ᠦᠨᠳᠤᠷ  ᠠᠰᠠᠷ  ᠲᠠᠭᠳᠤ ᠎ ᠶᠢᠨ  ᠭᠠᠯ ᠎ ᠤᠨ  ᠠᠶᠤᠯ  ᠎ ᠤᠨ ᠲᠤᠬᠠᠢ ᠮᠡᠳᠡᠯᠭᠡ  ᠶᠢ ᠡᠵᠡᠮᠰᠢᠭᠡᠷᠡᠢ
ᠨᠡᠶᠢᠲᠡᠯᠡᠭᠰᠡᠨ ᠴᠠᠭ᠄
2015/3/2
     ᠥᠨᠳᠥᠷ ᠠᠰᠠᠷ ᠲᠠᠭᠳᠤ ᠶᠢᠨ ᠭᠠᠯ ᠤᠨ ᠠᠶᠤᠯ ᠭᠡᠳᠡᠭ ᠪᠤᠯ 10 ᠲᠠᠪᠬᠤᠷ ᠪᠠ 10 ᠲᠠᠪᠬᠤᠷ ᠠᠴᠠ  ᠲᠡᠭᠡᠭᠰᠢᠬᠢ ᠤᠷᠤᠨ ᠰᠠᠭᠤᠴᠠ ᠶᠢᠨ ᠪᠠᠷᠢᠯᠭ᠎ᠠ ᠪᠤᠶᠤ ᠪᠠᠷᠢᠯᠭ᠎ᠠ ᠶᠢᠨ ᠥᠨᠳᠥᠷᠴᠡ ᠨᠢ 24 ᠮᠧᠲᠷ ᠠᠴᠠ ᠲᠠᠪᠠᠭᠰᠠᠨ  ᠤᠯᠠᠨ ᠨᠡᠶᠢᠳᠡ ᠶᠢᠨ ᠪᠠᠷᠢᠯᠭ᠎ᠠ ᠳᠤ ᠡᠬᠦᠰᠥᠭᠰᠡᠨ ᠭᠠᠯ ᠤᠨ ᠠᠶᠤᠯ ᠢ ᠵᠢᠭᠠᠵᠤ ᠪᠤᠢ᠃ ᠥᠨᠳᠥᠷ ᠪᠠᠷᠢᠯᠭ᠎ᠠ ᠶᠢᠨ  ᠤᠨᠴᠠᠯᠢᠬ ᠪᠤᠯ ᠭᠤᠤᠯ ᠨᠢ ᠪᠠᠷᠢᠯᠭ᠎ᠠ ᠶᠢᠨ ᠪᠥᠳᠥᠴᠡ᠂ ᠴᠢᠳᠠᠪᠬᠢ ᠨᠢ ᠪᠤᠳᠤᠯᠢᠶᠠᠨ ᠲᠠᠢ᠂ ᠬᠥᠮᠥᠨ ᠠᠷᠠᠳ  ᠲᠥᠪᠯᠡᠷᠡᠭᠰᠡᠨ᠂ ᠰᠢᠳᠠᠮᠠᠬᠠᠢ ᠡᠳ᠋ ᠠᠷᠪᠢᠨ ᠪᠠ ᠭᠠᠯ ᠤᠨ ᠠᠶᠤᠯ ᠤᠨ ᠪᠠᠭᠳᠠᠭᠠᠮᠵᠢ ᠲᠤᠮᠤ ᠪᠠᠶᠢᠳᠠᠭ᠃ ᠭᠠᠯ ᠭᠠᠷᠬᠤ ᠳᠤ  ᠬᠥᠷᠪᠡᠯ᠂ ᠪᠤᠰᠤᠭ᠎ᠠ ᠭᠠᠯ ᠤᠨ ᠠᠶᠤᠯ ᠡᠬᠦᠰᠬᠦ ᠪᠥᠭᠡᠳ ᠲᠠᠷᠬᠠᠭᠠᠵᠤ ᠵᠠᠶᠢᠯᠠᠭᠤᠯᠬᠤ ᠳᠤ ᠬᠥᠴᠢᠷ ᠲᠠᠢ ᠠᠴᠠ ᠪᠤᠯᠤᠭᠠᠳ  ᠬᠥᠮᠥᠨ ᠠᠮᠢᠳᠠᠨ ᠥᠬᠦᠵᠤ ᠰᠢᠷᠬᠠᠳᠤᠳᠠᠭ᠃              ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ                ● ᠡᠩ ᠲᠡᠷᠢᠬᠦᠨ ᠳᠤ ᠥᠷᠥᠭᠡᠨ ᠠᠴᠠ ᠪᠠᠨ ᠵᠠᠶᠢᠯᠠᠬᠤ ᠭᠡᠷᠡᠭᠳᠡᠢ᠃ ᠥᠷᠥᠭᠡᠨ ᠤ ᠡᠬᠦᠳᠡ ᠪᠠᠨ ᠨᠡᠭᠡᠭᠡᠬᠦ  ᠎ ᠳᠡᠭᠡᠨ᠂ ᠤᠷᠢᠳᠠᠪᠡᠷ ᠬᠠᠭᠠᠯᠭᠠᠨ ᠳᠠᠭᠠᠨ ᠭᠠᠷ ᠢᠶᠠᠨ ᠨᠠᠭᠠᠯᠳᠤᠭᠤᠯᠤᠨ ᠬᠠᠯᠠᠭᠤᠨ ᠪᠠᠶᠢᠬᠤ ᠡᠰᠡᠬᠦ ᠶᠢ ᠥᠵᠡᠬᠦ ᠭᠡᠷᠡᠭᠳᠡᠢ᠃  ᠭᠡᠷᠪᠡ ᠬᠠᠭᠠᠯᠭ᠎ᠠ ᠨᠢᠭᠡᠨᠳᠡ ᠬᠠᠯᠠᠭᠰᠠᠨ ᠪᠠᠶᠢᠪᠠᠯ ᠡᠬᠦᠳᠡ ᠪᠠᠨ ᠨᠡᠭᠡᠭᠡᠵᠤ ᠪᠤᠯᠬᠤ ᠥᠭᠡᠢ᠂ ᠭᠡᠷᠪᠡ ᠨᠡᠭᠡᠭᠡᠬᠦ ᠳᠤ ᠬᠥᠷᠪᠡᠯ  ᠭᠠᠯ ᠤᠳᠤᠭ᠎ᠠ ᠥᠷᠥᠭᠡᠨ ᠳᠤ ᠪᠤᠷᠬᠢᠯᠤᠨ ᠤᠷᠤᠵᠤ ᠢᠷᠡᠬᠦ ᠪᠤᠯᠤᠨ᠎ᠠ᠃ ᠭᠡᠷᠪᠡ ᠬᠠᠭᠠᠯᠭ᠎ᠠ ᠬᠠᠯᠠᠭᠰᠠᠨ ᠥᠭᠡᠢ ᠪᠠᠶᠢᠪᠠᠯ  ᠭᠠᠯ ᠤᠨ ᠢᠳᠡ ᠪᠠᠭ᠎ᠠ ᠪᠠᠶᠢᠬᠤ ᠲᠤᠯᠠ ᠲᠠᠷᠦ᠋ᠢᠬᠠᠨ ᠡᠬᠦᠳᠡ ᠪᠠᠨ ᠨᠡᠭᠡᠭᠡᠨ ᠵᠠᠶᠢᠯᠠᠬᠤ ᠶᠢᠨ ᠲᠠᠭᠠᠤ ᠡᠬᠦᠳᠡ ᠪᠠᠨ ᠴᠢᠩᠭ᠎ᠠ   ᠬᠠᠭᠠᠵᠤ ᠪᠠᠶᠢᠬᠤ ᠨᠢ ᠲᠠᠭᠠᠷᠠᠨ᠎ᠠ᠃              ● ᠭᠠᠵᠠᠷ ᠡᠯᠢᠭᠡᠳᠡᠨ ᠮᠥᠯᠬᠦᠬᠦ ᠭᠡᠷᠡᠭᠳᠡᠢ᠃ ᠤᠳᠤᠭ᠎ᠠ ᠤᠨᠢᠶᠠᠷ ᠲᠤ ᠬᠤᠤᠷᠳᠠᠭᠳᠠᠬᠤ ᠪᠠ ᠪᠥᠳᠡᠬᠦ ᠎ ᠠᠴᠠ  ᠰᠡᠷᠭᠡᠶᠢᠯᠡᠬᠦ ᠭᠡᠷᠡᠭᠳᠡᠢ᠃ ᠶᠡᠷᠥᠳᠡ ᠶᠢᠨ ᠠᠷᠭ᠎ᠠ ᠪᠠᠷ ᠪᠤᠯ ᠨᠦᠢᠳᠠᠨ ᠠᠯᠴᠢᠭᠤᠷ ᠪᠤᠶᠤ ᠠᠮᠠᠪᠴᠢ ᠪᠠᠷ ᠬᠠᠮᠠᠷ ᠠᠮᠠ ᠪᠠᠨ  ᠲᠠᠷᠤᠬᠤ ᠭᠡᠷᠡᠭᠳᠡᠢ᠃ ᠤᠳᠤᠭ᠎ᠠ ᠤᠨᠢᠶᠠᠷ ᠮᠠᠰᠢ ᠭᠡᠴᠡᠬᠦᠥ ᠪᠠᠶᠢᠬᠤ ᠥᠶᠡᠰ ᠠᠯᠢ ᠴᠢᠳᠠᠬᠤ ᠎ ᠪᠠᠷ ᠭᠠᠵᠠᠷ ᠡᠯᠢᠭᠡᠳᠡᠨ  ᠮᠥᠯᠬᠦᠨ ᠵᠠᠶᠢᠯᠠᠬᠤ  ᠎ ᠨᠢ ᠵᠤᠬᠢᠰᠳᠠᠢ᠃              ● ᠠᠰᠠᠷ ᠤᠨ ᠱᠠᠳᠤ ᠪᠠᠷ ᠪᠠᠭᠤᠬᠤ ᠭᠡᠷᠡᠭᠳᠡᠢ᠃ ᠠᠯᠢᠪᠠ ᠪᠠᠷᠢᠯᠭ᠎ᠠ ᠳᠤ ᠶᠡᠷᠥᠩᠭᠡᠢ ᠳᠡᠭᠡᠨ ᠴᠥᠮ ᠬᠤᠶᠠᠷ  ᠎ ᠠᠴᠠ ᠲᠡᠭᠡᠭᠰᠢ ᠲᠤᠳᠠᠭᠠᠵᠤ ᠵᠠᠶᠢᠯᠠᠬᠤ ᠱᠠᠳᠤ ᠲᠠᠢ ᠪᠠᠶᠢᠳᠠᠭ᠃ ᠥᠨᠳᠥᠷ ᠲᠠᠪᠬᠤᠷ ᠲᠤ ᠭᠠᠯ ᠭᠠᠷᠪᠠᠯ᠂ ᠠᠯᠢ ᠴᠢᠳᠠᠬᠤ  ᠎ ᠪᠠᠷ ᠲᠤᠷᠤᠭᠰᠢ ᠪᠠᠨ ᠬᠥᠶᠥᠬᠦ ᠭᠡᠷᠡᠭᠳᠡᠢ᠃ ᠠᠰᠠᠷ ᠤᠨ ᠱᠠᠳᠤ ᠭᠠᠯ ᠳᠤ ᠠᠪᠳᠠᠭᠰᠠᠨ ᠪᠠᠶᠢᠯ᠎ᠠ ᠴᠤ ᠭᠡᠰᠡᠨ ᠨᠦᠢᠳᠠᠨ  ᠬᠥᠨᠵᠢᠯᠡ ᠲᠡᠪᠢᠰᠭᠡᠷ ᠢᠶᠠᠷ ᠪᠡᠶ᠎ᠡ ᠪᠠᠨ ᠬᠠᠮᠠᠭᠠᠯᠠᠨ ᠲᠥᠷᠭᠡᠨ ᠰᠢᠪᠳᠤᠯᠵᠤ ᠭᠠᠷᠬᠤ ᠭᠡᠷᠡᠭᠳᠡᠢ᠃      ● ᠡᠩ ᠤᠨ ᠴᠠᠬᠢᠯᠭᠠᠨ ᠱᠠᠳᠤ ᠪᠠᠷ ᠲᠤᠳᠠᠭᠠᠨ ᠵᠠᠶᠢᠯᠠᠵᠤ ᠤᠭᠳᠤ ᠪᠤᠯᠬᠤ ᠥᠭᠡᠢ᠃ ᠥᠨᠳᠥᠷ ᠪᠠᠷᠢᠯᠭ᠎ᠠ ᠶᠢᠨ  ᠴᠠᠬᠢᠯᠭᠠᠨ ᠬᠠᠨᠭ᠍ᠭᠠᠬᠤ ᠰᠢᠰᠲ᠋ᠧᠮ ᠨᠢ ᠭᠠᠯ ᠤᠨ ᠠᠶᠤᠯ ᠳᠤ ᠬᠡᠵᠢᠶ᠎ᠡ ᠴᠤ ᠭᠡᠰᠡᠨ ᠴᠠᠬᠢᠯᠭᠠᠨ ᠲᠠᠰᠤᠷᠠᠵᠤ ᠮᠡᠳᠡᠬᠦ ᠲᠤᠯᠠ  ᠡᠩ ᠤᠨ ᠴᠠᠬᠢᠯᠭᠠᠨ ᠱᠠᠳᠤ ᠪᠠᠷ ᠪᠠᠭᠤᠬᠤ ᠳᠤ ᠭᠡᠨᠡᠳᠳᠡ ᠴᠠᠬᠢᠯᠭᠠᠨ ᠲᠠᠰᠤᠷᠠᠪᠠᠯ᠂ ᠲᠡᠷᠡ ᠲᠤᠳᠤᠷ᠎ᠠ ᠪᠠᠨ ᠬᠤᠷᠢᠭᠳᠠᠵᠤ᠂ ᠬᠥᠮᠥᠨ ᠤ ᠠᠮᠢ ᠨᠠᠰᠤᠨ ᠳᠤ ᠠᠶᠤᠯ ᠲᠤᠯᠭᠠᠷᠠᠬᠤ ᠪᠤᠯᠤᠨ᠎ᠠ᠃              ● ᠲᠥᠷ ᠴᠠᠭ ᠲᠤᠳᠠᠭᠠᠵᠤ ᠵᠠᠶᠢᠯᠠᠬᠤ ᠠᠷᠭ᠎ᠠ ᠥᠭᠡᠢ ᠥᠶᠡᠰ᠂ ᠤᠷᠤᠢ ᠶᠢᠨ ᠠᠰᠠᠷ ᠪᠤᠶᠤ ᠭᠡᠷᠡᠮ ᠎ ᠤᠨ  ᠠᠪᠳᠠᠷ᠎ᠠ ᠵᠡᠷᠭᠡ ᠭᠠᠵᠠᠷ ᠲᠠᠯᠳᠠᠯᠠᠵᠤ ᠪᠤᠯᠬᠤ ᠥᠭᠡᠢ᠃ ᠠᠯᠢ ᠴᠢᠳᠠᠬᠤ ᠪᠠᠷ ᠨᠠᠷᠠᠪᠴᠢ᠂ ᠴᠤᠩᠬᠤ ᠵᠡᠷᠭᠡ ᠬᠥᠮᠥᠰ ᠲᠤ  ᠠᠮᠠᠷᠬᠠᠨ ᠥᠵᠡᠭᠳᠡᠬᠦ ᠭᠠᠵᠠᠷ ᠵᠥᠭ ᠰᠢᠯᠵᠢᠬᠦ ᠭᠡᠷᠡᠭᠳᠡᠢ᠃              ● ᠪᠡᠶ᠎ᠡ ᠲᠡᠭᠡᠷ᠎ᠡ ᠭᠠᠯ ᠵᠤᠯᠭᠠᠵᠤ᠂ ᠭᠠᠷ ᠵᠠᠭᠤᠷ᠎ᠠ ᠪᠠᠰᠠ ᠤᠰᠤ ᠪᠤᠶᠤ ᠭᠠᠯ ᠤᠨᠳᠠᠷᠠᠭᠠᠬᠤ ᠪᠠᠭᠠᠵᠢ ᠥᠭᠡᠢ  ᠥᠶᠡᠰ᠂ ᠶᠠᠭᠠᠬᠢᠭᠰᠠᠨ ᠴᠤ ᠬᠥᠶᠥᠬᠦ ᠪᠤᠶᠤ ᠭᠠᠷ ᠢᠶᠠᠷ ᠢᠶᠠᠨ ᠬᠥᠪᠰᠢᠵᠤ ᠪᠤᠯᠬᠤ ᠥᠭᠡᠢ᠂ ᠲᠠᠷᠦ᠋ᠢᠬᠠᠨ ᠬᠤᠪᠴᠠᠰᠤ  ᠬᠤᠨᠠᠷ ᠢᠶᠠᠨ ᠲᠠᠶᠢᠯᠠᠬᠤ ᠪᠤᠶᠤ ᠭᠠᠵᠠᠷ ᠲᠤ ᠥᠡᠭᠬᠦᠷᠢᠳᠥᠨ ᠭᠠᠯ ᠤᠨ ᠰᠤᠷ ᠢ  ᠲᠠᠷᠤᠨ᠎ᠠ᠃      ● ᠭᠠᠯ ᠤᠨᠳᠠᠷᠠᠭᠠᠬᠤ ᠠᠵᠢᠯᠳᠠᠳ ᠥᠷᠥᠭᠡᠨ ᠳᠤ ᠤᠷᠤᠵᠤ ᠠᠪᠤᠷᠠᠨ ᠲᠤᠰᠠᠯᠠᠬᠤ ᠳᠠᠭᠠᠨ ᠴᠥᠮ ᠭᠡᠷᠡᠮ  ᠬᠠᠨ᠎ᠠ ᠶᠢ ᠲᠠᠭᠠᠨ ᠠᠵᠢᠯᠯᠠᠳᠠᠭ ᠪᠤᠯᠬᠤᠷ ᠤᠳᠤᠭ᠎ᠠ ᠤᠨᠢᠶᠠᠷ ᠲᠤ ᠬᠠᠭ᠋ᠠᠵᠤ ᠪᠥᠳᠡᠨ ᠥᠪᠡᠷ ᠤᠨ ᠮᠡᠳᠡᠯ ᠴᠢᠳᠠᠯ ᠢᠶᠠᠨ  ᠠᠯᠳᠠᠭᠰᠠᠨ ᠥᠶᠡᠰ᠂ ᠠᠯᠢ ᠴᠢᠳᠠᠬᠤ ᠪᠠᠷ ᠭᠡᠷᠡᠮ ᠬᠠᠨ᠎ᠠ᠂ ᠡᠬᠦᠳᠡ ᠬᠠᠭᠠᠯᠭ᠎ᠠ ᠥᠭᠡᠳᠡ ᠤᠢᠢᠷᠠᠳᠤᠬᠤ  ᠎ ᠶᠢ  ᠠᠩᠬᠠᠷᠤᠨ᠎ᠠ᠃
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号