ᠬᠤᠤᠷᠳᠠᠭᠳᠠᠬᠤ ᠠᠳᠡᠯ - ᠰᠡᠳᠡᠯᠳᠡ ᠶᠢᠨ ᠴᠢᠨᠠᠷᠳᠠᠢ ᠭᠡᠢ ᠪᠡᠶᠡᠳᠤ ᠶᠢᠨ ᠬᠤᠤᠷᠳᠠᠯ ᠤᠨ ᠮᠡᠳᠡᠯᠭᠡ ᠶᠢ ᠦᠢᠯᠠᠭᠠᠷᠠᠢ
ᠨᠡᠶᠢᠲᠡᠯᠡᠭᠰᠡᠨ ᠴᠠᠭ᠄
2015/3/2

     ᠰᠡᠳᠡᠯᠳᠡ ᠶᠢᠨ ᠴᠢᠨᠠᠷᠳᠠᠢ ᠭᠡᠢ ᠪᠡᠶᠡᠳᠤ ᠭᠡᠳᠡᠭ ᠪᠤᠯ ᠠᠷᠠᠰᠤ᠂ ᠨᠢᠳᠤ᠂ ᠠᠮᠢᠰᠬᠤᠯ ᠤᠨ ᠵᠠᠮ ᠤᠨ ᠨᠠᠭᠠᠯᠳᠤᠮᠠᠯ ᠪᠥᠷᠬᠦᠪᠴᠢ ᠳᠤ ᠰᠡᠳᠡᠯᠳᠡ ᠪᠤᠯᠬᠤ ᠬᠤᠤᠷ ᠲᠠᠢ ᠭᠡᠢ ᠪᠡᠶᠡᠳᠤ ᠶᠢᠨ ᠨᠢᠭᠡᠳᠥᠮᠡᠯ ᠨᠡᠷᠡᠶᠢᠳᠥᠯ ᠪᠤᠯᠤᠨ᠎ᠠ᠃  ᠭᠡᠵᠢᠶᠡᠳᠡ ᠰᠠᠨᠠᠭᠠᠨ ᠳᠤ ᠥᠭᠡᠢ ᠠᠳᠡᠯ ᠠᠴᠠ ᠪᠤᠯᠵᠤ᠂ ᠥᠢᠯᠡᠳᠪᠥᠷᠢᠯᠡᠯ ᠤᠨ ᠠᠵᠢᠯᠴᠢᠨ ᠪᠤᠶᠤ ᠠᠷᠠᠳ ᠤᠯᠠᠨ ᠲᠥᠷᠭᠡᠨ ᠴᠢᠨᠠᠷᠳᠠᠢ ᠬᠤᠤᠷᠳᠠᠯ ᠳᠤ ᠤᠴᠠᠷᠠᠳᠠᠭ᠃ ᠪᠠᠶᠢᠡᠭᠭᠤ ᠶᠢᠨ ᠰᠡᠳᠡᠯᠳᠡ ᠶᠢᠨ ᠴᠢᠨᠠᠷᠳᠠᠢ ᠭᠡᠢ ᠪᠡᠶᠡᠳᠤ ᠭᠡᠪᠡᠯ ᠡᠾᠯᠤᠷ᠂ ᠰᠢᠪᠳᠤᠷ᠂ ᠠᠽᠤᠲ ᠬᠥᠴᠢᠯᠳᠦ᠋ᠷᠥᠭᠴᠢ᠂ ᠪᠤᠳᠠᠰ᠂ ᠹᠯᠤᠷᠳᠤ ᠤᠰᠤᠳᠦ᠋ᠷᠥᠭᠴᠢ᠂ ᠬᠥᠬᠦᠷ ᠤᠨ ᠲᠠᠪᠬᠤᠷ ᠢᠰᠥᠯ ᠵᠡᠷᠭᠡ ᠪᠤᠢ᠃        
     ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ          
     ●ᠬᠤᠤᠷᠳᠠᠯ ᠤᠨ ᠡ᠊ᠨᠳᠡᠯ ᠡᠬᠦᠰᠥᠭᠰᠡᠨ ︵ᠢᠯᠠᠩᠭᠤᠶ᠎ᠠ ᠰᠠᠯᠬᠢᠨ ᠤ ᠲᠤᠤᠷ᠎ᠠ ᠲᠡᠯ᠎ᠠ ᠳᠠᠬᠢ︶ ᠭᠠᠵᠠᠷ ᠤᠷᠤᠨ ᠤ ᠬᠥᠮᠥᠰ ᠱᠠᠯᠠᠪᠬᠠᠨ ᠵᠠᠶᠢᠯᠠᠬᠤ ᠪᠠ ᠲᠤᠬᠠᠢ ᠶᠢᠨ ᠭᠠᠵᠠᠷ ᠤᠨ ᠪᠠᠷᠢᠯᠭ᠎ᠠ ᠶᠢᠨ ᠲᠤᠳᠤᠷ᠎ᠠ ᠲᠠᠯᠳᠠᠯᠠᠨ᠎ᠠ᠃        
     ●ᠬᠤᠤᠷᠳᠠᠭᠰᠠᠨ ᠬᠥᠮᠥᠨ ᠤ ᠪᠤᠬᠢᠷᠳᠤᠭᠰᠠᠨ ᠬᠤᠪᠴᠠᠰᠤ ᠬᠤᠨᠠᠷ ᠢ ᠨᠢ ᠲᠥᠷᠭᠡᠨ ᠲᠠᠶᠢᠯᠵᠤ᠂ ᠶᠡᠭᠡᠭᠡᠨ ᠴᠡᠪᠡᠷ ᠤᠰᠤ ᠪᠠᠷ ᠪᠤᠬᠢᠷᠳᠤᠭᠰᠠᠨ ᠠᠷᠠᠰᠤ ᠶᠢ ᠨᠢ ᠤᠬᠢᠶᠠᠵᠤ᠂ ᠲᠤᠯᠠᠭᠠᠬᠠᠨ ᠪᠠᠶᠢᠯᠭᠠᠬᠤ ᠶᠢ ᠠᠩᠬᠠᠷᠬᠤ ᠭᠡᠷᠡᠭᠳᠡᠢ᠃ ᠨᠢᠳᠤ ᠪᠤᠬᠢᠷᠳᠤᠭᠰᠠᠨ ᠪᠤᠯ ᠠᠯᠢ ᠪᠠᠭ᠎ᠠ ᠳᠠᠭᠠᠨ ᠥᠷᠬᠦᠯᠵᠢᠯᠡᠨ 10 ᠮᠢᠨᠦ᠋ᠲ ᠰᠥᠷᠴᠢᠨ ᠤᠬᠢᠶᠠᠨ᠎ᠠ᠃        
     ●ᠬᠤᠤᠷᠳᠠᠭᠰᠠᠨ ᠤ ᠲᠠᠷᠠᠭ᠎ᠠ ᠠᠮᠢᠰᠬᠤᠯ ᠤᠨ ᠵᠠᠮ ᠢᠶᠠᠨ ᠰᠠᠭᠠᠳ ᠥᠭᠡᠢ ᠪᠠᠶᠢᠯᠭᠠᠵᠤ᠂ ᠤᠴᠦ᠋ᠢᠵᠤ ᠰᠠᠭᠤᠬᠤ ᠪᠤᠶᠤ ᠬᠠᠵᠠᠭᠤᠯᠳᠠᠵᠤ᠂ ᠰᠢᠯᠢ ᠪᠠᠨ ᠬᠠᠨᠳᠠᠷᠠᠬᠤ ᠭᠡᠷᠡᠭᠳᠡᠢ᠃        
     ●ᠠᠮᠢᠰᠬᠤᠯ ᠪᠠ ᠵᠢᠷᠥᠭᠡᠨ ᠴᠤᠬᠢᠯᠭ᠎ᠠ ᠨᠢ ᠵᠤᠭᠰᠤᠭᠴᠢᠳ ᠢ ᠲᠠᠷᠦ᠋ᠢᠬᠠᠨ ᠬᠥᠮᠥᠨ ᠤ ᠬᠥᠴᠤ ᠪᠠᠷ ᠠᠮᠢᠰᠬᠤᠭᠤᠯᠬᠤ ᠪᠤᠶᠤ ᠴᠡᠭᠡᠵᠢᠨ ᠲᠡᠭᠡᠷ᠎ᠡ ᠠᠴᠠ ᠨᠢ ᠵᠢᠷᠥᠭᠡ ᠶᠢ ᠨᠢ ᠲᠠᠷᠤᠯᠬᠢᠯᠠᠵᠤ  ᠠᠪᠤᠷᠠᠯᠳᠠ ᠬᠢᠬᠦ ᠪᠦᠭᠡᠳ ᠡᠪᠡᠳᠴᠢᠳᠡᠨ ᠠᠮᠢᠰᠬᠤᠵᠤ ᠲᠡᠶᠢᠯᠬᠦ ᠪᠠ ᠵᠢᠷᠥᠭᠡᠨ ᠴᠤᠬᠢᠯᠭ᠎ᠠ ᠨᠢ ᠰᠡᠷᠬᠦᠭᠰᠡᠨ ᠤ ᠰᠡᠬᠦᠯᠡᠷ ᠰᠠᠶ᠋ᠢ ᠡᠮᠨᠡᠯᠭᠡ ᠳᠤ ᠬᠦᠷᠭᠡᠵᠤ ᠡᠮᠨᠡᠭᠦᠯᠦᠨ᠎ᠡ᠃          
     ●ᠮᠠᠨᠠᠷᠠᠭᠰᠠᠳ ᠤᠨ ᠬᠥᠮᠥᠨ ᠪᠠᠯᠴᠢᠷ᠂ ᠪᠠᠭᠤᠤ ᠶᠢᠨ ᠪᠠᠯᠴᠢᠷ ᠢ ᠲᠠᠷᠤᠵᠤ ᠥᠭᠬᠦ ᠭᠡᠷᠡᠭᠳᠡᠢ᠂ ᠭᠡᠬᠦ ᠳᠤ 15 ᠰᠺᠦ᠋ᠨ᠋ᠳ᠋ ᠠᠴᠠ ᠭᠡᠳᠥᠷᠡᠬᠦᠯᠵᠤ ᠪᠤᠯᠬᠤ ᠥᠭᠡᠢ᠃        
     ᠲᠤᠰᠬᠠᠢ ᠮᠡᠷᠭᠡᠵᠢᠯᠳᠡᠨ ᠤ ᠰᠠᠨᠠᠭᠤᠯᠤᠮᠵᠢ          
     ◇ᠬᠤᠤᠷᠳᠠᠭᠰᠠᠨ ᠬᠥᠮᠥᠨ ᠢ ᠲᠠᠷᠦ᠋ᠢᠬᠠᠨ ᠰᠢᠨ᠎ᠡ ᠰᠤᠷᠭᠤᠭ ᠠᠭᠠᠷ ᠲᠠᠢ ᠭᠠᠵᠠᠷ ᠲᠤ ᠰᠢᠯᠵᠢᠭᠦᠯᠤᠨ᠎ᠠ᠃        
     ◇ᠡᠮᠨᠡᠯᠭᠡ ᠶᠢᠨ ᠬᠤᠷᠢᠶᠠᠨ ᠤ ᠡᠮᠴᠢᠯᠡᠭᠡ ᠪᠤᠯ ᠰᠡᠳᠡᠯᠳᠡ ᠶᠢᠨ ᠴᠢᠨᠠᠷᠳᠠᠢ ᠭᠡᠢ ᠪᠡᠶᠡᠳᠤ ᠶᠢᠨ ᠬᠤᠤᠷᠳᠠᠯ ᠠᠴᠠ ᠠᠪᠤᠷᠠᠬᠤ ᠶᠢᠨ ᠵᠠᠩᠬᠢᠯᠠᠭ᠎ᠠ ᠪᠤᠯᠤᠨ᠎ᠠ᠃        
     ◇ᠬᠤᠤᠷᠳᠤ ᠡᠳ᠋ ᠲᠠᠢ ᠤᠢᠢᠷᠠᠳᠤᠭᠰᠠᠤᠨ ᠢ ᠨᠢᠬᠳᠠ ᠠᠵᠢᠭᠯᠠᠨ ᠪᠠᠶᠢᠴᠠᠭᠠᠵᠤ᠂ ᠰᠠᠶᠢᠳᠤᠷ ᠠᠮᠠᠷᠠᠭᠠᠵᠤ᠂ ᠡᠪᠡᠳᠴᠢᠨ ᠬᠥᠳᠡᠯᠬᠦ ᠶᠢ ᠰᠡᠷᠭᠡᠶᠢᠯᠡᠨ᠎ᠡ᠃  

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ