ᠫᠤᠤᠵᠢᠩ ᠤᠨ ᠡ᠊ᠨᠳᠡᠯ ᠢ ᠠᠩᠬᠠᠷᠬᠤ ᠨᠢ
ᠨᠡᠶᠢᠲᠡᠯᠡᠭᠰᠡᠨ ᠴᠠᠭ᠄
2015/3/2

     ᠫᠤᠤᠵᠢᠩ ᠤᠨ ᠡ᠊ᠨᠳᠡᠯ ᠪᠤᠯ ᠶᠡᠷᠥ ᠨᠢ ᠫᠤᠤᠵᠢᠩ ᠲᠠᠯᠪᠢᠬᠤ ᠶᠡᠷᠥ ᠶᠢᠨ ᠮᠡᠳᠡᠯᠭᠡ ᠮᠡᠬᠦᠰ ᠪᠤᠶᠤ ᠰᠤᠬᠤᠷ ᠪᠠᠯᠠᠢ ᠪᠠᠷ ᠲᠡᠯᠪᠢᠭ᠌ᠰᠠᠨ ᠠᠴᠠ ᠡᠬᠦᠰᠳᠡᠭ᠃        
     ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ        
     ᠰᠢᠷᠬᠠᠳᠠᠭᠰᠠᠳ ᠢ ᠲᠠᠷᠦ᠋ᠢᠬᠠᠨ ᠤᠢᠢᠷᠠᠯᠴᠠᠭ᠎ᠠ ᠡᠮᠨᠡᠯᠭᠡ ᠳᠤ ᠬᠥᠷᠭᠡᠨ ᠠᠪᠤᠷᠠᠨ ᠡᠮᠨᠡᠭᠦᠯᠤᠨ ᠠᠪᠤᠷᠠᠯᠳᠠ ᠬᠢᠨ᠎ᠠ  ᠃        
     ᠲᠤᠰᠬᠠᠢ ᠮᠡᠷᠭᠡᠵᠢᠯᠳᠡᠨ ᠤ ᠰᠠᠨᠠᠭᠤᠯᠤᠮᠵ᠊ ᠢ        
     ◇ᠫᠤᠤᠵᠢᠩ ᠲᠠᠯᠪᠢᠬᠤ ᠠᠴᠠ ᠪᠠᠨ ᠡᠮᠥᠨ᠎ᠡ ᠫᠤᠤᠵᠢᠩ ᠲᠠᠯᠪᠢᠬᠤ ᠲᠤᠳᠤᠷᠬᠠᠢᠢᠯᠠᠯᠳᠠ ᠪᠤᠯᠤᠨ ᠰᠡᠷᠡᠮᠵᠢ ᠶᠢᠨ ᠥᠭᠡᠰ ᠢ ᠬᠢᠨᠠᠮᠠᠭᠠᠢ ᠤᠡᠭᠰᠢᠨ ᠤᠢᠢᠯᠠᠭᠠᠬᠤ ᠭᠡᠷᠡᠭᠳᠡᠢ᠃        
     ◇ᠬᠥᠭᠵᠢᠭᠡᠨ ᠲᠠᠢ ᠵᠡᠭᠡᠯᠢ ᠭᠤᠳᠤᠮᠵᠢ᠂ ᠵᠥᠴᠥᠭᠡ ᠶᠢᠨ ᠲᠢᠶᠠᠨᠲᠷ ᠵᠡᠷᠭᠡ ᠤᠯᠠᠨ ᠨᠡᠶᠢᠳᠡ ᠶᠢᠨ ᠭᠠᠵᠠᠷ ᠲᠠᠯᠠᠪᠤᠷ ᠪᠤᠯᠤᠨ ᠤᠢ ᠰᠢᠭᠤᠢ᠂ ᠴᠠᠬᠢᠯᠭᠠᠨ ᠲᠠᠢ ᠪᠡᠯᠡᠳᠭᠡᠮᠵᠢ ᠵᠢᠴᠢ ᠠᠮᠠᠷᠬᠠᠨ ᠨᠤᠴᠤᠵᠤ ᠲᠡᠯᠪᠡᠷᠡᠬᠦ ᠪᠤᠳᠠᠰ ᠤᠨ ᠤᠢᠢᠷᠠᠯᠴᠠᠭ᠎ᠠ ᠭᠠᠵᠠᠷ ᠲᠤ ᠫᠤᠤᠵᠢᠩ ᠲᠠᠯᠪᠢᠬᠤ ᠶᠢ ᠴᠠᠭᠠᠵᠠᠯᠠᠨ᠎ᠠ︔ ᠡᠷᠭᠡᠪᠰᠢ ᠡᠵᠡᠬᠦᠢ ᠬᠤᠭᠤᠰᠤᠨ᠂ ᠲᠡᠭᠰᠢ ᠲᠥᠪᠰᠢᠨ  ᠂ ᠬᠠᠷᠰᠢᠯᠠᠯ ᠡᠳ᠋ ᠥᠭᠡᠢ ᠭᠠᠵᠠᠷ ᠲᠤ ᠫᠤᠤᠵᠢᠩ ᠲᠠᠯᠪᠢᠬᠤ   ᠪᠠᠷ ᠲᠤᠬᠢᠷᠠᠭᠤᠯᠵᠤ ᠪᠤᠯᠤᠨ᠎ᠠ᠃        
     ◇ᠬᠤᠸᠠᠷ ᠫᠤᠤᠵᠢᠩ ᠲᠠᠯᠪᠢᠬᠤ ᠳᠠᠭᠠᠨ ᠲᠤᠩᠭᠤᠷᠠᠭᠤᠯᠤᠨ ᠲᠠᠯᠪᠢᠬᠤ ᠪᠠ ᠬᠥᠮᠥᠨ ᠪᠤᠶᠤ ᠪᠤᠳᠠᠰ ᠤᠨ ᠥᠭᠡᠳᠡ ᠴᠢᠭᠯᠡᠬᠦᠯᠥᠨ ᠲᠠᠯᠪᠢᠵᠤ ᠪᠤᠯᠬᠤ ᠥᠭᠡᠢ᠃ ᠫᠤᠤᠵᠢᠩ ᠲᠠᠯᠪᠢᠬᠤ ᠳᠠᠭᠠᠨ ᠪᠢᠯᠳᠡ ᠶᠢᠨ ᠨᠤᠴᠤᠬᠤ ᠴᠠᠭ ᠵᠢᠴᠢ ᠲᠤᠮᠳᠠ ᠨᠢ ᠠᠯᠤᠰᠯᠠᠬᠤ ᠴᠠᠭ ᠢ ᠠᠩᠬᠠᠷᠤᠯ ᠳᠠᠭᠠᠨ ᠠᠪᠬᠤ ᠭᠡᠷᠡᠭᠳᠡᠢ᠃ ᠬᠠᠭᠠᠰ ᠲᠤᠮᠳᠠ ᠨᠢ ᠤᠢᠢᠷᠠᠳᠤᠨ ᠥᠵᠡᠵᠤ ᠤᠭᠳᠤ ᠪᠤᠯᠬᠤ  ᠥᠭᠡᠢ᠃ ᠭᠡᠷᠪᠡ ᠪᠢᠯᠳᠡ ᠨᠢ ᠤᠨᠳᠠᠷᠠᠪᠠᠯ᠂ ᠶᠡᠷᠥᠩᠭᠡᠢ ᠳᠡᠭᠡᠨ 15 ᠮᠢᠨᠦ᠋ᠲ ᠤᠨ ᠲᠠᠷᠠᠭ᠎ᠠ ᠲᠡᠬᠢᠨ ᠰᠢᠢᠳᠪᠦᠷᠢᠯᠡᠨ᠎ᠡ᠃        
     ◇ᠨᠤᠴᠤᠭᠠᠬᠤ ᠪᠠᠶᠢᠷᠢᠰᠢᠯ ᠢ ᠤᠯᠵᠤ ᠠᠪᠴᠤ᠂ ᠨᠤᠴᠤᠭᠠᠬᠤ ᠪᠢᠯᠳᠡ ᠶᠢᠨ ᠱᠤᠭᠤᠮ ᠢ ᠪᠠᠶᠢᠴᠠᠭᠠᠨ ᠥᠵᠡᠵᠤ᠂  ᠲᠥᠷᠭᠡᠨ ᠨᠤᠴᠤᠬᠤ ᠪᠠ ᠤᠳᠠᠭᠠᠨ ᠨᠤᠴᠤᠬᠤ ᠶᠢ ᠢᠯᠭᠠᠨ ᠲᠤᠳᠤᠯᠤᠭᠠᠳ᠂ ᠲᠡᠮᠡᠬᠢᠨ ᠭᠠᠯ ᠪᠤᠶᠤ ᠬᠥᠵᠢ ᠪᠠᠷ ᠨᠤᠴᠤᠭᠠᠪᠠᠯ ᠰᠠᠶᠢᠨ᠃        
     ◇ᠵᠥᠪ ᠨᠤᠴᠤᠭᠠᠬᠤ ᠠᠷᠭ᠎ᠠ ᠪᠤᠯ ᠬᠠᠵᠠᠭᠤ ᠲᠡᠯ᠎ᠠ ᠪᠠᠷ ᠨᠤᠴᠤᠭᠠᠵᠤ᠂ ᠪᠡᠶ᠎ᠡ ᠪᠠᠨ ᠫᠤᠤᠵᠢᠩ ᠲᠠᠯᠪᠢᠬᠤ ᠵᠠᠮ ᠮᠥᠷ ᠵᠥᠭ ᠬᠠᠨᠳᠤᠭᠤᠯᠵᠤ ᠪᠤᠯᠬᠤ ᠥᠭᠡᠢ᠃        
     ◇ᠨᠤᠴᠤᠭᠠᠮᠠᠭᠴᠠ ᠪᠠᠨ ᠲᠥᠷᠭᠡᠨ ᠭᠡᠭᠴᠢ ᠠᠮᠤᠷ ᠲᠥᠪᠰᠢᠨ ᠭᠠᠵᠠᠷ  ᠵᠠᠶᠢᠯᠠᠨ᠎ᠠ᠃        
     ◇ᠭᠡᠥᠭᠡᠳ ᠪᠤᠯ ᠡᠷᠭᠡᠪᠰᠢ ᠲᠤᠮᠤ ᠬᠥᠮᠥᠰ ᠤᠨ ᠵᠢᠯᠤᠭᠤᠳᠤᠯᠭ᠎ᠠ ᠲᠤᠤᠷ᠎ᠠ ᠲᠠᠯᠪᠢᠨ᠎ᠠ  ᠃        
     ◇ᠮᠡᠳᠡᠷᠡᠯ ᠤᠨ ᠡᠪᠡᠳᠴᠢᠨ ᠲᠠᠢ ᠪᠠ ᠠᠷᠢᠬᠢ ᠤᠤᠭᠤᠭᠰᠠᠨ ᠬᠥᠮᠥᠰ ᠫᠤᠤᠵᠢᠩ ᠲᠠᠯᠪᠢᠵᠤ ᠪᠤᠯᠬᠤ ᠥᠭᠡᠢ᠂  ᠶᠡᠭᠡ ᠰᠠᠯᠬᠢ᠂ ᠶᠡᠭᠡ ᠪᠤᠷᠤᠭ᠎ᠠ᠂ ᠶᠡᠭᠡ ᠮᠠᠨᠠᠨ ᠲᠠᠢ ᠥᠶ᠎ᠡ ᠳᠤ ᠫᠤᠤᠵᠢᠩ ᠲᠠᠯᠪᠢᠵᠤ ᠪᠤᠯᠬᠤ ᠥᠭᠡᠢ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ