ᠴᠠᠬᠢᠯᠭᠠᠨ ᠱᠠᠳᠤ ᠶᠢᠨ ᠡ᠊ᠨᠳᠡᠯ ᠢ ᠦᠢᠯᠡᠭᠠᠵᠤ ᠮᠡᠳᠡᠭᠡᠷᠡᠢ
ᠨᠡᠶᠢᠲᠡᠯᠡᠭᠰᠡᠨ ᠴᠠᠭ᠄
2015/3/2
     ᠴᠠᠬᠢᠯᠭᠠᠨ ᠱᠠᠳᠤ ᠪᠤᠯ ᠥᠨᠳᠥᠷ ᠲᠠᠪᠬᠤᠷᠭᠠᠳᠤ ᠪᠠᠷᠢᠯᠭ᠎ᠠ ᠶᠢᠨ ᠴᠢᠬᠤᠯᠠ ᠠᠴᠢᠶᠠᠯᠠᠪᠤᠷᠢ ᠶᠢᠨ ᠪᠠᠭᠠᠵᠢ ᠮᠥᠨ᠂  ᠭᠡᠷᠪᠡ ᠡ᠊ᠨᠳᠡᠯ ᠡᠬᠦᠰᠬᠦ ᠳᠤ ᠬᠥᠷᠪᠡᠯ᠂ ᠬᠥᠮᠥᠨ ᠬᠤᠷᠢᠭᠳᠠᠬᠤ᠂ ᠤᠨᠠᠵᠤ ᠤᠢᠢᠴᠢᠬᠤ ᠲᠤᠯᠠ ᠬᠥᠮᠥᠰ ᠠᠶᠤᠯᠭᠠᠨ  ᠰᠠᠨᠳᠤᠷᠬᠤ᠂ ᠴᠢᠨᠠᠭᠰᠢᠯᠠᠪᠠᠯ ᠠᠶᠤᠯᠳᠠᠢ ᠡ᠊ᠨᠳᠡᠯ ᠭᠠᠷᠬᠤ ᠪᠤᠯᠤᠨ᠎ᠠ᠃               ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ              ● ᠴᠠᠬᠢᠯᠭᠠᠨ ᠱᠠᠳᠤ ᠶᠢᠨ ᠬᠤᠷᠳᠤᠴᠠ ᠨᠢ ᠭᠡᠪ ᠤᠨ ᠪᠤᠰᠤ ᠪᠠᠶᠢᠪᠠᠯ᠂ ᠪᠡᠶ᠎ᠡ ᠪᠠᠨ ᠪᠥᠬᠦ᠋ᠢᠨ ᠬᠤᠶᠠᠷ ᠬᠥᠯ  ᠎ ᠢᠶᠠᠨ ᠲᠡᠬᠭᠴᠡᠬᠦᠷᠢ ᠲᠠᠢ ᠪᠠᠶᠢᠯᠭᠠᠬᠤ᠂ ᠭᠠᠷᠴᠤ ᠮᠡᠳᠡᠬᠦ ᠶᠢ ᠠᠷᠭᠠᠴᠠᠬᠤ ᠭᠡᠷᠡᠭᠳᠡᠢ᠃              ● ᠭᠡᠷᠪᠡ ᠴᠠᠬᠢᠯᠭᠠᠨ ᠱᠠᠳᠤᠨ ᠲᠤᠳᠤᠷ᠎ᠠ ᠬᠤᠷᠢᠭᠳᠠᠪᠠᠯ᠂ ᠲᠡᠷᠡ ᠲᠤᠤᠷ᠎ᠠ ᠨᠢ ᠴᠠᠬᠢᠯᠭᠠᠨ ᠱᠠᠳᠤᠨ ᠲᠤᠳᠤᠷᠠᠬᠢ  ᠰᠡᠷᠡᠮᠵᠢ ᠶᠢᠨ ᠬᠤᠨᠭ᠍ᠬᠤ᠂ ᠶᠠᠷᠢᠯᠴᠠᠬᠤ ᠮᠠᠰᠢᠨ ᠪᠠ ᠳ᠋ᠢᠶᠠᠩᠬᠤᠸᠠ ᠪᠠᠷ ᠬᠠᠮᠢᠶᠠᠷᠬᠤ ᠬᠥᠮᠥᠨ ᠲᠠᠢ ᠬᠠᠷᠢᠯᠴᠠᠵᠤ᠂ ᠭᠠᠳᠠᠨ᠎ᠠ  ᠎ ᠠᠴᠠ ᠠᠪᠤᠷᠠᠨ ᠲᠤᠰᠠᠯᠠᠬᠤ ᠶᠢ ᠬᠥᠯᠢᠶᠡᠬᠦ ᠭᠡᠷᠡᠭᠳᠡᠢ᠃ ᠭᠡᠷᠪᠡ ᠰᠡᠷᠡᠮᠵᠢ ᠶᠢᠨ ᠬᠤᠨᠭ᠍ᠬᠤ ᠎ ᠨᠢ ᠲᠤᠰᠠ ᠥᠭᠡᠢ ᠪᠤᠯ ᠶᠡᠭᠡ  ᠲᠠᠭᠤᠨ ᠢᠶᠠᠷ ᠬᠠᠰᠬᠢᠷᠬᠤ ᠪᠤᠶᠤ ᠴᠠᠬᠢᠯᠭᠠᠨ ᠱᠠᠳᠤᠨ ᠤ ᠡᠬᠦᠳᠡ ᠶᠢ ᠵᠠᠪᠰᠠᠷᠯᠠᠭᠤᠯᠤᠨ ᠠᠯᠠᠭᠠᠳᠠᠬᠤ ᠭᠡᠷᠡᠭᠳᠡᠢ᠃              ● ᠴᠠᠬᠢᠯᠭᠠᠨ ᠱᠠᠳᠤ ᠵᠤᠭᠰᠤᠬᠤ ᠥᠶᠡᠰ᠂ ᠴᠠᠬᠢᠯᠭᠠᠨ ᠱᠠᠳᠤ ᠭᠡᠨᠡᠳᠳᠡ ᠬᠥᠳᠡᠯᠬᠦ ᠶᠢ ᠰᠡᠷᠭᠡᠶᠢᠯᠡᠬᠦ ᠎ ᠶᠢᠨ  ᠲᠥᠯᠥᠭᠡ᠂ ᠪᠤᠯᠬᠤ ᠶᠢᠨ ᠲᠤᠳᠤᠷ᠎ᠠ ᠡᠬᠦᠳᠡ ᠶᠢ ᠨᠢ ᠨᠡᠭᠡᠭᠡᠨ ᠮᠥᠯᠬᠦᠵᠤ ᠭᠠᠷᠴᠤ ᠪᠤᠯᠬᠤ᠃              ● ᠴᠠᠬᠢᠯᠭᠠᠨ ᠱᠠᠳᠤ ᠠᠵᠢᠯᠯᠠᠭᠠᠨ ᠳᠠᠭᠠᠨ ᠪᠠᠶᠢᠬᠤ ᠳᠤᠨᠢ ᠤᠰᠤ ᠤᠷᠤᠪᠠᠯ ᠴᠠᠬᠢᠯᠭᠠᠨ ᠱᠠᠳᠤ ᠶᠢ ᠬᠠᠮᠤᠭ  ᠲᠡᠭᠡᠷ᠎ᠡ ᠲᠠᠪᠬᠤᠷᠭ᠎ᠠ ᠳᠤ ᠬᠥᠷᠬᠡᠬᠦ ᠶᠢᠨ ᠬᠠᠮᠳᠤ ᠰᠡᠯᠪᠢᠨ ᠵᠠᠰᠠᠬᠤ ᠠᠵᠢᠯᠳᠠᠨ ᠳᠤ  ᠮᠡᠳᠡᠭᠦᠯᠦᠨ᠎ᠡ᠃              ● ᠭᠡᠷᠪᠡ ᠠᠵᠢᠯᠯᠠᠭᠠᠨ ᠳᠠᠭᠠᠨ ᠪᠠᠶᠢᠭ᠎ᠠ ᠴᠠᠬᠢᠯᠭᠠᠨ ᠱᠠᠳᠤ ᠭᠠᠯ ᠨᠤᠴᠠᠪᠠᠯ᠂ ᠴᠠᠬᠢᠯᠭᠠᠨ ᠱᠠᠳᠤ ᠶᠢ ᠤᠢᠢᠷ᠎ᠠ  ᠪᠠᠶᠢᠭ᠎ᠠ ᠲᠠᠪᠬᠤᠷᠭ᠎ᠠ ᠳᠤ ᠵᠤᠭᠰᠤᠭᠠᠬᠤ ᠶᠢᠨ ᠬᠠᠮᠳᠤ᠂ ᠠᠰᠠᠷ ᠤᠨ ᠱᠠᠳᠤ ᠪᠠᠷ ᠬᠤᠷᠳᠤᠨ ᠲᠤᠳᠠᠭᠠᠨ ᠵᠠᠶᠢᠯᠠᠬᠤ  ᠎ ᠨᠢ  ᠴᠢᠬᠤᠯᠨ᠃             ᠲᠤᠰᠬᠠᠢ ᠮᠡᠷᠭᠡᠵᠢᠯᠳᠡᠨ ᠤ ᠰᠠᠨᠠᠭᠤᠯᠤᠮᠵᠢ᠄              ◆ ᠴᠠᠬᠢᠯᠭᠠᠨ ᠱᠠᠳᠤᠨ ᠳᠤ ᠬᠥᠮᠥᠨ ᠬᠤᠷᠢᠭᠳᠠᠬᠤ ᠥᠵᠡᠭᠳᠡᠯ ᠨᠢ ᠨᠢᠭᠡ ᠵᠥᠢᠯ ᠤᠨ ᠬᠠᠮᠠᠭᠠᠯᠠᠯᠳᠠ ᠎ ᠶᠢᠨ  ᠪᠠᠶᠢᠳᠠᠯ ᠪᠤᠯᠤᠨ᠎ᠠ᠂ ᠬᠠᠷᠢᠨ ᠠᠶᠤᠯᠳᠠᠢ ᠪᠠᠶᠢᠳᠠᠯ ᠪᠢᠰᠢ᠂ ᠡᠶᠢᠮᠥ ᠠᠴᠠ ᠠᠶᠤᠵᠤ ᠰᠠᠨᠳᠤᠷᠬᠤ ᠭᠡᠷᠡᠭ ᠥᠭᠡᠢ      ◆ ᠭᠠᠵᠠᠷ ᠬᠥᠳᠡᠯᠥᠯᠳᠡ᠂ ᠭᠠᠯ ᠤᠨ ᠭᠠᠮᠰᠢᠭ᠂ ᠴᠠᠬᠢᠯᠭᠠᠨ ᠱᠠᠳᠤᠨ ᠳᠤ ᠤᠰᠤ ᠤᠷᠤᠬᠤ ᠵᠡᠷᠭᠡ ᠪᠠᠴᠢᠮ  ᠪᠠᠶᠢᠳᠠᠯ ᠳᠤ᠂ ᠴᠠᠬᠢᠯᠭᠠᠨ ᠱᠠᠳᠤ ᠭᠡᠷᠡᠭᠯᠡᠬᠦ ᠶᠢ ᠡᠷᠡᠰ ᠴᠠᠭᠠᠵᠠᠯᠠᠵᠤ᠂ ᠭᠠᠯ ᠤᠨᠳᠠᠷᠠᠭᠠᠬᠤ ᠨᠡᠪᠳᠡᠷᠡᠯᠭᠡ ᠎ ᠶᠢᠨ ᠵᠠᠮ ᠪᠤᠶᠤ  ᠠᠰᠠᠷ ᠤᠨ ᠱᠠᠳᠤ ᠪᠠᠷ ᠶᠠᠪᠤᠬᠤ ᠭᠡᠷᠡᠭᠳᠡᠢ᠃
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号