ᠪᠤᠵᠠᠷ ᠰᠤᠮᠤ ᠶᠢᠨ ᠲᠤᠬᠠᠢ ᠮᠡᠳᠡᠯᠭᠡ
ᠨᠡᠶᠢᠲᠡᠯᠡᠭᠰᠡᠨ ᠴᠠᠭ᠄
2015/3/2

     ᠪᠤᠵᠠᠷ ᠰᠤᠮᠤ ᠶᠢᠨ ᠰᠢᠨᠵᠢᠯᠡᠭᠡᠨ ᠤ ᠨᠡᠷ᠎ᠡ ᠨᠢ ︽ᠰᠠᠴᠤᠷᠠᠭ ᠲᠠᠷᠬᠠᠭᠠᠳᠠᠭ ᠲᠤᠨᠤᠭᠯᠠᠯ︾ ᠭᠡᠳᠡᠭ᠂ ᠲᠡᠷᠡ ᠨᠢ ᠨᠢᠭᠡ ᠵᠥᠢᠯ ᠤᠨ ᠰᠠᠴᠤᠷᠠᠭ ᠪᠤᠳᠠᠰ ᠢ ᠥᠷᠭᠡᠨ ᠬᠡᠪᠴᠢᠶ᠎ᠡ ᠪᠠᠷ ᠲᠡᠷᠬᠠᠭᠠᠳᠠᠭ ᠵᠡᠪᠰᠡᠭ ᠪᠤᠯᠤᠨ᠎ᠠ᠃ ᠲᠡᠭᠡᠬᠦ ᠳᠡᠭᠡᠨ ᠴᠥᠮ᠎ᠡ ᠶᠢᠨ ᠲᠡᠯᠪᠡᠷᠡᠯᠳᠡ ᠡᠬᠦᠰᠭᠡᠳᠡᠭ ᠥᠭᠡᠢ᠃ ᠪᠤᠵᠠᠷ ᠰᠤᠮᠤ ᠲᠡᠯᠪᠡᠷᠡᠭᠰᠡᠨ ᠤ ᠰᠡᠬᠦᠯᠡᠷ᠂ ᠰᠠᠴᠤᠷᠠᠭ ᠴᠢᠨᠠᠷᠳᠠᠢ ᠮᠥᠬᠦᠯᠢᠭ ᠢ ᠥᠷᠭᠡᠨ ᠢᠶᠠᠷ ᠲᠡᠷᠬᠠᠭᠠᠵᠤ᠂ ᠬᠥᠮᠥᠰ ᠤᠨ ᠪᠡᠶ᠎ᠡ ᠮᠠᠬᠠᠪᠤᠳ ᠢ ᠬᠤᠤᠷᠳᠠᠭᠤᠯᠳᠠᠭ ᠪᠠᠶᠢᠨ᠎ᠠ᠃          
     ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ          
     ●ᠪᠤᠵᠠᠷ ᠰᠤᠮᠤᠨ ᠤ ᠲᠠᠭᠠᠷᠢᠯᠳᠠ ᠳᠤ ᠤᠴᠠᠷᠠᠬᠤ ᠥᠶᠡᠰ᠂ ᠲᠡᠷᠦ᠋ᠢᠬᠠᠨ ᠡᠷᠥᠭᠡ ᠭᠡᠷ᠂ ᠬᠠᠮᠤᠭ ᠤᠨ ᠰᠠᠶᠢᠨ ᠨᠢ ᠨᠥᠭᠡᠨ ᠭᠡᠷ ᠲᠤ ᠨᠢᠭᠤᠨ ᠲᠠᠯᠳᠠᠯᠠᠵᠤ᠂ ᠡᠬᠦᠳᠡ ᠴᠤᠩᠬᠤ ᠪᠠ ᠪᠤᠰᠤᠳ ᠰᠠᠯᠬᠢ ᠨᠡᠪᠳᠡᠷᠡᠬᠦ ᠰᠢᠰᠲ᠋ᠧᠮ ᠢ ᠨᠢᠭᠳᠠ ᠬᠠᠭᠠᠵᠤ ᠪᠢᠳᠡᠬᠦᠮᠵᠢᠯᠡᠵᠤ᠂ ᠠᠮᠤᠷ ᠲᠥᠪᠰᠢᠨ ᠢᠶᠠᠷ ᠵᠠᠶᠢᠯᠠᠵᠤ ᠴᠢᠳᠠᠬᠤ ᠥᠶᠡᠰ ᠲᠡᠷᠦ᠋ᠢᠬᠠᠨ ᠭᠠᠷᠴᠤ   ᠵᠠᠶᠢᠯᠠᠨ᠎ᠠ᠃          
     ●ᠲᠡᠯᠪᠡᠷᠡᠯᠳᠡ ᠶᠢᠨ ᠤᠷᠤᠨ ᠠᠴᠠ ᠬᠤᠯᠠ  ᠵᠠᠶᠢᠯᠠᠨ᠎ᠠ᠃ ᠰᠠᠴᠤᠷᠠᠭ ᠮᠥᠬᠦᠯᠢᠭ ᠨᠢ ᠰᠠᠯᠬᠢ ᠤᠷᠤᠭᠤ  ᠲᠠᠷᠬᠠᠭᠠᠳᠠᠭ ᠪᠤᠯᠬᠤᠷ ᠪᠤᠯᠤᠯᠴᠠᠭ᠎ᠠ ᠲᠠᠢ ᠪᠤᠯ ᠰᠠᠯᠬᠢᠨ ᠤ ᠲᠡᠭᠡᠷ᠎ᠡ ᠲᠡᠯ᠎ᠠ ᠳᠤ ᠭᠠᠷᠬᠤ ᠶᠢ ᠠᠩᠬᠠᠷᠤᠨ᠎ᠠ᠃
     ●ᠭᠡᠷᠪᠡ ᠪᠠᠶᠠᠨ ᠲᠡᠭᠡᠷ᠎ᠡ ᠪᠤᠬᠢᠷᠳᠤᠭᠰᠠᠨ ᠪᠤᠯ ᠲᠡᠷᠦ᠋ᠢᠬᠠᠨ ᠪᠤᠬᠢᠷᠳᠤᠭᠰᠠᠨ ᠬᠤᠪᠴᠠᠰᠤ ᠬᠤᠨᠠᠷ ᠢᠶᠠᠨ ᠲᠡᠶᠢᠯᠵᠤ᠂ ᠰᠠᠪᠤᠩ ᠢᠶᠠᠷ ᠪᠥᠬᠦ ᠪᠡᠶ᠎ᠡ ᠪᠠᠨ ᠬᠥᠢᠴᠡᠳ ᠤᠬᠢᠶᠠᠨ ᠴᠡᠪᠡᠷᠯᠡᠬᠦ ᠭᠡᠷᠡᠭᠳᠡᠢ᠃
     ●ᠪᠤᠬᠢᠷᠳᠤᠭᠰᠠᠨ ᠢᠳᠡᠭᠡᠨ᠂ ᠪᠤᠬᠢᠷᠳᠤᠭᠰᠠᠨ ᠤᠮᠳᠠᠭᠠᠨ ᠢ ᠢᠳᠡᠵᠤ ᠤᠤᠭᠤᠬᠤ ᠥᠭᠡᠢ ᠪᠠᠶᠢᠵᠤ᠂  ᠰᠠᠴᠤᠷᠠᠭ ᠪᠤᠳᠠᠰ ᠲᠡᠮ ᠢᠶᠠᠷ ᠰᠢᠩᠭᠡᠬᠦ ᠶᠢ ᠰᠡᠷᠭᠡᠶᠢᠯᠡᠬᠦ ᠭᠡᠷᠡᠭᠳᠡᠢ᠃          
     ●ᠪᠤᠬᠢᠷᠳᠤᠯ ᠳᠤ ᠤᠴᠠᠷᠠᠭᠰᠠᠨ ᠪᠤᠯ ᠢᠯᠡᠬᠦᠭᠡᠨ ᠤᠰᠤ ᠤᠤᠭᠤᠵᠤ᠂ ᠪᠠᠶᠡᠨ ᠳᠠᠬᠢ ᠰᠠᠴᠤᠷᠠᠭ ᠪᠤᠵᠠᠷ ᠢ  ᠲᠥᠷᠭᠡᠭᠡᠨ ᠲᠠᠭᠤᠵᠤ ᠭᠠᠷᠭᠠᠬᠤ ᠭᠡᠷᠡᠭᠳᠡᠢ᠃          
     ᠲᠤᠰᠬᠠᠢ ᠮᠡᠷᠭᠡᠵᠢᠯᠳᠡᠨ ᠤ ᠰᠠᠨᠠᠭᠤᠯᠤᠮᠵᠢ          
     ◇ᠪᠤᠵᠠᠷ ᠰᠤᠮᠤᠨ ᠤ ᠲᠠᠭᠠᠷᠢᠯᠳᠠ ᠳᠤ ᠤᠴᠠᠷᠠᠭᠰᠠᠨ ᠥᠶᠡᠰ᠂ ᠠᠶᠤᠵᠤ ᠰᠤᠴᠢᠬᠤ ᠪᠠ ᠡᠮᠬᠢ ᠵᠠᠮᠪᠠᠷᠠᠭ᠎ᠠ ᠪᠠᠨ ᠠᠯᠳᠠᠵᠤ ᠪᠤᠯᠬᠤ ᠥᠭᠡᠢ᠂ ᠲᠤᠰᠬᠠᠢ ᠠᠵᠢᠯᠳᠠᠳ ᠤᠨ ᠵᠢᠯᠤᠭᠤᠳᠤᠯᠭ᠎ᠠ ᠶᠢ ᠲᠠᠭᠠᠬᠤ ᠭᠡᠷᠡᠭᠳᠡᠢ᠃        
     ◇ᠪᠤᠵᠠᠷ ᠰᠤᠮᠤᠨ ᠤ ᠲᠠᠭᠠᠷᠢᠯᠳᠠ ᠥᠡᠭᠭᠡᠷᠡᠭᠰᠡᠨ ᠤ ᠰᠡᠬᠦᠯᠡᠷ᠂ ᠲᠤᠰᠬᠠᠢ ᠠᠵᠢᠯ ᠤᠨ ᠪᠤᠰᠤ ᠬᠥᠮᠥᠰ ᠬᠥᠨᠳᠤ ᠨᠤᠴᠢᠳᠠᠢ ᠪᠤᠬᠢᠷᠳᠤᠭᠰᠠᠨ ᠭᠠᠵᠠᠷ ᠤᠷᠤᠨ ᠳᠤ ᠤᠴᠢᠵᠤ ᠪᠤᠯᠬᠤ ᠥᠭᠡᠢ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ