ᠰᠠᠴᠤᠷᠠᠭ ᠡᠭᠦᠰᠭᠡᠭᠴᠢ ᠭᠡᠳᠡᠭ ᠨᠢ ᠶᠠᠭᠤ ᠶᠢ ᠬᠡᠯᠡᠵᠤ ᠪᠠᠶᠢᠬᠤ ᠪᠤᠢ
ᠨᠡᠶᠢᠲᠡᠯᠡᠭᠰᠡᠨ ᠴᠠᠭ᠄
2015/3/2

     ᠰᠠᠴᠤᠷᠠᠭ ᠡᠬᠦᠰᠭᠡᠭᠴᠢ ᠭᠡᠳᠡᠭ ᠪᠤᠯ ᠰᠠᠪᠠᠨ ᠲᠤᠳᠤᠷ᠎ᠠ ᠨᠢᠬᠳᠠ ᠪᠢᠳᠡᠬᠦᠮᠵᠢᠯᠡᠭᠰᠡᠨ ᠪᠤᠶᠤ ᠨᠢᠬᠳᠠ ᠴᠢᠩᠭ᠎ᠠ ᠪᠤᠭᠤᠯᠳᠠ ᠲᠠᠢ ᠬᠠᠳᠠᠭᠤ ᠲᠥᠯᠥᠪ ᠤᠨ ᠰᠠᠴᠤᠷᠠᠭ ᠴᠢᠨᠠᠷᠳᠠᠢ ᠮᠠᠲ᠋ᠧᠷᠢᠶᠠᠯ ᠢ ᠵᠢᠭᠠᠵᠤ ᠪᠠᠶᠢᠨ᠎ᠠ᠃ ᠰᠠᠴᠤᠷᠠᠭ ᠡᠬᠦᠰᠭᠡᠭᠴᠢ ᠶᠢᠨ ᠬᠠᠷᠪᠤᠵᠤ ᠭᠠᠷᠭᠠᠭᠰᠠᠨ ᠬᠠᠷᠪᠤᠯᠳᠠ ᠶᠢᠨ ᠱᠤᠭᠤᠮ ᠪᠤᠯ ᠬᠥᠮᠥᠨ ᠤ ᠨᠢᠳᠥᠨ ᠳᠤ ᠥᠵᠡᠭᠳᠡᠬᠦ ᠥᠭᠡᠢ᠂ ᠭᠠᠷ ᠲᠤ  ᠪᠠᠷᠢᠭᠳᠠᠬᠤ ᠥᠭᠡᠢ᠂ ᠥᠨᠥᠷ ᠥᠭᠡᠢ ᠵᠥᠢᠯ ᠶᠤᠮ᠃ ᠲᠡᠷᠡ ᠨᠢ ᠵᠤᠬᠢᠬᠤ ᠡᠨᠧᠷᠬᠢ ᠲᠠᠢ ᠪᠠᠶᠢᠵᠤ᠂ ᠡᠰ ᠤᠨ ᠨᠡᠭᠡᠭᠡᠯᠳᠡ ᠶᠢ ᠡᠪᠳᠡᠵᠤ᠂ ᠬᠥᠮᠥᠨ ᠤ ᠪᠡᠶ᠎ᠡ ᠶᠢ ᠬᠥᠨᠥᠭᠡᠳᠡᠭ᠃ ᠰᠠᠴᠤᠷᠠᠭ ᠡᠬᠦᠰᠭᠡᠭᠴᠢ ᠶᠢ ᠢᠯᠭᠠᠨ ᠲᠠᠨᠢᠬᠤ ᠳᠤ ᠱᠤᠰᠢᠭ᠎ᠠ ᠲᠡᠮᠳᠡᠭ᠂ ᠪᠤᠭᠤᠳᠠᠯ ᠠᠴᠠ ᠨᠢ ᠮᠡᠳᠡᠬᠦ ᠶᠢ  ᠭᠠᠷᠭᠠᠪᠠᠯ᠂ ᠵᠥᠪᠭᠡᠨ ᠲᠤᠰᠬᠠᠢ ᠠᠵᠢᠯᠳᠠᠳ ᠲᠤᠰᠬᠠᠢ ᠭᠡᠮᠵᠢᠬᠦᠷ ᠪᠠᠭᠠᠵᠢ ᠪᠠᠷ ᠯᠠ ᠰᠠᠶ᠋ᠢ ᠢᠯᠭᠠᠨ ᠲᠠᠨᠢᠵᠤ ᠴᠢᠳᠠᠨ᠎ᠠ᠃          
     ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ          
     ●ᠬᠥᠮᠥᠨ ᠬᠠᠮᠢᠶᠠᠷᠴᠤ ᠥᠭᠡᠢ ᠠᠶᠤᠨᠵᠢᠭᠰᠠᠨ ᠰᠠᠴᠤᠷᠠᠭ ᠤᠨ ᠲᠡᠮᠳᠡᠭ ᠡᠳ᠋ ᠢ ᠤᠯᠵᠤ ᠮᠡᠳᠡᠭᠰᠡᠨ ᠪᠤᠶᠤ ᠬᠠᠷ᠎ᠠ ᠲᠤᠭᠤᠯᠭ᠎ᠠ᠂ ᠪᠤᠯᠤᠳ᠂ ᠴᠢᠯᠠᠭᠤᠨ ᠯᠠ ᠵᠡᠷᠭᠡ ᠪᠠᠷ ᠬᠢᠭᠰᠡᠨ ᠪᠥᠮᠪᠥᠷᠭᠡᠨ ᠭᠡᠯᠪᠡᠷᠢ ᠪᠤᠶᠤ ᠪᠥᠮᠪᠥᠭᠡᠨ ᠭᠡᠯᠪᠡᠷᠢ ᠶᠢᠨ ᠡᠳ᠋ ᠢ ᠤᠯᠵᠤ ᠥᠵᠡᠪᠡᠯ᠂ ᠶᠠᠭᠠᠬᠢᠭᠰᠠᠨ ᠴᠤ ᠲᠤᠷ᠎ᠠ ᠪᠠᠷ ᠢᠶᠠᠨ ᠰᠢᠯᠵᠢᠬᠦᠯᠬᠦ᠂ ᠨᠡᠭᠡᠭᠡᠵᠤ ᠥᠵᠡᠬᠦ᠂ ᠭᠡᠷ ᠲᠡᠭᠡᠨ  ᠠᠪᠴᠢᠷᠠᠬᠤ ᠪᠤᠶᠤ ᠬᠠᠶᠠᠭᠳᠠᠮᠠᠯ ᠡᠳ᠋ ᠬᠤᠳᠠᠯᠳᠤᠨ ᠠᠪᠬᠤ ᠭᠠᠵᠠᠷ ᠬᠤᠳᠠᠯᠳᠤᠵᠤ ᠪᠤᠯᠬᠤ ᠥᠭᠡᠢ᠃
     ●ᠬᠥᠮᠥᠨ ᠬᠠᠮᠢᠶᠠᠷᠴᠤ ᠥᠭᠡᠢ ᠬᠡᠷᠡᠯᠳᠥᠨ ᠬᠢᠯᠳᠤᠭᠠᠨᠠᠵᠤ ᠪᠠᠶᠢᠭ᠎ᠠ ᠲᠡᠮᠦᠷᠯᠢᠭ ᠬᠢᠨᠵᠢ ᠵᠡᠷᠭᠡ ᠲᠡᠮᠦᠷᠯᠢᠭ  ᠮᠥᠨ ᠡᠰᠡᠬᠦ ᠨᠢ ᠲᠤᠳᠤᠷᠬᠠᠢ ᠥᠭᠡᠢ ᠡᠳ᠋ ᠢ ᠤᠯᠵᠤ ᠥᠵᠡᠪᠡᠯ ᠲᠡᠷᠦ᠋ᠢᠬᠠᠨ ᠲᠤᠬᠠᠢ ᠶᠢᠨ ᠲᠠᠯᠠᠪᠤᠷ ᠠᠴᠠ ᠬᠤᠯᠠ ᠵᠠᠶᠢᠯᠠᠬᠤ ᠭᠡᠷᠡᠭᠳᠡᠢ᠂ ᠶᠠᠭᠠᠬᠢᠭᠰᠠᠨ ᠴᠤ ᠡᠳᠡᠭᠡᠷ ᠡᠳ᠋ ᠢ ᠰᠢᠯᠵᠢᠬᠦᠯᠬᠦ ᠪᠠ ᠡᠷᠥᠭᠡ ᠭᠡᠷ ᠲᠡᠭᠡᠨ ᠠᠪᠴᠢᠷᠠᠵᠤ ᠪᠤᠯᠬᠤ ᠥᠭᠡᠢ  ᠃  
     ●ᠰᠡᠵᠢᠭ ᠲᠠᠢ ᠡᠳ᠋ ᠤᠨ ᠤᠢᠢᠷ᠎ᠠ ᠤᠷᠴᠢᠮ ᠳᠤ ᠲᠡᠮᠳᠡᠭ ᠪᠤᠰᠬᠠᠵᠤ᠂ ᠬᠥᠮᠥᠰ ᠲᠤ ᠤᠢᠢᠷᠠᠳᠤᠵᠤ ᠪᠤᠯᠬᠤ ᠥᠭᠡᠢ ᠭᠡᠮᠡᠨ ᠰᠡᠷᠡᠮᠵᠢᠯᠡᠬᠦᠯᠵᠤ᠂ ᠤᠷᠴᠢᠨ ᠲᠤᠭᠤᠷᠢᠨ ᠤ ᠬᠠᠮᠠᠭᠠᠯᠠᠯᠳᠠ ᠵᠡᠷᠭᠡ ᠬᠠᠮᠢᠶ᠎ᠠ ᠪᠥᠬᠦᠢ ᠰᠠᠯᠠᠭ᠎ᠠ ᠮᠥᠴᠢᠷ ᠲᠤ ᠲᠡᠷᠦ᠋ᠢᠬᠠᠨ ᠤᠳᠠᠰᠤᠳᠠᠨ  ᠮᠡᠳᠡᠭᠦᠯᠦᠨ᠎ᠡ᠃        
     ᠲᠤᠰᠬᠠᠢ ᠮᠡᠷᠭᠡᠵᠢᠯᠳᠡᠨ ᠤ ᠰᠠᠨᠠᠭᠤᠯᠤᠮᠵᠢ        
     ◇ᠰᠠᠴᠤᠷᠠᠭ ᠴᠢᠨᠠᠷ ᠤᠨ ᠰᠡᠷᠡᠮᠵᠢ ᠶᠢᠨ ᠲᠡᠮᠳᠡᠭ ᠲᠠᠢ ᠭᠠᠵᠠᠷ ᠤᠷᠤᠨ ᠳᠤ ᠰᠤᠬᠤᠷ ᠪᠠᠯᠠᠢ ᠪᠠᠷ ᠤᠷᠤᠵᠤ  ᠪᠤᠯᠬᠤ ᠥᠭᠡᠢ᠃
     ◇ᠰᠠᠴᠤᠷᠠᠭ ᠡᠬᠦᠰᠭᠡᠭᠴᠢ ᠶᠢᠨ ᠬᠥᠮᠥᠰ ᠤᠨ ᠪᠡᠶ᠎ᠡ ᠮᠠᠬᠠᠪᠤᠳ ᠢ ᠬᠥᠨᠥᠭᠡᠬᠦ ᠶᠢ ᠰᠡᠷᠭᠡᠶᠢᠯᠡᠬᠦ ᠪᠠ ᠪᠠᠭᠠᠰᠬᠠᠬᠤ ᠶᠢᠨ ᠲᠤᠯᠠᠳᠠ᠂ ᠰᠠᠴᠤᠷᠠᠭ ᠡᠬᠦᠰᠭᠡᠭᠴᠢ ᠠᠴᠠ ᠭᠡᠳᠥᠢ ᠬᠤᠯᠠ ᠵᠠᠶᠢᠳᠠᠢ ᠪᠤᠯ ᠲᠡᠳᠥᠢ ᠪᠠᠭ᠎ᠠ ᠬᠥᠨᠥᠭᠡᠯ ᠳᠤ ᠤᠴᠠᠷᠠᠨ᠎ᠠ᠃ ᠵᠤᠬᠢᠬᠤ ᠬᠠᠯᠬᠠᠪᠴᠢ ᠮᠠᠲ᠋ᠧᠷᠢᠶᠠᠯ ᠢ ᠰᠤᠩᠭᠤᠨ ᠰᠠᠴᠤᠷᠠᠭ ᠡᠬᠦᠰᠭᠡᠭᠴᠢ ᠠᠴᠠ ᠬᠠᠷᠪᠤᠭᠰᠠᠨ ᠱᠤᠭᠤᠮ ᠢ ᠬᠠᠯᠬᠠᠯᠠᠬᠤ  ᠭᠡᠷᠡᠭᠳᠡᠢ᠃ ᠰᠠᠴᠤᠷᠠᠭ ᠡᠬᠦᠰᠭᠡᠭᠴᠢ ᠲᠠᠢ ᠤᠢᠢᠷᠠᠳᠤᠬᠤ ᠴᠠᠭ ᠢ ᠠᠯᠢ ᠴᠢᠳᠠᠬᠤ ᠪᠠᠷ  ᠪᠤᠭᠤᠨᠢᠰᠬᠠᠨ᠎ᠠ  ᠃  

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ