠡᠨ ᠵᠡᠷᠭᠡ ᠲᠡᠮᠥᠷ ᠵᠠᠮ ᠤᠨ ᠶᠡᠷᠥ ᠶᠢᠨ ᠠᠶᠠᠯᠠᠯ ᠢ ᠨᠥᠯᠥᠭᠡᠯᠡᠬᠦ ᠡ᠊ᠨᠳᠡᠯ ᠢ ᠵᠢᠭᠠᠵᠤ ᠪᠤᠢ᠃              ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ                ● ᠠᠶᠤᠯᠳᠠᠢ ᠪᠠᠷᠠᠭ᠎ᠠ ᠲᠠᠸᠠᠷ ᠵᠥᠭᠡᠭᠡᠪᠥᠷᠢᠯᠡᠵᠤ ᠪᠠᠶᠢᠭ᠎ᠠ ᠭᠠᠯᠳᠤ ᠲᠡᠷᠭᠡ ᠨᠢ ᠨᠡᠪᠴᠢᠵᠤ ᠭᠤᠭᠤᠵᠢᠭᠰᠠᠨ᠂  ᠭᠠᠯ ᠭᠠᠷᠤᠭᠰᠠᠨ᠂ ᠲᠡᠯᠪᠡᠷᠡᠭᠰᠡᠨ ᠥᠶᠡᠰ᠂ ᠲᠡᠷᠦ᠋ᠢᠬᠠᠨ ᠲᠡᠮᠥᠷ ᠵᠠᠮ ᠤᠨ ᠰᠠᠯᠠᠭ᠎ᠠ ᠮᠥᠴᠢᠷ ᠎ ᠲᠤ ᠮᠡᠳᠡᠬᠦᠯᠬᠦ ᠪᠤᠶᠤ  110᠎ ᠳᠤ ᠤᠳᠠᠰᠤᠳᠠᠨ ᠴᠠᠭᠳᠠᠭ᠎ᠠ ᠳᠤ ᠮᠡᠳᠡᠬᠦᠯᠬᠦ ᠶᠢᠨ ᠲᠠᠭᠠᠤ ᠰᠠᠯᠬᠢ ᠥᠭᠡᠳᠡ ᠵᠥᠭ ᠪᠤᠶᠤ ᠲᠤᠬᠠᠢ ᠶᠢᠨ ᠲᠠᠯᠠᠪᠤᠷ  ᠎ ᠤᠨ ᠬᠠᠮᠢᠶ᠎ᠠ ᠪᠥᠬᠦᠢ ᠰᠠᠯᠠᠭ᠎ᠠ ᠮᠥᠴᠢᠷ ᠤᠨ ᠵᠢᠯᠤᠭᠤᠳᠤᠯᠭ᠎ᠠ ᠲᠤᠤᠷ᠎ᠠ ᠠᠮᠤᠷ ᠲᠥᠪᠰᠢᠨ ᠭᠠᠵᠠᠷ ᠲᠤ  ᠰᠢᠯᠵᠢᠭᠦᠯᠦᠨ᠎ᠠ᠃                ● ᠴᠠᠬᠢᠯᠭᠠᠨᠴᠢᠯᠠᠭᠰᠠᠨ ᠤᠷᠤᠨ ᠭᠡᠰᠡᠭ ᠤᠨ ᠴᠠᠬᠢᠯᠭᠠᠨ ᠲᠤᠤᠷ᠎ᠠ ᠰᠥᠯᠵᠢᠶ᠎ᠠ ᠨᠤᠷᠠᠭᠰᠠᠨ᠂ ᠵᠠᠮᠴᠢ ᠱᠤᠭᠤᠮ  ᠭᠠᠵᠠᠷ ᠤᠨᠠᠭᠰᠠᠨ᠂ ᠴᠠᠬᠢᠯᠭᠠᠨ ᠪᠠᠭᠠᠨ᠎ᠠ ᠮᠠᠶᠢᠵᠢᠭᠰᠠᠨ ᠵᠡᠷᠭᠡ ᠪᠠᠶᠢᠳᠠᠯ ᠢ ᠤᠯᠵᠤ ᠮᠡᠳᠡᠪᠡᠯ᠂ ᠲᠡᠷᠦ᠋ᠢᠬᠠᠨ ᠲᠡᠮᠥᠷ ᠵᠠᠮ  ᠎ ᠤᠨ ᠰᠠᠯᠠᠭ᠎ᠠ ᠮᠥᠴᠢᠷ ᠲᠤ ᠮᠡᠳᠡᠬᠦᠯᠬᠦ ᠪᠤᠶᠤ 110᠎ ᠳᠤ ᠤᠳᠠᠰᠤᠳᠠᠨ ᠴᠠᠭᠳᠠᠭ᠎ᠠ ᠳᠤ ᠮᠡᠳᠡᠭᠦᠯᠦᠨ᠎ᠡ᠃              ● ᠲᠡᠮᠥᠷ ᠵᠠᠮ ᠤᠨ ᠰᠤᠯᠢᠪᠴᠠᠭ᠎ᠠ ᠬᠥᠬᠦᠷᠭᠡ ᠪᠤᠶᠤ ᠥᠨᠳᠥᠷ ᠲᠠᠷᠤᠯᠳᠠᠳᠤ ᠴᠠᠬᠢᠯᠭᠠᠨ ᠤᠳᠠᠰᠤ ᠨᠤᠷᠠᠭᠰᠠᠨ᠂  ᠤᠨᠠᠭᠰᠠᠨ᠂ ᠲᠡᠮᠥᠷ ᠵᠠᠮ ᠤᠨ ᠬᠥᠬᠦᠷᠭᠡ ᠪᠤᠶᠤ ᠵᠠᠮ ᠱᠤᠭᠤᠮ ᠤᠰᠤᠨ ᠳᠤ ᠠᠪᠳᠠᠨ ᠰᠡᠳᠡᠷᠡᠭᠰᠡᠨ᠂ ᠲᠡᠷᠭᠡ ᠬᠥᠰᠭᠡ  ᠬᠥᠬᠦᠷᠭᠡᠨ ᠲᠡᠭᠡᠷ᠎ᠡ ᠠᠴᠠ ᠤᠨᠠᠭᠰᠠᠨ ᠵᠡᠷᠭᠡ ᠪᠠᠶᠢᠳᠠᠯ ᠢ ᠤᠯᠵᠤ ᠮᠡᠳᠡᠪᠡᠯ᠂ ᠲᠡᠷᠦ᠋ᠢᠬᠠᠨ ᠲᠡᠮᠥᠷ ᠵᠠᠮ ᠤᠨ ᠰᠠᠯᠠᠭ᠎ᠠ  ᠮᠥᠴᠢᠷ ᠲᠤ ᠮᠡᠳᠡᠬᠦᠯᠬᠦ ᠪᠤᠶᠤ 110᠎ ᠳᠤ ᠤᠳᠠᠰᠤᠳᠠᠨ ᠴᠠᠭᠳᠠᠭ᠎ᠠ ᠳᠤ ᠮᠡᠳᠡᠬᠦᠯᠬᠦ ᠭᠡᠷᠡᠭᠳᠡᠢ᠃              ● ᠮᠠᠰᠢᠨᠳᠤ ᠲᠡᠷᠭᠡ ᠵᠠᠮ ᠤᠨ ᠠᠭᠤᠯᠵᠠᠷ ᠲᠤ ᠭᠠᠯ ᠨᠢ ᠤᠨᠳᠠᠷᠠᠭᠰᠠᠨ᠂ ᠲᠡᠩᠭᠡᠯᠢᠭ ᠨᠢ ᠬᠤᠭᠤᠷᠠᠭᠰᠠᠨ᠂  ᠠᠴᠢᠶᠠᠯᠠᠭᠰᠠᠨ ᠪᠠᠷᠠᠭ᠎ᠠ ᠲᠡᠭᠡᠰᠢ ᠨᠢ ᠤᠨᠠᠭᠰᠠᠨ ᠪᠤᠯ ᠲᠡᠷᠦ᠋ᠢᠬᠠᠨ ᠲᠡᠮᠥᠷ ᠵᠠᠮ ᠤᠨ ᠵᠠᠮ ᠤᠨ ᠠᠭᠤᠯᠵᠠᠷ ᠤᠨ ᠵᠢᠵᠢᠬᠦᠷ  ᠎ ᠤᠨ ᠬᠥᠮᠥᠰ ᠲᠤ ᠮᠡᠳᠡᠬᠦᠯᠵᠤ᠂ ᠲᠡᠮᠥᠷ ᠵᠠᠮ ᠤᠨ ᠵᠠᠮ ᠤᠨ ᠠᠭᠤᠯᠵᠠᠷ ᠤᠨ ᠵᠢᠵᠢᠬᠦᠷᠯᠡᠭᠴᠢ ᠠᠴᠠ ᠰᠡᠷᠭᠡᠶᠢᠯᠡᠨ  ᠬᠠᠮᠠᠭᠠᠯᠠᠬᠤ ᠪᠤᠶᠤ ᠭᠠᠯ ᠲᠡᠷᠭᠡ ᠶᠢ ᠬᠤᠷᠢᠭᠯᠠᠨ ᠵᠤᠭᠰᠤᠭᠠᠭᠰᠠᠨ ᠤ ᠰᠡᠬᠦᠯᠡᠷ ᠰᠠᠶ᠋ᠢ ᠠᠪᠤᠷᠠᠨ ᠲᠤᠰᠠᠯᠠᠬᠤ ᠭᠡᠷᠡᠭᠳᠡᠢ᠃              ● ᠲᠤᠬᠠᠢ ᠶᠢᠨ ᠲᠠᠯᠠᠪᠤᠷ ᠤᠨ ᠬᠥᠮᠥᠰ ᠥᠪᠡᠷ ᠢᠶᠠᠨ ᠠᠪᠤᠷᠠᠬᠤ ᠬᠠᠷᠢᠯᠴᠠᠨ ᠠᠪᠤᠷᠠᠬᠤ ᠪᠤᠶᠤ ᠤᠷᠢᠳᠠᠪᠡᠷ  ᠪᠠᠴᠢᠮ ᠪᠠᠶᠢᠳᠠᠯ ᠢ ᠠᠷᠭᠠᠴᠠᠭᠠᠨ ᠰᠢᠢᠳᠪᠥᠷᠢᠯᠡᠬᠦ ᠠᠵᠢᠯᠯᠠᠭ᠎ᠠ ᠶᠢ ᠢᠳᠡᠪᠬᠢᠳᠡᠢ ᠥᠷᠨᠢᠬᠦᠯᠬᠦ ᠭᠡᠷᠡᠭᠳᠡᠢ᠃               ᠲᠤᠰᠬᠠᠢ ᠮᠡᠷᠭᠡᠵᠢᠯᠳᠡᠨ ᠤ ᠰᠠᠨᠠᠭᠤᠯᠤᠮᠵᠢ                ◇ ᠶᠠᠪᠠᠭᠠᠨ ᠬᠥᠮᠥᠰ ᠲᠤᠷ᠎ᠠ ᠪᠠᠷ ᠢᠶᠠᠨ ᠲᠡᠮᠥᠷ ᠵᠠᠮ ᠢ ᠤᠭᠳᠤᠯᠤᠨ ᠭᠠᠷᠬᠤ ᠪᠠ ᠬᠠᠮᠠᠭᠠᠯᠠᠯᠳᠠ ᠶᠢᠨ  ᠭᠡᠷᠡᠭᠰᠡᠭᠡ ᠶᠢ ᠲᠠᠪᠠᠵᠤ ᠪᠤᠯᠬᠤ ᠥᠭᠡᠢ᠂ ᠲᠡᠮᠥᠷ ᠵᠠᠮ ᠲᠡᠭᠡᠷ᠎ᠡ ᠪᠤᠶᠤ ᠲᠡᠮᠥᠷ ᠵᠠᠮ ᠤᠨ ᠬᠥᠬᠦᠷᠭᠡ ᠶᠢᠨ ᠬᠤᠶᠠᠷ ᠬᠠᠵᠠᠭᠤ  ᠎ ᠪᠠᠷ ᠶᠠᠪᠤᠵᠤ ᠰᠠᠭᠤᠬᠤ ᠪᠠ ᠰᠡᠯᠡᠬᠦᠴᠡᠨ ᠠᠮᠠᠷᠠᠵᠤ ᠪᠤᠯᠬᠤ ᠥᠭᠡᠢ᠃ ᠥᠷᠳᠡᠭᠡᠨ ᠳᠤ ᠵᠤᠭᠰᠤᠭᠰᠠᠨ ᠭᠠᠯ ᠲᠡᠷᠭᠡ ᠶᠢᠨ  ᠲᠤᠭᠤᠤᠷ ᠲᠤᠷ᠎ᠠ ᠪᠠᠷ ᠢᠶᠠᠨ ᠮᠥᠯᠬᠦᠨ ᠭᠠᠷᠴᠤ ᠪᠤᠯᠬᠤ ᠥᠭᠡᠢ᠃ ᠰᠤᠯᠢᠪᠴᠠᠭ᠎ᠠ ᠬᠥᠬᠦᠷᠭᠡᠨ ᠲᠡᠭᠡᠷ᠎ᠡ ᠠᠴᠠ ᠲᠡᠮᠥᠷ ᠵᠠᠮ  ᠥᠭᠡᠳᠡ ᠡᠯᠳᠡᠪ ᠶᠠᠭᠤᠮ᠎ᠠ ᠰᠢᠳᠡᠬᠦ ᠶᠢ ᠴᠠᠭᠠᠵᠠᠯᠠᠨ᠎ᠠ᠃              ◇ ᠮᠠᠰᠢᠨᠳᠤ ᠲᠡᠷᠭᠡ ᠲᠡᠮᠥᠷ ᠵᠠᠮ ᠤᠨ ᠠᠭᠤᠯᠵᠠᠷ ᠵᠠᠮ ᠢᠶᠠᠷ ᠥᠡᠭᠭᠡᠷᠡᠬᠦ ᠳᠡᠭᠡᠨ ᠨᠢᠭᠡ ᠳᠤ ᠵᠤᠭᠰᠤᠵᠤ᠂  ᠬᠤᠶᠠᠷ ᠲᠤ ᠬᠠᠷᠠᠵᠤ᠂ ᠭᠤᠷᠪᠠ ᠳᠤ ᠥᠡᠭᠭᠡᠷᠡᠬᠦ  ᠵᠠᠷᠴᠢᠮ  ᠢ ᠪᠠᠷᠢᠮᠳᠠᠯᠠᠨ᠎ᠠ  ᠃
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号